ᠭᠤᠷᠪᠠᠨ ᠬᠥᠯᠲᠠᠢ ᠸᠠᠭᠠᠷᠤᠨ ᠪᠤᠲᠤᠩ
ᠨᠡᠶᠢᠲᠡᠯᠡᠭᠰᠡᠨ ᠴᠠᠭ᠄
2025/4/2
     ᠵᠡᠭᠦᠨᠭᠠᠷ ᠬᠤᠰᠢᠭᠤᠨ ᠤ ᠪᠤᠷᠳᠤᠬᠤᠢ ᠠᠴᠠ ᠣᠯᠳᠠᠭᠠᠰᠠᠨ ᠡᠳᠦᠭᠡ ᠠᠴᠠ 4200 ~3500 ᠵᠢᠯ ᠤᠨ ᠡᠮᠦᠨᠡᠬᠢ ᠸᠠᠭᠠᠷᠤᠨ ᠪᠤᠲᠤᠩ ᠃ ᠠᠮᠠᠰᠠᠷ ᠤᠨ ᠳ᠋ᠢᠶᠠᠮᠧᠳ᠋ᠷ ᠨᠢ 26.1cm ᠂ ᠦᠨᠳᠦᠷ ᠨᠢ 53.6 cm ᠃ ᠰᠢᠪᠠᠷ ᠬᠢᠴᠡᠲᠡᠢ ᠬᠥᠬᠡ ᠸᠠᠭᠠᠷ ᠂ ᠬᠤᠮᠪᠠᠭᠠᠷ ᠠᠮᠠᠰᠠᠷ ᠂ ᠦᠨᠳᠡᠭᠡᠨ ᠪᠡᠶ᠎ᠡ ᠲᠠᠢ ᠂ ᠢᠷᠤᠭᠠᠷ ᠲᠤᠨᠢ ᠭᠤᠷᠪᠠᠨ ᠬᠦᠨᠳᠡᠢ ᠬᠥᠯ ᠲᠠᠢ ᠂ ᠪᠦᠬᠦᠯᠢ ᠪᠡᠶᠡᠨ ᠳᠤᠨᠢ ᠵᠢᠰᠢᠭᠦᠦ ᠤᠲᠠᠰᠤᠨ ᠠᠷ ᠲᠠᠢ ᠂ ᠠᠮᠠᠰᠠᠷ ᠤᠨ ᠬᠡᠰᠡᠭ ᠢ ᠨᠢ ᠢᠯᠢᠵᠡᠢ ᠃ ᠵᠢᠷᠦᠬᠡ ᠶᠢᠨ ᠭᠤᠣᠯ ᠤᠨ ᠬᠦᠮᠦᠰ ᠤᠨ ᠭᠡᠷ ᠲᠤ ᠪᠠᠨ ᠲᠠᠯᠪᠢᠵᠦ ᠠᠮᠤ ᠪᠤᠳᠠᠭ᠎ᠠ ᠬᠠᠳᠠᠭᠠᠯᠠᠵᠤ ᠬᠤᠷᠢᠶᠠᠬᠤ ᠰᠠᠪᠠ ᠬᠡᠷᠡᠭᠰᠡᠯ ᠮᠦᠨ ᠃ ᠲᠤᠯᠭ᠎ᠠ ᠲᠣᠭᠤᠭ᠎ᠠ ᠂ ᠭᠤᠷᠪᠠᠨ ᠬᠥᠯᠲᠠᠢ ᠪᠤᠲᠤᠩ ᠂ ᠰᠠᠷᠠᠯᠵᠢᠲᠤ ᠲᠣᠭᠤᠭ᠎ᠠ ᠪᠣᠯ ︽ ᠵᠢᠷᠦᠬᠡ ᠶᠢᠨ ᠭᠤᠣᠯ ᠤᠨ ᠰᠤᠶᠤᠯ ︾ ᠤᠨ ᠬᠦᠮᠦᠰ ᠤᠨ ᠡᠭᠦᠳᠴᠦ ᠪᠦᠲᠦᠭᠡᠭᠰᠡᠨ ᠢᠯᠡ ᠲᠣᠳᠣ ᠣᠨᠴᠠᠯᠢᠭ ᠪᠦᠬᠦᠢ ᠰᠠᠪᠠ ᠬᠡᠷᠡᠭᠰᠡᠯ ᠶᠤᠮ ᠃ ︽ ᠵᠢᠷᠦᠬᠡ ᠶᠢᠨ ᠭᠤᠣᠯ ᠤᠨ ᠰᠤᠶᠤᠯ ︾ ᠣᠷᠴᠢᠨ ᠲᠣᠭᠤᠷᠢᠨ ᠤ ᠣᠷᠣᠨ ᠨᠣᠲᠤᠭ ᠢ ᠨᠦᠯᠦᠭᠡᠯᠡᠭᠰᠡᠨ ᠲᠡᠳᠦᠢ ᠦᠭᠡᠢ ᠂ ᠬᠠᠲᠤᠨ ᠭᠤᠣᠯ ᠳᠠᠭᠠᠤ ᠭᠠᠵᠠᠷ ᠣᠷᠣᠨ ᠂ ᠱᠠᠨᠰᠢ ᠵᠡᠷᠭᠡ ᠭᠠᠵᠠᠷ ᠣᠷᠣᠨ ᠲᠡᠰᠢ ᠦᠷᠭᠡᠵᠢᠵᠦ ᠤᠯᠠᠮᠵᠢᠯᠠᠭᠳᠠᠭᠰᠠᠨ ᠪᠠᠶᠢᠵᠠᠢ ᠃ ᠬᠥᠬᠦᠨ ᠤ ᠪᠠᠶᠢᠳᠠᠯ ᠲᠠᠢ ᠬᠦᠨᠳᠡᠢ ᠭᠤᠷᠪᠠᠨ ᠬᠥᠯ ᠨᠢ ᠢᠳᠡᠭᠡᠨ ᠤᠮᠳᠠᠭᠠᠨ ᠪᠠᠷᠠᠰᠢ ᠦᠭᠡᠢ ᠪᠠᠶᠢᠭᠠᠰᠠᠢ ᠭᠡᠰᠡᠨ ᠪᠡᠯᠭᠡᠳᠡᠯ ᠤᠳᠬ᠎ᠠ ᠲᠠᠢ ᠪᠠᠶᠢᠬ᠎ᠠ ᠃
     文化宝库1(1).jpg   
ᠢᠷᠡᠯᠲᠡ᠄ ᠣᠷᠳᠣᠰ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠵᠠᠰᠠᠭ ᠤᠨ ᠶᠠᠪᠤᠳᠠᠯ ᠤᠨ ᠮᠣᠩᠭᠤᠯ ᠬᠡᠯᠡᠨ ᠤ ᠰᠦᠯᠵᠢᠶ᠎ᠡ