| ᠰᠢᠨᠬᠤᠸᠠ ᠬᠤᠷᠢᠶ᠎ᠠ ᠶᠢᠨ ᠫᠨᠤᠮ ᠪᠧᠩ ᠤᠨ 4 ᠰᠠᠷ᠎ᠠ ᠶᠢᠨ 17 ᠤ ᠴᠠᠭᠢᠯᠭᠠᠨ ᠮᠡᠳᠡᠭᠡ ᠲᠤᠬᠠᠢ ᠶᠢᠨ ᠭᠠᠵᠠᠷ ᠤᠨ ᠴᠠᠭ ᠢᠶᠠᠷ 4 ᠰᠠᠷ᠎ᠠ ᠶᠢᠨ 17 ᠤ | ᠦᠳᠡ ᠶᠢᠨ ᠡᠮᠦᠨ᠎ᠡ ᠂ ᠤᠯᠤᠰ ᠤᠨ ᠲᠡᠷᠢᠭᠦᠯᠡᠭᠴᠢ ᠰᠢ ᠶᠢᠨ ᠫᠢᠩ ᠲᠤᠰᠬᠠᠢ ᠨᠢᠰᠬᠡᠯ ᠢᠶᠠᠷ ᠫᠨᠤᠮ ᠪᠧᠩ ᠳᠤ ᠬᠦᠷᠴᠦ ᠂ ᠺᠠᠮᠪᠤᠵᠠ ᠶᠢᠨ ᠤᠯᠤᠰ ᠤᠨ ᠸᠠᠩ | ᠰᠢᠬᠠᠮᠦᠨᠢ ᠶᠢᠨ ᠤᠷᠢᠯᠭ᠎ᠠ ᠪᠠᠷ ᠺᠠᠮᠪᠤᠵᠠ ᠳᠤ ᠲᠦᠷᠦ ᠶᠢᠨ ᠶᠠᠪᠤᠳᠠᠯ ᠤᠨ ᠠᠶᠢᠯᠴᠢᠯᠠᠯᠲᠠ ᠬᠢᠪᠡ ᠃ | | ᠲᠤᠬᠠᠢ ᠶᠢᠨ ᠭᠠᠵᠠᠷ ᠤᠨ ᠴᠠᠭ ᠢᠶᠠᠷ 4 ᠰᠠᠷ᠎ᠠ ᠶᠢᠨ 17 ᠤ ᠦᠳᠡ ᠶᠢᠨ ᠡᠮᠦᠨ᠎ᠡ ᠂ ᠤᠯᠤᠰ ᠤᠨ ᠲᠡᠷᠢᠭᠦᠯᠡᠭᠴᠢ ᠰᠢ ᠶᠢᠨ ᠫᠢᠩ ᠲᠤᠰᠬᠠᠢ ᠨᠢᠰᠬᠡᠯ ᠢᠶᠠᠷ ᠫᠨᠤᠮ | ᠪᠧᠩ ᠳᠤ ᠬᠦᠷᠴᠦ ᠂ ᠺᠠᠮᠪᠤᠵᠠ ᠶᠢᠨ ᠤᠯᠤᠰ ᠤᠨ ᠸᠠᠩ ᠰᠢᠬᠠᠮᠦᠨᠢ ᠶᠢᠨ ᠤᠷᠢᠯᠭ᠎ᠠ ᠪᠠᠷ ᠺᠠᠮᠪᠤᠵᠠ ᠳᠤ ᠲᠦᠷᠦ ᠶᠢᠨ ᠶᠠᠪᠤᠳᠠᠯ ᠤᠨ ᠠᠶᠢᠯᠴᠢᠯᠠᠯᠲᠠ ᠬᠢᠪᠡ ᠃ | ᠤᠯᠤᠰ ᠤᠨ ᠸᠠᠩ ᠰᠢᠬᠠᠮᠦᠨᠢ ᠰᠢᠶᠠᠺᠠᠫᠧᠩ ᠴᠢᠨ ᠸᠠᠩ ᠂ ᠠᠯᠤᠨ ᠭᠦᠩᠵᠦ ᠵᠡᠷᠭᠡ ᠸᠠᠩ ᠤᠨ ᠤᠭᠰᠠᠭᠠᠨ ᠤ ᠪᠦᠷᠢᠯᠳᠦᠭᠦᠨ ᠂ ᠠᠷᠠᠳ ᠤᠨ ᠨᠠᠮ ᠤᠨ ᠲᠡᠷᠢᠭᠦᠯᠡᠭᠴᠢ ᠂ | ᠳᠡᠭᠡᠳᠦ ᠵᠥᠪᠯᠡᠯ ᠤᠨ ᠲᠡᠷᠢᠭᠦᠯᠡᠭᠴᠢ ᠬᠤᠩᠰᠧᠨ ᠂ ᠤᠯᠤᠰ ᠤᠨ ᠬᠤᠷᠠᠯ ᠤᠨ ᠨᠢᠭᠡᠳᠦᠭᠡᠷ ᠳᠡᠳ᠋ ᠲᠡᠷᠢᠭᠦᠯᠡᠭᠴᠢ ᠴᠢᠶᠠᠨᠶᠧ ᠵᠢᠴᠢ ᠭᠦᠸᠧᠰᠥ᠋ᠸᠧᠫᠠ ᠂ | ᠪᠦᠯᠠᠰᠥ᠋ᠤᠤᠺᠦ᠋ᠨ ᠂ ᠬᠠᠨᠴᠦᠨᠨᠠᠷᠤ᠋ ᠂ ᠱᠣᠣᠰᠦ᠋ᠸᠧᠺᠠ ᠂ ᠬᠤᠩᠮᠠᠨᠠᠢ ᠵᠡᠷᠭᠡ ᠲᠠᠪᠤᠨ ᠳᠡᠳ᠋ ᠲᠡᠷᠢᠭᠦᠨ ᠰᠠᠶᠢᠳ ᠢ ᠳᠠᠭᠠᠭᠤᠯᠤᠨ ᠨᠢᠰᠬᠡᠯ ᠤᠨ ᠪᠠᠭᠤᠳᠠᠯ ᠳᠤ | ᠬᠠᠯᠠᠭᠤᠨ ᠢᠶᠠᠷ ᠤᠭᠲᠤᠪᠠ ᠃ ᠵᠢᠷᠤᠭ ᠪᠣᠯ ᠰᠢ ᠶᠢᠨ ᠫᠢᠩ ᠰᠢᠬᠠᠮᠤᠨᠢ ᠲᠠᠢ ᠳᠣᠲᠣᠨᠣᠰᠤᠭ ᠢᠶᠠᠷ ᠭᠠᠷ ᠠᠳᠬᠤᠵᠤ ᠪᠠᠶᠢᠭ᠎ᠠ ᠨᠢ ᠃ | ᠰᠢᠨᠬᠤᠸᠠ ᠬᠤᠷᠢᠶ᠎ᠠ ᠶᠢᠨ ᠰᠤᠷᠪᠤᠯᠵᠢᠯᠠᠬᠴᠢ ᠰᠢᠶᠧ ᠬᠤᠸᠠᠨ ᡂᠢ ᠰᠡᠭᠦᠳᠡᠷᠯᠡᠪᠡ | ᠰᠢ ᠶᠢᠨ ᠫᠢᠩ ᠲᠤᠰᠬᠠᠢ ᠨᠢᠰᠬᠡᠯ ᠢᠶᠠᠷ ᠫᠨᠤᠮ ᠪᠧᠩ ᠤᠯᠠᠨ ᠤᠯᠤᠰ ᠤᠨ ᠨᠢᠰᠬᠡᠯ ᠤᠨ ᠪᠠᠭᠤᠳᠠᠯ ᠳᠤ ᠬᠦᠷᠬᠦ ᠦᠶ᠎ᠡ ᠳᠤ ᠤᠯᠤᠰ ᠤᠨ ᠸᠠᠩ ᠰᠢᠬᠠᠮᠦᠨᠢ | ᠰᠢᠶᠠᠺᠠᠫᠧᠩ ᠴᠢᠨ ᠸᠠᠩ ᠂ ᠠᠯᠤᠨ ᠭᠦᠩᠵᠦ ᠵᠡᠷᠭᠡ ᠸᠠᠩ ᠤᠨ ᠤᠭᠰᠠᠭᠠᠨ ᠤ ᠪᠦᠷᠢᠯᠳᠦᠭᠦᠨ ᠂ ᠠᠷᠠᠳ ᠤᠨ ᠨᠠᠮ ᠤᠨ ᠲᠡᠷᠢᠭᠦᠯᠡᠭᠴᠢ ᠂ ᠳᠡᠭᠡᠳᠦ ᠵᠥᠪᠯᠡᠯ ᠤᠨ | ᠲᠡᠷᠢᠭᠦᠯᠡᠭᠴᠢ ᠬᠤᠩᠰᠧᠨ ᠂ ᠤᠯᠤᠰ ᠤᠨ ᠬᠤᠷᠠᠯ ᠤᠨ ᠨᠢᠭᠡᠳᠦᠭᠡᠷ ᠳᠡᠳ᠋ ᠲᠡᠷᠢᠭᠦᠯᠡᠭᠴᠢ ᠴᠢᠶᠠᠨᠶᠧ ᠵᠢᠴᠢ ᠭᠦᠸᠧᠰᠥ᠋ᠸᠧᠫᠠ ᠂ ᠪᠦᠯᠠᠰᠥ᠋ᠤᠤᠺᠦ᠋ᠨ ᠂ ᠬᠠᠨᠴᠦᠨᠨᠠᠷᠤ᠋ ᠂ | ᠱᠣᠣᠰᠦ᠋ᠸᠧᠺᠠ ᠂ ᠬᠤᠩᠮᠠᠨᠠᠢ ᠵᠡᠷᠭᠡ ᠲᠠᠪᠤᠨ ᠳᠡᠳ᠋ ᠲᠡᠷᠢᠭᠦᠨ ᠰᠠᠶᠢᠳ ᠢ ᠳᠠᠭᠠᠭᠤᠯᠤᠨ ᠨᠢᠰᠬᠡᠯ ᠤᠨ ᠪᠠᠭᠤᠳᠠᠯ ᠳᠤ ᠢᠷᠡᠵᠤ ᠬᠠᠯᠠᠭᠤᠨ ᠢᠶᠠᠷ ᠤᠭᠲᠤᠪᠠ ᠃ | ᠶᠣᠰᠣᠯᠠᠯ ᠤᠨ ᠴᠡᠷᠢᠭ ᠤᠯᠠᠭᠠᠨ ᠬᠡᠪᠢᠰ ᠤᠨ ᠬᠤᠶᠠᠷ ᠲᠠᠯ᠎ᠠ ᠪᠠᠷ ᠵᠢᠭᠰᠠᠪᠠ ᠃ ᠺᠠᠮᠪᠤᠵᠠ ᠶᠢᠨ ᠸᠠᠩ ᠤᠨ ᠤᠭᠰᠠᠭ᠎ᠠ ᠶᠢᠨ ᠵᠧᠨᠨᠠ ᠭᠦᠩᠵᠦ ᠰᠢ ᠶᠢᠨ ᠫᠢᠩ ᠳᠤ | ᠮᠡᠯᠡᠷᠡᠭ ᠴᠡᠴᠡᠭ ᠤᠨ ᠪᠠᠭᠤᠪᠴᠢ ᠬᠦᠷᠭᠡᠵᠦ ᠂ ᠵᠠᠯᠠᠭᠤ ᠡᠮᠡᠭᠲᠡᠢ ᠵᠠᠮ ᠳᠠᠭᠠᠤ ᠤᠯᠠᠭᠠᠨ ᠬᠡᠪᠢᠰ ᠳᠡᠭᠡᠷ᠎ᠡ ᠴᠡᠴᠡᠭ ᠤᠨ ᠬᠡᠯᠲᠡᠰ ᠰᠠᠴᠤᠪᠠ ᠃ | ᠰᠢᠬᠠᠮᠦᠨᠢ ᠨᠢᠰᠬᠡᠯ ᠤᠨ ᠪᠠᠭᠤᠳᠠᠯ ᠳᠤ ᠰᠢ ᠶᠢᠨ ᠫᠢᠩ ᠢ ᠤᠭᠲᠤᠬᠤ ᠦᠪᠡᠳᠡᠭᠰᠢ ᠶᠡᠭᠡ ᠶᠣᠰᠣᠯᠠᠯ ᠶᠠᠪᠤᠭᠤᠯᠪᠠ ᠃ | | ᠲᠤᠬᠠᠢ ᠶᠢᠨ ᠭᠠᠵᠠᠷ ᠤᠨ ᠴᠠᠭ ᠢᠶᠠᠷ 4 ᠰᠠᠷ᠎ᠠ ᠶᠢᠨ 17 ᠤ ᠦᠳᠡ ᠶᠢᠨ ᠡᠮᠦᠨ᠎ᠡ ᠂ ᠤᠯᠤᠰ ᠤᠨ ᠲᠡᠷᠢᠭᠦᠯᠡᠭᠴᠢ ᠰᠢ ᠶᠢᠨ ᠫᠢᠩ ᠲᠤᠰᠬᠠᠢ ᠨᠢᠰᠬᠡᠯ ᠢᠶᠠᠷ ᠫᠨᠤᠮ | ᠪᠧᠩ ᠳᠤ ᠬᠦᠷᠴᠦ ᠂ ᠺᠠᠮᠪᠤᠵᠠ ᠶᠢᠨ ᠤᠯᠤᠰ ᠤᠨ ᠸᠠᠩ ᠰᠢᠬᠠᠮᠦᠨᠢ ᠶᠢᠨ ᠤᠷᠢᠯᠭ᠎ᠠ ᠪᠠᠷ ᠺᠠᠮᠪᠤᠵᠠ ᠳᠤ ᠲᠦᠷᠦ ᠶᠢᠨ ᠶᠠᠪᠤᠳᠠᠯ ᠤᠨ ᠠᠶᠢᠯᠴᠢᠯᠠᠯᠲᠠ ᠬᠢᠪᠡ ᠃ | ᠰᠢᠬᠠᠮᠦᠨᠢ ᠨᠢᠰᠬᠡᠯ ᠤᠨ ᠪᠠᠭᠤᠳᠠᠯ ᠳᠤ ᠰᠢ ᠶᠢᠨ ᠫᠢᠩ ᠢ ᠤᠭᠲᠤᠬᠤ ᠦᠪᠡᠳᠡᠭᠰᠢ ᠶᠡᠭᠡ ᠶᠣᠰᠣᠯᠠᠯ ᠶᠠᠪᠤᠭᠤᠯᠪᠠ ᠃ ᠵᠢᠷᠤᠭ ᠪᠣᠯ ᠰᠢ ᠶᠢᠨ ᠫᠢᠩ ᠰᠢᠬᠠᠮᠦᠨᠢ ᠶᠢᠨ ᠪᠠᠷ᠎ᠠ | ᠪᠤᠯᠤᠯᠭ᠎ᠠ ᠲᠠᠢ ᠪᠠᠷ ᠶᠣᠰᠣᠯᠠᠯ ᠤᠨ ᠠᠩᠭᠢ ᠶᠢ ᠰᠢᠯᠭᠠᠨ ᠦᠵᠡᠵᠦ ᠪᠠᠶᠢᠭ᠎ᠠ ᠨᠢ ᠃ | ᠰᠢᠨᠬᠤᠸᠠ ᠬᠤᠷᠢᠶ᠎ᠠ ᠶᠢᠨ ᠰᠤᠷᠪᠤᠯᠵᠢᠯᠠᠬᠴᠢ ᠰᠢᠶᠧ ᠬᠤᠸᠠᠨ ᡂᠢ ᠰᠡᠭᠦᠳᠡᠷᠯᠡᠪᠡ | ᠬᠤᠶᠠᠷ ᠤᠯᠤᠰ ᠤᠨ ᠲᠡᠷᠢᠭᠦᠨ ᠰᠢᠯᠭᠠᠨ ᠦᠵᠡᠬᠦ ᠲᠠᠶᠢᠰᠠᠨ ᠳᠤ ᠭᠠᠷᠪᠠ ᠃ ᠴᠡᠷᠢᠭ ᠤᠨ ᠬᠥᠭᠵᠢᠮ ᠤᠨ ᠪᠦᠯᠭᠦᠮ ᠳᠤᠮᠳᠠᠳᠤ ᠺᠠᠮᠪᠤᠵᠠ ᠬᠤᠶᠠᠷ ᠤᠯᠤᠰ ᠤᠨ | ᠰᠦᠯᠳᠡ ᠳᠠᠭᠤᠤ ᠶᠢ ᠬᠥᠭᠵᠢᠮᠳᠡᠪᠡ ᠃ ᠰᠢ ᠶᠢᠨ ᠫᠢᠩ ᠰᠢᠬᠠᠮᠦᠨᠢ ᠶᠢᠨ ᠪᠠᠷ᠎ᠠ ᠪᠤᠯᠤᠯᠭ᠎ᠠ ᠲᠠᠢ ᠪᠠᠷ ᠶᠣᠰᠣᠯᠠᠯ ᠤᠨ ᠠᠩᠭᠢ ᠶᠢ ᠰᠢᠯᠭᠠᠨ ᠦᠵᠡᠪᠡ ᠃ ᠬᠤᠶᠠᠷ | ᠤᠯᠤᠰ ᠤᠨ ᠲᠡᠷᠢᠭᠦᠨ ᠲᠤᠰ ᠲᠤᠰ ᠨᠦᠭᠦᠭᠡ ᠲᠠᠯ᠎ᠠ ᠶᠢᠨ ᠪᠠᠷ᠎ᠠ ᠪᠣᠯᠣᠭᠰᠠᠳ ᠲᠠᠢ ᠭᠠᠷ ᠠᠳᠬᠤᠨ ᠮᠡᠨᠳᠦᠴᠢᠯᠡᠪᠡ ᠃ | ᠲᠤᠬᠠᠢ ᠶᠢᠨ ᠭᠠᠵᠠᠷ ᠤᠨ ᠬᠡᠳᠦᠨ ᠵᠠᠭᠤᠨ ᠠᠷᠠᠳ ᠤᠯᠠᠨ ᠬᠤᠶᠠᠷ ᠤᠯᠤᠰ ᠤᠨ ᠲᠤᠭ ᠢ ᠬᠤᠷᠦ᠋ᠢᠯᠠᠵᠤ ᠂ ︽ ᠺᠠᠮᠪᠤᠵᠠ ᠳᠤᠮᠳᠠᠳᠤ ᠶᠢᠨ ᠨᠥᠬᠦᠷᠯᠡᠯ ᠂ | ᠪᠦᠯᠬᠦᠮᠳᠡᠯ ᠂ ᠬᠠᠮᠲᠤᠷᠠᠯᠴᠠᠭ᠎ᠠ ᠮᠠᠨᠳᠤᠲᠤᠭᠠᠢ ︕ ︾ ᠵᠡᠷᠭᠡ ᠤᠯᠠᠭᠠᠨ ᠬᠥᠨᠳᠡᠯᠡᠨ ᠪᠢᠴᠢᠭᠡᠰᠦ ᠶᠢ ᠡᠷᠭᠦᠵᠦ ᠂ ᠰᠢ ᠶᠢᠨ ᠫᠢᠩ ᠤᠨ ᠠᠶᠢᠯᠴᠢᠯᠠᠷ᠎ᠠ ᠢᠷᠡᠭᠰᠡᠨ ᠢ | ᠬᠠᠯᠠᠭᠤᠨ ᠢᠶᠠᠷ ᠤᠭᠲᠤᠪᠠ ᠃ | ᠰᠢ ᠶᠢᠨ ᠫᠢᠩ ᠪᠢᠴᠢᠭ ᠤᠨ ᠭᠡᠯᠪᠡᠷᠢ ᠪᠠᠷ ᠶᠠᠷᠢᠶ᠎ᠠ ᠲᠠᠯᠪᠢᠵᠤ ᠂ ᠺᠠᠮᠪᠤᠵᠠ ᠶᠢᠨ ᠤᠯᠠᠮᠵᠢᠯᠠᠯᠲᠤ ᠰᠢᠨ᠎ᠡ ᠵᠢᠯ ᠬᠦᠷᠴᠦ ᠢᠷᠡᠬᠦ ᠲᠠᠰᠢᠷᠠᠮ ᠢᠶᠠᠷ ᠺᠠᠮᠪᠤᠵᠠ ᠶᠢᠨ | ᠵᠠᠰᠠᠭ ᠤᠨ ᠣᠷᠳᠣᠨ ᠪᠣᠯᠣᠨ ᠠᠷᠠᠳ ᠲᠦᠮᠡᠨ ᠳᠤ ᠰᠢᠨ᠎ᠡ ᠵᠢᠯ ᠤᠨ ᠰᠠᠶᠢᠨ ᠰᠠᠶᠢᠬᠠᠨ ᠵᠥᠩᠨᠡᠯ ᠳᠡᠪᠰᠢᠭᠦᠯᠪᠡ ᠃ | ᠰᠢ ᠶᠢᠨ ᠫᠢᠩ ᠂ ᠳᠤᠮᠳᠠᠳᠤ ᠺᠠᠮᠪᠤᠵᠠ ᠶᠢᠨ ᠬᠠᠷᠢᠯᠴᠠᠭ᠎ᠠ ᠶᠢ ᠬᠤᠶᠠᠷ ᠤᠯᠤᠰ ᠤᠨ ᠠᠬᠠᠮᠠᠳ ᠨᠢᠭᠡ ᠦᠶ᠎ᠡ ᠶᠢᠨ ᠤᠳᠤᠷᠢᠳᠬᠤ ᠬᠥᠮᠥᠰ ᠪᠡᠶ᠎ᠡ ᠪᠠᠷ ᠢᠶᠠᠨ | ᠴᠣᠭᠴᠠᠯᠠᠨ ᠪᠠᠶᠢᠭᠤᠯᠵᠤ ᠂ ᠨᠠᠷᠢᠨ ᠨᠢᠮᠪᠠᠢ ᠬᠥᠭᠵᠢᠭᠦᠯᠦᠨ ᠬᠠᠮᠠᠭᠠᠯᠠᠵᠤ ᠂ ᠳᠡᠯᠡᠬᠡᠢ ᠶᠢᠨ ᠤᠷᠪᠠᠭᠠᠨ ᠬᠥᠷᠪᠡᠭᠡᠨ ᠲᠠᠢ ᠪᠠᠶᠢᠳᠠᠯ ᠤᠨ ᠰᠢᠯᠭᠠᠯᠲᠠ ᠶᠢ ᠳᠠᠭᠠᠭᠠᠵᠤ ᠂ | ᠢᠮᠠᠭᠲᠠ ᠬᠠᠳᠠ ᠴᠢᠯᠠᠭᠤ ᠮᠡᠲᠦ ᠪᠠᠲᠤ ᠪᠠᠬᠢ ᠪᠠᠶᠢᠨ᠎ᠠ ᠃ ᠬᠤᠶᠠᠷ ᠤᠯᠤᠰ ᠢᠶᠠᠷ ᠢᠶᠠᠨ ᠡᠩ ᠲᠡᠷᠢᠭᠦᠨ ᠳᠤ ᠬᠤᠶᠠᠷ ᠲᠠᠯ᠎ᠠ ᠶᠢᠨ ᠬᠤᠪᠢ ᠵᠠᠶᠠᠭᠠᠨ ᠤ ᠬᠠᠮᠲᠤ ᠶᠢᠨ | ᠴᠣᠭᠴᠠ ᠶᠢ ᠪᠠᠶᠢᠭᠤᠯᠵᠤ ᠂ ᠡᠩ ᠲᠡᠷᠢᠭᠦᠨ ᠳᠤ ︽ ᠨᠢᠭᠡ ᠪᠦᠰᠡ ᠨᠢᠭᠡ ᠵᠠᠮ ︾ ᠢ ᠬᠠᠮᠲᠤ ᠪᠠᠷ ᠪᠦᠲᠦᠭᠡᠨ ᠪᠠᠶᠢᠭᠤᠯᠬᠤ ᠬᠠᠮᠲᠤᠷᠠᠯᠴᠠᠭ᠎ᠠ ᠶᠢ ᠥᠷᠨᠢᠭᠦᠯᠵᠦ ᠂ ᠲᠣᠰ | ᠲᠣᠰ ᠤᠨ ᠤᠯᠤᠰ ᠤᠨ ᠢᠶᠠᠨ ᠲᠣᠭᠲᠠᠭᠤᠨ ᠢ ᠬᠠᠮᠠᠭᠠᠯᠠᠬᠤ ᠂ ᠬᠥᠭᠵᠢᠯ ᠴᠡᠴᠡᠭᠯᠡᠯ ᠢ ᠠᠬᠢᠭᠤᠯᠬᠤ ᠦᠢᠯᠡᠰ ᠳᠤᠮᠳᠠ ᠬᠠᠷᠢᠯᠴᠠᠨ ᠳᠡᠮᠵᠢᠵᠦ ᠂ ᠳᠡᠯᠡᠬᠡᠢ ᠶᠢᠨ ᠲᠥᠪ | ᠭᠤᠤᠯᠴᠢ ᠰᠢᠳᠤᠷᠭᠤ ᠶᠣᠰᠣ ᠶᠢ ᠬᠠᠮᠠᠭᠠᠯᠠᠬᠤ ᠲᠡᠮᠡᠴᠡᠯ ᠳᠤᠮᠳᠠ ᠪᠦᠯᠬᠦᠮᠳᠡᠨ ᠬᠠᠮᠵᠢᠯᠴᠠᠵᠤ ᠂ ᠰᠢᠨ᠎ᠡ ᠭᠡᠯᠪᠡᠷᠢ ᠶᠢᠨ ᠣᠯᠠᠨ ᠤᠯᠤᠰ ᠤᠨ ᠬᠠᠷᠢᠯᠴᠠᠭ᠎ᠠ ᠶᠢ | ᠪᠠᠶᠢᠭᠤᠯᠬᠤ ᠳᠤ ᠬᠡᠪ ᠳᠠᠭᠤᠷᠢᠶᠠᠯ ᠦᠵᠡᠭᠦᠯᠵᠦ ᠂ ᠬᠥᠮᠥᠨ ᠲᠥᠷᠥᠯᠬᠢᠲᠡᠨ ᠤ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠬᠤ ᠶᠢ ᠠᠬᠢᠭᠤᠯᠬᠤ ᠳᠤ | ᠬᠤᠪᠢ ᠨᠡᠮᠡᠷᠢ ᠦᠵᠡᠭᠦᠯᠪᠡ ᠃ ᠪᠢ ᠺᠠᠮᠪᠤᠵᠠ ᠶᠢᠨ ᠤᠳᠤᠷᠢᠳᠬᠤ ᠬᠥᠮᠥᠰ ᠲᠠᠢ ᠨᠥᠬᠦᠷᠯᠡᠯ ᠢᠶᠠᠨ ᠬᠠᠮᠲᠤ ᠪᠠᠷ ᠶᠠᠷᠢᠯᠴᠠᠵᠤ ᠂ ᠬᠥᠭᠵᠢᠯᠲᠡ ᠶᠢ ᠬᠠᠮᠲᠤ ᠪᠠᠷ | ᠡᠷᠢᠯᠬᠢᠯᠡᠵᠦ ᠂ ᠳᠤᠮᠳᠠᠳᠤ ᠺᠠᠮᠪᠤᠵᠠ ᠶᠢᠨ ︽ ᠠᠯᠮᠠᠰ ᠵᠢᠷᠭᠤᠭᠠᠨ ᠲᠠᠯ᠎ᠠ ︾ ᠶᠢᠨ ᠬᠠᠮᠲᠤᠷᠠᠯᠴᠠᠭᠠᠨ ᠤ ᠪᠦᠲᠦᠴᠡ ᠶᠢ ᠲᠠᠰᠤᠷᠠᠯᠳᠠ ᠦᠭᠡᠢ ᠲᠡᠭᠦᠯᠳᠡᠷᠵᠢᠭᠦᠯᠵᠦ ᠂ | ᠪᠠᠶᠢᠯᠳᠤᠬᠤ ᠪᠣᠳᠣᠯᠭ᠎ᠠ ᠶᠢᠨ ᠬᠠᠮᠵᠢᠯᠴᠠᠭ᠎ᠠ ᠪᠠᠨ ᠭᠦᠨᠵᠡᠭᠡᠶᠢᠷᠡᠭᠦᠯᠵᠦ ᠂ ᠬᠤᠶᠠᠷ ᠤᠯᠤᠰ ᠤᠨ ᠠᠷᠠᠳ ᠲᠦᠮᠡᠨ ᠳᠤ ᠨᠡᠩ ᠤᠯᠠᠨ ᠪᠤᠶᠠᠨ ᠦᠢᠯᠡᠳᠴᠦ ᠂ ᠭᠠᠵᠠᠷ | ᠣᠷᠣᠨ ᠴᠢᠨᠠᠭᠰᠢᠯᠠᠪᠠᠯ ᠳᠡᠯᠡᠬᠡᠢ ᠶᠢᠨ ᠡᠩᠬᠡ ᠲᠠᠶᠢᠪᠤᠩ ᠲᠣᠭᠲᠠᠭᠤᠨ ᠳᠤ ᠨᠡᠩ ᠤᠯᠠᠨ ᠢᠳᠡᠪᠬᠢ ᠬᠦᠴᠦᠨ ᠨᠡᠮᠡᠷᠢᠯᠡᠬᠦ ᠶᠢ ᠬᠦᠰᠡᠵᠦ ᠪᠠᠶᠢᠨ᠎ᠠ ᠭᠡᠵᠦ ᠵᠢᠭᠠᠵᠤ | ᠭᠠᠷᠭᠠᠪᠠ ᠃ | ᠼᠠᠢ ᠴᠢ ᠂ ᠸᠠᠩ ᠢ ᠂ ᠸᠠᠩ ᠰᠢᠶᠣᠣ ᠬᠤᠩ ᠵᠡᠷᠭᠡ ᠪᠠᠷ᠎ᠠ ᠪᠣᠯᠣᠭᠰᠠᠳ ᠨᠢᠭᠡ ᠨᠢᠰᠬᠡᠯ ᠢᠶᠠᠷ ᠬᠠᠮᠲᠤ ᠭᠦᠷᠪᠡ ᠃ | ᠺᠠᠮᠪᠤᠵᠠ ᠳᠤ ᠰᠠᠭᠤᠭ᠎ᠠ ᠳᠤᠮᠳᠠᠳᠤ ᠤᠯᠤᠰ ᠤᠨ ᠡᠯᠴᠢᠨ ᠰᠠᠶᠢᠳ ᠸᠠᠩ ᠸᠧᠨ ᠪᠢᠨ ᠪᠠᠰᠠ ᠨᠢᠰᠬᠡᠯ ᠤᠨ ᠪᠠᠭᠤᠳᠠᠯ ᠳᠤ ᠬᠦᠷᠴᠦ ᠤᠭᠲᠤᠪᠠ ᠃ | ᠰᠢ ᠶᠢᠨ ᠫᠢᠩ ᠲᠡᠷᠭᠡᠨ ᠳᠤ ᠰᠠᠭᠤᠵᠤ ᠨᠢᠰᠬᠡᠯ ᠤᠨ ᠪᠠᠭᠤᠳᠠᠯ ᠠᠴᠠ ᠰᠠᠭᠠᠲᠠᠨ ᠪᠠᠭᠤᠬᠤ ᠵᠣᠴᠢᠳ ᠤᠨ ᠪᠠᠭᠤᠳᠠᠯ ᠳᠠᠭᠠᠨ ᠬᠦᠷᠬᠦ ᠵᠠᠮ ᠵᠠᠭᠤᠷ᠎ᠠ ᠳᠤᠮᠳᠠᠳᠤ | ᠺᠠᠮᠪᠤᠵᠠ ᠬᠤᠶᠠᠷ ᠤᠯᠤᠰ ᠤᠨ ᠤᠯᠤᠰ ᠤᠨ ᠲᠤᠭ ᠰᠠᠯᠬᠢᠨ ᠤ ᠠᠶ᠎ᠠ ᠪᠠᠷ ᠨᠠᠮᠢᠷᠠᠨ᠎ᠠ ᠃ ᠲᠤᠬᠠᠢ ᠶᠢᠨ ᠭᠠᠵᠠᠷ ᠤᠨ ᠬᠤᠶᠠᠷ ᠲᠦᠮᠡ ᠭᠠᠷᠤᠢ ᠠᠷᠠᠳ ᠤᠯᠠᠨ ᠵᠢᠴᠢ | ᠳᠤᠮᠳᠠᠳᠤ ᠶᠢᠨ ᠬᠠᠷᠢᠶᠠᠲᠤ ᠳᠤᠮᠳᠠᠳᠤᠴᠤᠳ ᠂ ᠳᠤᠮᠳᠠᠳᠤ ᠶᠢᠨ ᠪᠡᠯᠡᠳᠤ ᠠᠵᠤ ᠠᠬᠤᠶᠢᠯᠠᠯ ᠪᠣᠯᠣᠨ ᠭᠠᠳᠠᠭᠠᠳᠤ ᠳᠤ ᠰᠤᠷᠤᠯᠴᠠᠵᠥ ᠪᠠᠶᠢᠭ᠎ᠠ ᠰᠤᠷᠤᠬᠴᠢᠳ ᠤᠨ | ᠲᠥᠯᠥᠭᠡᠯᠡᠭᠴᠢ ᠵᠡᠭᠡᠯᠢ ᠶᠢᠨ ᠬᠤᠶᠠᠷ ᠲᠠᠯ᠎ᠠ ᠳᠤ ᠬᠤᠷᠠᠨ ᠴᠤᠭᠯᠠᠷᠠᠵᠤ ᠂ ᠳᠤᠮᠳᠠᠳᠤ ᠺᠠᠮᠪᠤᠵᠠ ᠶᠢᠨ ᠤᠯᠤᠰ ᠤᠨ ᠲᠤᠭ ᠢ ᠬᠤᠷᠦ᠋ᠢᠯᠠᠵᠤ ᠂ ᠬᠤᠶᠠᠷ ᠤᠯᠤᠰ ᠤᠨ | ᠤᠳᠤᠷᠢᠳᠬᠤ ᠬᠥᠮᠥᠨ ᠤ ᠭᠡᠷᠡᠯ ᠵᠢᠷᠤᠭ ᠢ ᠠᠳᠬᠤᠵᠤ ᠂ ᠰᠢ ᠶᠢᠨ ᠫᠢᠩ ᠤᠨ ᠠᠶᠢᠯᠴᠢᠯᠠᠷ᠎ᠠ ᠢᠷᠡᠭᠰᠡᠨ ᠢ ᠬᠠᠯᠠᠭᠤᠨ ᠢᠶᠠᠷ ᠤᠭᠲᠤᠪᠠ ᠃ | | | |