ᠸᠠᠭᠠᠷᠤᠨ ᠯᠣᠩᠬᠤ
ᠨᠡᠶᠢᠲᠡᠯᠡᠭᠰᠡᠨ ᠴᠠᠭ᠄
2025/4/30
     ᠵᠡᠭᠦᠨᠭᠠᠷ ᠬᠤᠰᠢᠭᠤᠨ ᠤ ᠾᠧ ᠵᠢᠶᠠ ᠱᠠ ᠪᠧᠢ ᠶᠢᠨ ᠪᠠᠭᠤᠷᠢᠨ ᠠᠴᠠ ᠣᠯᠳᠠᠭᠰᠠᠨ ᠡᠳᠦᠭᠡ ᠠᠴᠠ 6500 ~6000 ᠵᠢᠯ ᠤᠨ ᠡᠮᠦᠨᠡᠬᠢ ᠰᠢᠨ᠎ᠡ ᠴᠢᠯᠠᠭᠤᠨ ᠵᠡᠪᠰᠡᠭ ᠤᠨ ᠦᠶ᠎ᠡ ᠶᠢᠨ ᠸᠠᠭᠠᠷᠤᠨ ᠯᠣᠩᠬᠤ ᠃ ᠠᠮᠠᠰᠠᠷ ᠤᠨ ᠳ᠋ᠢᠶᠠᠮᠧᠳ᠋ᠷ ᠨᠢ 6.6cm ᠂ ᠢᠷᠤᠭᠠᠷ ᠤᠨ ᠳ᠋ᠢᠶᠠᠮᠧᠳ᠋ᠷ ᠨᠢ 8.3cm ᠂ ᠦᠨᠳᠦᠷ ᠨᠢ 47.5cm ᠃ ᠰᠢᠪᠠᠷ ᠬᠢᠴᠡᠲᠡᠢ ᠤᠯᠠᠭᠠᠨ ᠸᠠᠭᠠᠷ ᠂ ᠠᠮᠠᠰᠠᠷ ᠪᠠᠭ᠎ᠠ ᠂ ᠢᠷᠮᠡᠭ ᠨᠤᠭᠤᠷᠬᠠᠢ ᠂ ᠭᠡᠳᠡᠰᠦ ᠪᠦᠮᠪᠦᠭᠡᠷ ᠂ ᠢᠷᠤᠭᠠᠷ ᠲᠡᠭᠰᠢ ᠂ ᠨᠢᠭᠤᠷ ᠴᠤᠯᠭᠤᠢ ᠂ ᠢᠯᠢᠵᠦ ᠭᠦᠯᠡᠶᠢᠯᠭᠡᠵᠡᠢ ᠂ ᠬᠤᠶᠠᠷ ᠲᠠᠯ᠎ᠠ ᠳᠤᠨᠢ ᠰᠡᠨᠵᠢ ᠲᠠᠢ ᠃ ᠤᠰᠤ ᠠᠭᠤᠯᠬᠤ ᠂ ᠵᠦᠭᠡᠭᠡᠪᠦᠷᠢᠯᠡᠬᠦ ᠪᠠᠭᠠᠵᠢ ᠮᠦᠨ ᠃ ᠭᠠᠳᠠᠭᠰᠢ ᠨᠤᠭᠤᠯᠠᠭᠰᠠᠨ ᠢᠷᠮᠡᠭ ᠂ ᠬᠤᠶᠠᠷ ᠰᠡᠨᠵᠢ ᠂ ᠢᠷᠤᠭᠠᠷ ᠱᠣᠪᠲᠣᠩ ᠬᠢᠳᠡᠭ ᠤᠨ ᠤᠴᠢᠷ ᠪᠣᠯ ᠰᠠᠪᠠᠨ ᠳᠤ ᠳᠡᠭᠡᠰᠦ ᠣᠷᠣᠭᠤᠯᠵᠤ ᠤᠰᠤ ᠪᠠᠨ ᠵᠦᠭᠡᠭᠡᠪᠦᠷᠢᠯᠡᠬᠦ ᠶᠢᠨ ᠲᠦᠯᠦᠭᠡ ᠂ ᠠᠮᠠᠰᠠᠷ ᠪᠠᠭ᠎ᠠ ᠬᠢᠳᠡᠭ ᠤᠨ ᠤᠴᠢᠷ ᠪᠣᠯ ᠠᠰᠬᠠᠭᠳᠠᠵᠤ ᠴᠠᠯᠭᠢᠭᠳᠠᠬᠤ ᠠᠴᠠ ᠬᠢᠴᠢᠶᠡᠭᠰᠡᠨ ᠤ ᠶᠤᠮ ᠃
 文化宝库1(1).jpg    
ᠢᠷᠡᠯᠲᠡ᠄ ᠣᠷᠳᠣᠰ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠵᠠᠰᠠᠭ ᠤᠨ ᠶᠠᠪᠤᠳᠠᠯ ᠤᠨ ᠮᠣᠩᠭᠤᠯ ᠬᠡᠯᠡᠨ ᠤ ᠰᠦᠯᠵᠢᠶ᠎ᠡ