| ᠵᠢᠷᠦᠬᠡ ᠴᠢᠰᠤᠨ ᠰᠤᠳᠠᠯ ᠢ ᠬᠠᠮᠠᠭᠠᠯᠠᠬᠤ ᠡᠨᠡ ᠶᠠᠪᠤᠳᠠᠯ ᠳᠡᠭᠡᠷ᠎ᠡ ᠢᠳᠡᠭᠡᠨ ᠤᠮᠳᠠᠭᠠᠨ ᠪᠣᠯ ᠴᠢᠬᠤᠯᠠ ᠨᠢᠭᠡ ᠭᠤᠭᠴᠤᠭ᠎ᠠ ᠪᠣᠯᠤᠨ᠎ᠠ ᠂ ᠡᠭᠦᠨ ᠳᠤ ︽ ᠳᠠᠪᠤᠰᠤ | ᠪᠠᠭ᠎ᠠ ᠢᠳᠡᠵᠦ ︾ ᠂ ᠪᠠᠭ᠎ᠠ ᠰᠠᠭ᠎ᠠ ︽ ᠺᠠᠯᠢ ︾ ᠨᠦᠬᠦᠬᠦ ᠴᠢᠬᠤᠯᠠᠳᠠᠢ ᠃ ᠺᠠᠯᠢ ᠨᠢ ᠥᠭᠡᠬᠦ ᠬᠠᠳᠠᠭᠠᠯᠠᠬᠳᠠᠨ ᠦᠯᠡᠳᠡᠬᠦ ᠶᠢ ᠪᠠᠭᠠᠰᠬᠠᠨ᠎ᠡ ᠃ ᠺᠠᠯᠢ ᠶᠢᠨ ᠡᠯᠧᠮᠧᠨᠲ ᠨᠢ | ᠥᠭᠡᠬᠦ ᠴᠢᠰᠤᠨ ᠰᠤᠳᠠᠯ ᠤᠨ ᠲᠤᠳᠤᠷ ᠬᠠᠨ᠎ᠠ ᠳᠤ ᠨᠠᠭᠠᠯᠳᠤᠬᠤ ᠂ ᠴᠢᠰᠤᠨ ᠰᠤᠳᠠᠯ ᠢ ᠬᠡᠮᠳᠦᠭᠡᠵᠦ ᠬᠠᠳᠠᠭᠤᠷᠠᠭᠤᠯᠬᠤ ᠶᠢ ᠰᠡᠷᠭᠡᠶᠢᠯᠡᠬᠦ ᠳᠤ ᠲᠤᠰᠠᠯᠠᠨ᠎ᠠ ᠃ ᠺᠠᠯᠢ ᠨᠢ | ᠵᠢᠷᠦᠬᠡᠨ ᠯᠤᠭᠰᠢᠯᠲᠠ ᠶᠢ ᠲᠣᠬᠢᠷᠠᠭᠤᠯᠤᠨ᠎ᠠ ᠃ ᠵᠢᠷᠦᠬᠡᠨ ᠤ ᠬᠡᠪ ᠤᠨ ᠯᠣᠭᠰᠢᠯᠲᠠ ᠪᠠ ᠪᠤᠯᠴᠢᠩ ᠨᠢ ᠬᠡᠪ ᠤᠨ ᠠᠪᠴᠢᠯᠲᠠ ᠳᠤ ᠪᠦᠷ ᠺᠠᠯᠢ ᠂ ᠨᠠᠳ᠋ᠷᠢ ᠵᠡᠷᠭᠡ | ᠢᠶᠤᠨ ᠤ ᠬᠠᠮᠵᠢᠯᠴᠠᠬᠤ ᠦᠢᠯᠡᠳᠦᠯ ᠳᠤ ᠲᠦᠰᠢᠭᠯᠡᠵᠦ ᠪᠠᠶᠢᠳᠠᠭ ᠃ ᠡᠭᠦᠨ ᠠᠴᠠ ᠭᠠᠳᠠᠨ᠎ᠠ ᠂ ᠺᠠᠯᠢ ᠨᠢ ᠪᠠᠰᠠ ᠪᠡᠶ᠎ᠡ ᠶᠢᠨ ᠲᠤᠳᠤᠷᠠᠬᠢ ᠠᠷᠤᠭ ᠶᠠᠰᠤ ᠪᠣᠯᠤᠨ | ᠪᠤᠯᠴᠢᠩ ᠤᠨ ᠬᠥᠳᠡᠯᠭᠡᠭᠡᠨ ᠬᠢᠬᠦ ᠂ ᠵᠢᠷᠦᠬᠡᠨ ᠤ ᠪᠤᠯᠴᠢᠩ ᠤᠨ ᠬᠡᠪ ᠤᠨ ᠪᠤᠰᠤ ᠪᠠᠶᠢᠳᠠᠯ ᠢ ᠰᠡᠷᠭᠡᠶᠢᠯᠡᠬᠦ ᠡᠭᠦᠷᠭᠡ ᠡᠭᠦᠷᠭᠡᠯᠡᠵᠦ ᠪᠠᠶᠢᠳᠠᠭ ᠃ ᠲᠤᠣᠷᠠᠬᠢ ᠬᠡᠳᠦᠨ | ᠲᠦᠷᠦᠯ ᠤᠨ ᠬᠦᠮᠦᠨ ᠺᠠᠯᠢ ᠨᠥᠬᠦᠪᠥᠷᠢᠯᠡᠬᠦ ᠶᠢ ᠤᠨᠴᠠᠭᠠᠢ ᠠᠩᠬᠠᠷᠬᠤ ᠬᠡᠷᠡᠭᠲᠡᠢ ᠃ 1. ᠴᠢᠰᠤᠨ ᠳᠠᠷᠤᠯᠲᠠ ᠪᠠᠷᠢᠮᠵᠢᠶ᠎ᠠ ᠬᠡᠲᠦᠷᠡᠭᠰᠡᠨ ᠬᠦᠮᠦᠨ 2. ᠢᠳᠡᠪᠠᠯ | ᠠᠮᠠᠷᠬᠠᠨ ᠲᠠᠷᠭᠤᠯᠠᠳᠠᠭ ᠬᠦᠮᠦᠨ 3. ᠠᠮᠠᠷᠬᠠᠨ ᠰᠠᠭᠤᠯᠭᠠᠳᠠᠭ ᠬᠦᠮᠦᠨ 4. ᠬᠦᠯᠦᠰᠦ ᠠᠷᠪᠢᠨ ᠭᠠᠷᠳᠠᠭ ᠬᠦᠮᠦᠨ 5. ᠤᠳᠠᠭᠠᠨ ᠴᠢᠨᠠᠷᠲᠠᠢ ᠬᠡᠰᠡᠭ ᠡᠪᠡᠳᠴᠢᠲᠡᠨ | ᠰᠢᠮ᠎ᠡ ᠲᠡᠵᠢᠭᠡᠯ ᠤᠨ ᠲᠤᠰᠬᠠᠶ ᠮᠡᠷᠭᠡᠵᠢᠯᠲᠡᠨ ᠠᠴᠠ ᠢᠳᠡᠭᠡᠨ ᠤᠮᠳᠠᠭᠠᠨ ᠢᠶᠠᠷ ᠺᠠᠯᠢ ᠨᠦᠬᠦᠬᠦ ᠠᠷᠭ᠎ᠠ ᠶᠢ ᠲᠠᠨᠢᠯᠴᠠᠭᠤᠯᠪᠠ ᠄ · ᠡᠳᠦᠷ ᠪᠦᠷᠢ ᠨᠢᠭᠡ ᠵᠢᠩ ᠢᠳᠡᠰᠢᠨ | ᠨᠣᠭᠤᠭ᠎ᠠ ᠂ ᠬᠠᠭᠠᠰ ᠵᠢᠩ ᠵᠢᠮᠢᠰ ᠢᠳᠡᠵᠦ ᠂ ᠠᠯᠢ ᠴᠢᠳᠠᠬᠤ ᠪᠠᠷ ᠨᠢᠭᠡ ᠬᠤᠶᠠᠷ ᠵᠦᠢᠯ ᠤᠨ ᠺᠠᠯᠢ ᠶᠡᠬᠡᠳᠡᠢ ᠢᠳᠡᠰᠢᠨ ᠨᠣᠭᠤᠭ᠎ᠠ ᠢᠳᠡᠵᠦ ᠂ ᠺᠠᠯᠢ ᠶᠢᠨ ᠰᠢᠮ᠎ᠡ | ᠲᠡᠵᠢᠭᠡᠯ ᠤᠨ ᠡᠳ᠋ ᠤᠨ ᠨᠢᠭᠲᠠᠴᠠ ᠪᠠᠷ ᠨᠡᠯᠢᠶᠡᠳ ᠥᠨᠳᠥᠷ ᠵᠢᠮᠢᠰ ᠦᠷᠭᠦᠯᠵᠢ ᠢᠳᠡᠬᠦ ᠬᠡᠷᠡᠭᠳᠡᠢ ᠃ · ᠡᠳᠦᠷ ᠪᠦᠷᠢ ᠠᠳᠠᠭ ᠲᠠᠭᠠᠨ 300 ᠭᠷᠠᠮ ᠴᠡᠪᠡᠷ ᠰᠦ ᠪᠤᠶᠤ | ᠡᠭᠡᠳᠡᠭᠰᠡᠨ ᠰᠦ ᠤᠣᠭᠤᠬᠤ ᠭᠡᠷᠡᠭᠳᠡᠢ ︔ · ᠭᠤᠤᠯ ᠢᠳᠡᠭᠡᠨ ᠳᠡᠭᠡᠨ 1/3~1/2 ᠬᠤᠪᠢ ᠶᠢᠨ ᠪᠤᠷᠴᠠᠭ ᠤᠨ ᠵᠦᠢᠯ ᠪᠠ ᠪᠦᠬᠦ ᠠᠮᠤ ᠶᠢᠨ ᠵᠦᠢᠯᠡᠰ ᠢ ᠢᠳᠡᠵᠦ ᠂ | ᠡᠳᠦᠷ ᠪᠦᠷᠢ 50 ~ 150 ᠭᠷᠠᠮ ᠢᠳᠡᠬᠦ ᠭᠡᠷᠡᠭᠳᠡᠢ ︔ · ᠡᠳᠦᠷ ᠪᠦᠷᠢ 50 ~100 ᠭᠷᠡᠮ ᠲᠦᠮᠦᠰᠦᠨ ᠤ ᠲᠦᠷᠦᠯ ᠢᠳᠡᠬᠦ ᠭᠡᠷᠡᠭᠳᠡᠢ ︔ · ᠵᠦᠢᠯ ᠪᠦᠷᠢ ᠶᠢᠨ | ᠮᠢᠬ᠎ᠠ ᠶᠢ ᠡᠭᠡᠯᠵᠢᠯᠡᠨ ᠢᠳᠡᠵᠦ ᠂ ᠡᠳᠦᠷ ᠪᠦᠷᠢ 70 ~150 ᠭᠷᠠᠮ ᠢᠳᠡᠵᠦ ᠂ ᠡᠳᠦᠷ ᠪᠦᠷᠢ ᠨᠢᠭᠡ ᠲᠠᠬᠢᠶᠠᠨ ᠥᠨᠳᠡᠭᠡ ᠢᠳᠡᠬᠦ ᠬᠡᠷᠡᠭᠳᠡᠢ ᠃ · ᠴᠢᠰᠤᠨ ᠳᠠᠷᠤᠯᠲᠠ | ᠥᠨᠳᠥᠷ ᠡᠪᠡᠳᠴᠢᠲᠡᠨ ᠢᠳᠡᠰᠢᠨ ᠨᠣᠭᠤᠭ᠎ᠠ ᠂ ᠵᠢᠮᠢᠰ ᠵᠢᠴᠢ ᠬᠤᠯᠢᠮᠠᠭ ᠠᠮᠤ ᠵᠤᠬᠢᠬᠤ ᠬᠡᠮᠵᠢᠶ᠎ᠡ ᠪᠠᠷ ᠢᠳᠡᠵᠦ ᠂ ᠡᠩ ᠤᠨ ᠳᠠᠪᠤᠰᠤ ᠢᠳᠡᠵᠦ ᠪᠠᠶᠢᠬᠰᠠᠨ ᠢᠶᠠᠨ | ᠨᠠᠳ᠋ᠷᠢ ᠪᠠᠭ᠎ᠠ ᠺᠠᠯᠢ ᠶᠡᠭᠡ ᠳᠠᠪᠤᠰᠤ ᠢᠳᠡᠬᠦ ᠪᠣᠯᠭᠠᠨ ᠬᠤᠪᠢᠷᠠᠭᠤᠯᠵᠤ ᠪᠣᠯᠤᠨ᠎ᠠ ᠃ | | |