ᠬᠦᠪᠳᠦᠷᠤᠤ ᠲᠠᠢ ᠡᠪᠡᠳᠴᠢᠳᠠᠳ ᠢᠳᠡᠬᠡᠨ ᠤᠮᠳᠠᠭᠠᠨ ᠢᠶᠠᠨ ᠨᠡᠩ ᠢᠯᠡᠬᠦᠦ ᠠᠩᠬᠠᠷᠬᠤ ᠴᠢᠬᠤᠯᠠᠳᠠᠢ
ᠨᠡᠶᠢᠲᠡᠯᠡᠭᠰᠡᠨ ᠴᠠᠭ᠄
2025/6/9
    ᠬᠦᠪᠳᠦᠷᠤᠤ ᠲᠠᠢ ᠡᠪᠡᠳᠴᠢᠳᠠᠳ ᠤᠭᠤᠷᠠᠭ ᠂ ᠸᠢᠲ᠋ᠠᠮᠢᠨ B 12 ᠂ ᠲᠡᠮᠦᠷ ᠨᠥᠬᠦᠬᠦ ᠭᠡᠷᠡᠭᠳᠡᠢ ᠃ ᠵᠠᠷᠢᠮ ᠢᠳᠡᠭᠡᠨ ᠤᠮᠳᠠᠭᠠᠨ ᠨᠢ ᠬᠦᠪᠳᠦᠷᠤᠤ ᠡᠪᠡᠳᠴᠢᠨ ᠤᠯᠬᠤ ︽ ᠲᠦᠷᠭᠡᠳᠭᠡᠭᠦᠷ ︾ ᠪᠠᠶᠢᠵᠤ ᠮᠡᠳᠡᠨ᠎ᠡ ᠂ ᠡᠶᠢᠮᠤ ᠪᠠᠷ ᠢᠶᠠᠨ ᠳᠤᠤᠷᠡᠬᠢ ᠭᠤᠷᠪᠠᠨ ᠲᠥᠷᠥᠯ ᠤᠨ ᠬᠦᠮᠦᠰ ᠢᠳᠡᠵᠦ ᠤᠣᠭᠤᠬᠤ ᠪᠠᠨ ᠰᠠᠶᠢᠳᠤᠷ ᠬᠢᠴᠢᠶᠡᠬᠡᠷᠡᠢ ᠃ ᠡᠳᠦᠷ ᠳᠤᠲᠤᠮ ᠤᠨ ᠠᠮᠢᠳᠤᠷᠠᠯ ᠳᠤᠮᠳᠠ ᠡᠳᠡᠭᠡᠷ ᠢᠳᠡᠭᠡᠨ ᠤᠮᠳᠠᠭᠠᠨ ᠢ ᠢᠳᠡᠪᠡᠯ ᠬᠦᠪᠳᠦᠷᠤᠤ ᠡᠪᠡᠳᠴᠢᠨ ᠤᠯᠬᠤ ᠶᠢᠨ ︽ ᠲᠦᠷᠭᠡᠳᠭᠡᠭᠦᠷ ︾ ᠪᠤᠯᠵᠤ ᠮᠡᠳᠡᠬᠦ ᠳᠤᠯᠠ ᠬᠢᠴᠢᠶᠡᠬᠦ ᠬᠡᠷᠡᠭᠲᠡᠢ ᠃ ᠨᠢᠭᠡ ᠂ ᠠᠭᠤᠰᠭᠢᠨ ᠬᠦᠪᠳᠦᠷᠤᠦ ᠲᠠᠢ ᠬᠦᠮᠦᠰ ᠭᠤᠷᠪᠠᠨ ᠲᠥᠷᠥᠯ ᠤᠨ ᠬᠤᠭᠤᠯᠠ ᠶᠢ ᠳᠤᠲᠠᠭᠤ ᠢᠳᠡᠪᠡᠯ ᠵᠤᠬᠢᠨ᠎ᠠ ᠄ 1. ᠰᠡᠳᠡᠯᠲᠡ ᠶᠢᠨ ᠴᠢᠨᠠᠷᠲᠠᠢ ᠢᠳᠡᠭᠡᠨ ᠄ ᠯᠠᠵᠤᠤ ᠂ ᠨᠠᠷᠢᠨ ᠤᠯᠠᠭᠠᠨ ᠯᠠᠵᠤᠤ ᠂ ᠰᠢᠷᠠᠬᠰᠠᠨ ᠲᠠᠬᠢᠶ᠎ᠠ ᠂ ᠲᠣᠰᠣᠯᠢᠭ ᠪᠣᠣᠪᠤ ᠵᠡᠷᠭᠡ ᠃ 2. ᠳᠠᠪᠤᠰᠤ ᠶᠡᠬᠡᠲᠠᠢ ᠢᠳᠡᠭᠡᠨ ᠄ ᠲᠠᠪᠤᠰᠤᠳᠠᠢ ᠨᠤᠭᠤᠭ᠎ᠠ ᠂ ᠳᠠᠪᠤᠰᠤᠯᠠᠭᠰᠠᠨ ᠮᠢᠬ᠎ᠠ ᠂ ᠳᠠᠪᠤᠰᠤᠯᠠᠭᠰᠠᠨ ᠨᠤᠭᠤᠰᠤᠨ ᠥᠨᠳᠡᠭᠡ ᠵᠡᠷᠭᠡ ᠃ 3. ᠰᠡᠳᠡᠯᠲᠡ ᠶᠢᠨ ᠴᠢᠨᠠᠷᠲᠠᠢ ᠤᠮᠳᠠᠭᠠᠨ ᠄ ᠺᠣᠹᠧ ᠪᠠ ᠰᠡᠳᠡᠯᠲᠡ ᠶᠢᠨ ᠴᠢᠨᠠᠷᠲᠠᠢ ᠤᠮᠳᠠᠭᠠᠨ ᠂ ᠵᠢᠱᠢᠶᠡᠯᠡᠪᠡᠯ ᠥᠳᠬᠡᠨ ᠴᠠᠢ ᠵᠡᠷᠭᠡ ᠃ ᠬᠤᠶᠠᠷ ᠂ ᠪᠠᠮᠪᠠᠢ ᠪᠤᠯᠴᠢᠷᠬᠠᠢ ᠶᠢᠨ ᠬᠦᠪᠳᠦᠷᠤᠦ ᠲᠠᠢ ᠬᠦᠮᠦᠰ ᠢᠤᠳ᠋ᠳᠦ ᠢᠳᠡᠭᠡᠨ ᠢᠳᠡᠬᠦ ᠬᠡᠮᠵᠢᠶ᠎ᠡ ᠪᠠᠨ ᠲᠡᠩᠴᠡᠬᠦᠷᠢᠲᠡᠢ ᠪᠠᠶᠢᠯᠭᠠᠭᠠᠷᠠᠢ ᠃ ᠵᠢᠱᠢᠶᠡᠯᠡᠪᠡᠯ ᠄ ᠤᠯᠠᠭᠠᠨ ᠨᠣᠭᠤᠭ᠎ᠠ ᠂ ᠬᠠᠶᠢᠳᠠᠢ ᠵᠡᠷᠭᠡ ᠳᠠᠯᠠᠢ ᠶᠢᠨ ᠨᠤᠭᠤᠭ᠎ᠠ ᠪᠣᠯᠤᠨ ᠢᠤᠳ᠋ ᠲᠠᠢ ᠳᠠᠪᠤᠰᠤ ᠶᠢ ᠵᠤᠬᠢᠬᠤ ᠬᠡᠮᠵᠢᠶ᠎ᠡ ᠪᠠᠷ ᠢᠳᠡᠪᠡᠯ ᠰᠠᠶᠢᠨ ᠃ ᠢᠤᠳ᠋ ᠦᠭᠡᠢ ᠳᠠᠪᠤᠰᠤ ᠢᠳᠡᠵᠦ ᠂ ᠢᠤᠳ᠋ ᠪᠠᠭ᠎ᠠ ᠢᠳᠡᠭᠡᠨ ᠤᠮᠳᠠᠭᠠᠨ ᠂ ᠠᠷᠢᠬᠢ ᠲᠠᠮᠠᠬᠢ ᠂ ᠺᠣᠹᠧ ᠂ ᠥᠳᠬᠡᠨ ᠴᠠᠢ ᠵᠡᠷᠭᠡ ᠰᠡᠲᠡᠯᠲᠡ ᠶᠢᠨ ᠴᠢᠨᠠᠷᠲᠠᠢ ᠢᠳᠡᠭᠡᠨ ᠤᠮᠳᠠᠭᠠᠨ ᠢ ᠴᠡᠭᠡᠷᠯᠡᠬᠦ ᠶᠢ ᠰᠠᠨᠠᠭᠤᠯᠤᠶ᠎ᠠ ᠃ ᠬᠡᠷᠪᠡ ᠪᠠᠮᠪᠠᠢ ᠪᠤᠯᠴᠢᠷᠬᠠᠢ ᠶᠢᠨ ᠬᠦᠪᠳᠦᠷᠤᠦ ᠶᠢᠨ ᠡᠪᠡᠳᠴᠢᠨ ᠲᠠᠢ ᠪᠤᠯ ᠰᠢᠷ᠎ᠠ ᠯᠤᠤᠪᠠᠩ ᠂ ᠣᠷᠢᠶᠠᠮᠠᠯ ᠨᠣᠭᠤᠭ᠎ᠠ ᠳᠤᠲᠠᠭᠤ ᠢᠳᠡᠬᠦ ᠭᠡᠷᠡᠭᠳᠡᠢ ᠂ ᠡᠳᠡᠭᠡᠷ ᠢᠳᠡᠬᠡᠨ ᠨᠢ ᠶᠡᠭᠡ ᠪᠤᠶᠤ ᠪᠠᠭ᠎ᠠ ᠬᠡᠮᠵᠢᠶ᠎ᠡ ᠪᠠᠷ ᠪᠠᠮᠪᠠᠢ ᠪᠤᠯᠴᠢᠷᠬᠠᠢ ᠶᠢᠨ ᠬᠦᠪᠳᠦᠷᠤᠦ ᠶᠢ ᠨᠥᠯᠥᠭᠡᠯᠡᠳᠡᠭ ᠶᠤᠮ ᠃ ᠭᠤᠷᠪᠠ ᠂ ᠬᠥᠬᠦᠨ ᠤ ᠪᠤᠯᠴᠢᠷᠬᠠᠢ ᠶᠢᠨ ᠬᠦᠪᠳᠦᠷᠤᠦ ᠲᠠᠢ ᠬᠦᠮᠦᠰ ᠠᠮᠢᠲᠠᠨ ᠤ ᠤᠭᠤᠷᠠᠭ ᠢᠳᠡᠬᠦ ᠬᠡᠮᠵᠢᠶ᠎ᠡ ᠪᠠᠨ ᠬᠢᠵᠠᠭᠠᠷᠯᠠᠬᠤ ᠬᠡᠷᠡᠭᠳᠡᠢ ᠂ ᠠᠮᠢᠲᠠᠨ ᠤ ᠤᠭᠤᠷᠠᠭ ᠢᠳᠡᠬᠦ ᠬᠡᠮᠵᠢᠶ᠎ᠡ ᠪᠠᠨ ᠬᠢᠵᠠᠭᠠᠷᠯᠠᠬᠤ ᠨᠢ ᠡᠮ᠎ᠡ ᠬᠤᠷᠮᠣᠨ ᠬᠡᠲᠦ ᠶᠡᠭᠡ ᠪᠤᠢ ᠪᠣᠯᠬᠤ ᠠᠴᠠ ᠰᠡᠷᠭᠡᠶᠢᠯᠡᠵᠦ ᠲᠠᠶᠢᠯᠤᠨ᠎ᠠ ᠂ ᠲᠠᠷᠠᠴᠢᠯᠠᠨ ᠬᠥᠬᠦᠨ ᠤ ᠪᠤᠯᠴᠢᠷᠬᠠᠢ ᠶᠢᠨ ᠬᠤᠣᠷᠲᠤ ᠡᠳ᠋ ᠡᠭᠦᠰᠬᠦ ᠶᠢ ᠬᠢᠴᠢᠶᠡᠬᠦ ᠬᠡᠷᠡᠭᠳᠡᠢ ᠃      
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ