| | ︽ᠬᠦᠢᠯᠡᠰᠦᠨ ᠴᠡᠴᠡᠭ ᠤᠨ ᠪᠠᠶᠠᠷ ᠲᠤ ᠮᠣᠷᠢᠯᠠᠨ ᠰᠠᠭᠠᠲᠠᠭᠰᠠᠨ ᠢ ᠪᠠᠶᠠᠷᠯᠠᠨ ᠤᠭᠲᠤᠵᠤ ᠪᠠᠶᠢᠨ᠎ᠠ ︕︾ AI ᠶᠣᠰᠣᠯᠠᠯ ᠤᠨ ᠮᠠᠰᠢᠨ ᠬᠥᠮᠥᠨ ᠮᠧᠬᠠᠨᠢᠭ | ᠭᠠᠷ ᠢᠶᠠᠨ ᠥᠨᠳᠥᠷ ᠡᠷᠭᠦᠵᠦ ᠂ ᠮᠠᠰᠢᠨ ᠨᠣᠬᠠᠢ ︽ ᠶᠤᠸᠠᠨ ᠶᠤᠸᠠᠨ ︾ ᠰᠡᠭᠦᠯ ᠢᠶᠠᠨ ᠰᠠᠵᠢᠯᠠᠨ ᠂ ᠬᠤᠶᠠᠷ ᠬᠠᠶᠢᠷᠴᠠᠭ ᠭᠦᠢᠯᠡᠰᠦᠨ ᠴᠥᠮ᠎ᠡ ᠶᠢᠨ ᠤᠮᠳᠠᠭᠠᠨ ᠤ | ᠪᠦᠲᠦᠭᠡᠭᠳᠡᠬᠦᠨ ᠢ ᠡᠭᠦᠷᠴᠦ ᠢᠷᠡᠭᠡᠳ ᠵᠣᠴᠢᠳ ᠢᠶᠠᠨ ᠤᠬᠳᠤᠵᠤ ᠪᠠᠶᠢᠯ᠎ᠠ ᠃ 4 ᠰᠠᠷ᠎ᠠ ᠶᠢᠨ 13 ᠤ ᠡᠳᠦᠷ ᠂ ᠵᠡᠭᠦᠨᠭᠠᠷ ᠬᠤᠰᠢᠭᠤᠨ ᠤ ᠱᠠᠬᠳᠠᠷ ᠪᠠᠯᠭᠠᠰᠤ ᠶᠢᠨ | ᠲᠦᠮᠡᠨ ᠮᠦ ᠬᠦᠢᠯᠡᠰᠦᠨ ᠤᠢ ᠶᠢᠨ ᠦᠵᠡᠰᠬᠦᠯᠡᠩ ᠤᠨ ᠬᠦᠷᠢᠶᠡᠯᠡᠩ ᠳᠤ ᠂ ᠰᠢᠨᠵᠢᠯᠡᠬᠦ ᠤᠬᠠᠭᠠᠨ ᠮᠡᠷᠭᠡᠵᠢᠯ ᠪᠣᠯᠣᠨ ᠠᠮᠢ ᠠᠬᠤᠢ ᠶᠢ ᠠᠭᠤᠰᠤᠯᠴᠠᠭᠤᠯᠤᠭᠰᠠᠨ | ᠬᠠᠪᠤᠷ ᠤᠨ ᠦᠪᠡᠳᠡᠭᠰᠢ ᠳᠠᠶᠢᠯᠠᠯᠭ᠎ᠠ ᠡᠬᠢᠯᠡᠯ᠎ᠠ ᠃ | AI ᠲᠣᠭᠠᠨ ᠤ ᠣᠷᠣᠯᠠᠨ ᠥᠭᠦᠯᠡᠭᠴᠢ ︽ ᠯᠦ ᠯᠦ ︾ ᠨᠢ ᠵᠣᠬᠢᠶᠠᠮᠠᠯ ᠵᠠᠮᠴᠢᠯᠠᠭᠴᠢ ᠪᠣᠯᠵᠤ ᠂ ︽ ᠨᠢᠭᠡ ᠰᠠᠭᠤᠷᠢ ᠮᠣᠳᠣᠨ ᠤ ᠬᠦᠴᠦᠨ ︾ ᠂ ︽ ᠨᠢᠭᠡ ᠬᠦᠢᠰ | ᠴᠡᠴᠡᠭ ᠤᠨ ᠠᠶᠠᠨ ︾ ᠂ ︽ ᠨᠢᠭᠡ ᠪᠦᠯᠦᠭ ᠬᠥᠮᠥᠰ ᠤᠨ ᠢᠲᠡᠭᠡᠯ ᠪᠢᠰᠢᠷᠡᠯ ︾ ᠢᠶᠠᠷ ᠭᠤᠣᠯ ᠰᠢᠵᠢᠮ ᠪᠣᠯᠭᠠᠵᠤ ᠂ ᠲᠣᠰ ᠨᠤᠳᠤᠭ ᠤᠰᠤᠨ ᠤ ︽ ᠰᠢᠷ᠎ᠠ ᠡᠯᠡᠰᠦ | ᠬᠤᠶᠢᠯᠠᠷᠠᠵᠤ ︾ ᠪᠠᠶᠢᠭᠰᠠᠨ ᠠᠴᠠ ᠪᠠᠨ ︽ ᠨᠣᠭᠤᠭᠠᠨ ᠲᠡᠯᠡᠶ ᠳᠤᠯᠬᠢᠶᠠᠯᠠᠨ ᠳᠠᠪᠠᠯᠭᠠᠯᠠᠭᠰᠠᠨ ︾ ᠭᠠᠶᠢᠬᠠᠮᠰᠢᠭ ︱ ᠶᠠᠭᠠᠨ ᠴᠠᠭᠠᠨ ᠥᠩᠭᠡ ᠶᠢᠨ ᠴᠡᠴᠡᠭ ᠪᠣᠯᠣᠨ | ᠣᠶᠤᠨᠴᠢ ᠬᠡᠷᠡᠯ ᠵᠢᠷᠤᠭ ᠤᠨ ᠰᠣᠯᠪᠢᠴᠠᠯ ᠢ ᠳᠤᠭᠠᠴᠢᠨ ᠶᠠᠷᠢᠵᠤ ᠂ ︽ ᠠᠮᠢ ᠠᠬᠤᠢ ᠭᠤᠶᠣ ᠰᠠᠶᠢᠬᠠᠨ ᠂ ᠠᠵᠤ ᠦᠢᠯᠡᠰ ᠬᠥᠭᠵᠢᠨ ᠮᠠᠨᠳᠤᠵᠤ ᠂ ᠠᠷᠠᠳ ᠢᠷᠭᠡᠳ | ᠪᠠᠶᠠᠵᠢᠨ ᠴᠢᠨᠡᠭᠡᠯᠢᠭᠵᠢᠭᠰᠡᠨ ︾ ᠤᠮᠠᠷᠠᠲᠤ ᠬᠢᠯᠢ ᠶᠢᠨ ᠰᠢᠨ᠎ᠡ ᠵᠢᠷᠤᠭ ᠠᠭᠠᠵᠢᠮ ᠢᠶᠠᠷ ᠳᠡᠯᠭᠡᠭᠳᠡᠨ᠎ᠠ ᠃ | | ᠵᠢᠷᠤᠭ ᠄ ︽ ᠤᠮᠠᠷᠠᠳᠤ ᠬᠢᠯᠢ ᠳᠤ ᠬᠠᠪᠤᠷ ᠤᠨ ᠤᠷᠢᠨ ᠰᠠᠭᠠᠳᠠᠵᠤ ᠬᠦᠢᠯᠡᠰᠤᠨ ᠴᠡᠴᠡᠭ ᠪᠠᠳᠠᠷᠠᠨ ᠳᠡᠯᠭᠡᠷᠡᠨ᠎ᠠ ︾ ᠭᠡᠬᠦ ᠰᠡᠳᠤᠪᠳᠤ ᠣᠷᠳᠣᠰ ᠤᠨ ᠨᠠᠢᠮᠠᠳᠤᠭᠠᠷ | ᠬᠤᠭᠤᠴᠠᠭᠠᠨ ᠤ ᠬᠦᠢᠯᠡᠰᠦᠨ ᠴᠡᠴᠡᠭ ᠤᠨ ᠨᠠᠶᠢᠷ ᠵᠢᠴᠢ ᠥᠪᠥᠷ ᠮᠣᠩᠭᠤᠯ ᠤᠨ︽ ᠭᠤᠤ ᠶᠤᠸᠠᠨ ᠬᠦᠢᠯᠡᠰᠤᠨ ᠴᠦᠮ᠎ᠠ ᠶᠢᠨ ᠤᠮᠳᠠᠭᠠᠨ︾ ᠤ ᠳᠦᠷᠤᠯ ᠳᠡᠮᠳᠡᠭᠳᠤ ᠶᠢ | ᠡᠭᠦᠳᠦᠭᠰᠡᠨ 40 ᠵᠢᠯ ᠤᠨ ᠤᠢ ᠶᠢ ᠪᠡᠯᠭᠡᠯᠡᠬᠦ ᠠᠵᠢᠯᠯᠠᠭ᠎ᠠ ᠶᠢᠨ ᠠᠬᠤᠢ ᠲᠠᠯᠠᠪᠠᠢ ᠪᠤᠯᠤᠨ᠎ᠠ᠃ ᠪᠦᠦ ᠸᠧᠨ ᠰᠢᠤᠸᠠᠢ ᠰᠡᠭᠦᠳᠡᠷᠯᠡᠪᠡ | | ᠵᠢᠷᠤᠭ ᠄ ᠥᠪᠥᠷ ᠮᠣᠩᠭᠤᠯ ᠤᠨ ᠭᠤᠤ ᠶᠤᠸᠠᠨ ᠬᠦᠢᠯᠡᠰᠤᠨ ᠤᠮᠳᠠᠭᠠᠨ ᠤ ᠬᠢᠵᠠᠭᠠᠷᠲᠤ ᠺᠣᠮᠫᠠᠨᠢ ᠶᠢᠨ ᠬᠦᠢᠯᠡᠰᠤᠨ ᠤᠢ ᠶᠢᠨ ᠰᠠᠭᠤᠷᠢᠨ ᠭᠠᠵᠠᠷ ᠪᠤᠯᠤᠨ᠎ᠠ ᠃ ᠪᠦᠦ | ᠸᠧᠨ ᠰᠢᠤᠸᠠᠢ ᠰᠡᠭᠦᠳᠡᠷᠯᠡᠪᠡ | ᠲᠦᠮᠡᠨ ᠮᠦ ᠬᠦᠢᠯᠡᠰᠦᠨ ᠣᠶ ᠶᠢᠨ ᠭᠦᠨ ᠳᠤ ᠂ AI ᠤᠨ ᠬᠢᠭᠰᠡᠨ ᠤᠰᠤᠨ ᠪᠡᠭᠡ ᠶᠢᠨ ᠣᠬᠤᠷ ᠸᠢᠳᠢᠤ᠋ ︽ ᠬᠦᠢᠯᠡᠰᠦᠨ ᠴᠡᠴᠡᠭ ᠤᠨ ᠪᠣᠷᠣᠭᠠᠨ ᠂ ᠣᠨ ᠵᠢᠯ | ᠤᠨ ᠳᠠᠭᠤᠯᠠᠯ ︾ ᠭᠡᠬᠦ ᠣᠶᠤᠨᠴᠢ ᠪᠤᠳᠤᠯᠳᠠ ᠶᠢᠨ ᠠᠷᠭ᠎ᠠ ᠨᠢ ︽ ᠭᠤᠤ ᠶᠤᠸᠠᠨ ᠬᠦᠢᠯᠡᠰᠤᠨ ᠤᠮᠳᠠᠭᠠᠨ ︾ ᠤ ᠺᠤᠮᠫᠠᠨᠢ ᠶᠢᠨ 40 ᠵᠢᠯ ᠤᠨ ᠳᠤᠷᠰᠢᠬᠢ ᠡᠯᠡᠰᠦ ᠶᠢ | ᠵᠠᠰᠠᠭᠰᠠᠨ ᠥᠩᠭᠡᠷᠡᠯᠲᠡ ᠶᠢ ᠤᠬᠠᠭᠤᠯᠭ᠎ᠠ ᠶᠢᠨ ᠤᠰᠤᠨ ᠪᠡᠭᠡ ᠶᠢᠨ ᠰᠠᠨᠠᠭ᠎ᠠ ᠠᠬᠤᠢ ᠪᠣᠯᠭᠠᠭᠰᠠᠨ ᠪᠠᠶᠢᠨ᠎ᠠ ᠃ ᠬᠦᠢᠯᠡᠰᠦᠨ ᠮᠣᠳᠣᠨ ᠤ ᠳᠣᠣᠷ᠎ᠠ ᠂ ᠳᠠᠷᠢᠶᠠᠯᠠᠩ ᠤᠨ | ᠪᠦᠳᠦᠭᠡᠭᠳᠡᠬᠦᠨ ᠳᠠᠨᠢᠯᠴᠠᠭᠤᠯᠤᠬᠴᠢ ᠭᠤᠤ ᠵᠢᠶᠠᠨ ᠭᠠᠷ ᠤᠲᠠᠰᠤᠨ ᠤ ᠳᠤᠷᠠᠨᠳᠠᠭᠤᠷ ᠢᠶᠠᠨ ᠠᠭᠤᠯᠠ ᠳᠠᠯ᠎ᠠ ᠶᠢ ᠪᠦᠷᠬᠦᠭᠰᠡᠨ ᠬᠦᠢᠯᠡᠰᠤᠨ ᠴᠡᠴᠡᠭ ᠵᠦᠭ | ᠬᠠᠨᠳᠤᠭᠤᠯᠵᠤ ᠄ ︽ ᠭᠡᠷ ᠤᠨ ᠬᠥᠮᠥᠰ ᠠ᠋ ᠂ ᠡᠨᠡ ᠬᠦ ᠡᠭᠦᠯᠡ ᠰᠢᠭ ᠪᠠᠰᠠ ᠴᠠᠰᠤ ᠮᠡᠲᠦ ᠬᠦᠢᠯᠡᠰᠦᠨ ᠴᠡᠴᠡᠭ ᠢ ᠦᠵᠡᠬᠦ ᠳᠤ ᠂ ᠥᠩᠭᠡ ᠦᠵᠡᠮᠵᠢ ᠪᠤᠯᠬᠤ ᠪᠠᠷ | ᠦᠯᠤ ᠪᠠᠷᠠᠨ ᠂ ᠨᠡᠩ ᠴᠤ ᠮᠠᠨ ᠤ ᠨᠤᠲᠤᠭ ᠤᠨ ᠬᠥᠮᠥᠰ ᠤᠨ ︿ ᠪᠠᠶᠠᠵᠢᠯ ᠤᠨ ᠴᠡᠴᠡᠭ ﹀ ᠪᠤᠯᠤᠨ᠎ᠠ ᠰᠢᠤ ︕ ︾ ᠭᠡᠵᠦ ᠶᠠᠷᠢᠨ᠎ᠠ ᠃ ᠰᠢᠭᠤᠳ ᠨᠡᠪᠲᠡᠷᠡᠭᠦᠯᠭᠡ ᠶᠢᠨ | ᠦᠷᠦᠭᠡᠨ ᠳᠤ ᠂ ᠬᠦᠢᠯᠡᠰᠦᠨ ᠴᠥᠮ᠎ᠡ ᠶᠢᠨ ᠤᠮᠳᠠᠭᠠᠨ ᠂ ᠬᠦᠢᠯᠡᠰᠦᠨ ᠴᠥᠮ᠎ᠡ ᠶᠢᠨ ᠴᠠᠢ ᠵᠡᠷᠭᠡ 20 ᠭᠠᠷᠤᠢ ᠵᠦᠢᠯ ᠤᠨ ᠨᠠᠷᠢᠯᠢᠭ ᠡᠳ᠋ᠰᠢᠭᠦᠯᠦᠭᠰᠡᠨ ᠪᠦᠳᠤᠭᠡᠭᠳᠡᠬᠦᠨ | ᠢ ᠬᠤᠶᠢᠨ᠎ᠠ ᠬᠤᠶᠢᠨ᠎ᠠ ᠠᠴᠠ ᠪᠠᠨ ᠳᠠᠨᠢᠯᠴᠠᠭᠤᠯᠬᠤ ᠳᠤ ᠳᠡᠯᠭᠡᠴᠡ ᠳᠡᠭᠡᠷ᠎ᠠ ᠴᠠᠭ ᠲᠤᠬᠠᠢ ᠳᠤᠨᠢ ᠢᠯᠡᠷᠡᠵᠤ ᠪᠠᠶᠢᠭ᠎ᠠ ᠵᠠᠬᠢᠶᠠᠯᠠᠭ᠎ᠠ ᠶᠢᠨ ᠲᠤᠭ᠎ᠠ ᠨᠢ ︽ ᠳᠤᠯᠠᠭᠠᠨ | ᠬᠤᠳᠠ ᠶᠢᠨ ᠰᠠᠶᠢᠨ ᠡᠳ᠋︾ ᠤᠨ ᠳᠠᠳᠠᠬᠤ ᠬᠦᠴᠤᠨ ᠢ ᠬᠠᠷᠠᠭᠤᠯᠤᠨ᠎ᠠ᠃ AI ᠡᠷᠲᠡᠨ ᠤ ᠬᠡᠪ ᠨᠠᠮᠪᠠ ᠶᠢᠨ ᠰᠢᠨᠵᠢᠯᠡᠬᠦ ᠤᠬᠠᠭᠠᠨ ᠤ ᠬᠡᠢ ᠪᠤᠳᠤᠯ ᠤᠨ ᠭᠡᠷᠡᠯ ᠵᠢᠷᠤᠭ | ᠳᠠᠳᠠᠬᠤ ᠭᠠᠵᠠᠷ ᠲᠤ ᠂ ᠵᠤᠭᠠᠴᠠᠭᠴᠢ ᠬᠠᠨ ᠮᠢᠶᠣᠣ ᠮᠢᠶᠣᠣ ᠳᠡᠯᠭᠡᠴᠡ ᠶᠢ ᠬᠥᠩᠭᠡᠬᠡᠨ ᠰᠢᠭ ᠳᠠᠷᠤᠮᠠᠬᠴᠠ ᠲᠡᠷᠡ ᠳᠣᠣᠷ᠎ᠠ ᠪᠠᠨ ᠡᠷᠳᠡᠨ ᠤ ᠬᠤᠪᠴᠠᠰᠤ ᠡᠮᠦᠰᠴᠤ | ᠬᠦᠢᠯᠡᠰᠦᠨ ᠤᠢ ᠪᠠᠷ ᠠᠶᠠᠷᠬᠠᠨ ᠠᠯᠬᠤᠯᠠᠬᠤ ᠨᠡᠶᠢᠯᠡᠮᠡᠯ ᠵᠢᠷᠤᠭ ᠳᠦᠷᠰᠦ ᠶᠢ ᠪᠦᠲᠦᠭᠡᠵᠦ ᠪᠠᠶᠢᠯ᠎ᠠ ᠂ ᠲᠡᠭᠦᠨ ᠤ ᠬᠡᠦᠬᠡᠳ ᠨᠢ︽ᠬᠡᠶᠢᠰᠪᠦᠷᠢ ᠬᠦᠢᠯᠡᠰᠦᠨ ᠴᠡᠴᠡᠭ︾ | ᠭᠡᠬᠦ ᠳᠠᠷᠤᠪᠴᠢ ᠶᠢ ᠳᠠᠷᠤᠬᠤ ᠳᠤ ᠂ ᠰᠢᠨᠵᠢᠯᠡᠬᠦ ᠤᠬᠠᠭᠠᠨ ᠮᠡᠷᠭᠡᠵᠢᠯ ᠪᠣᠯᠣᠨ ᠪᠠᠶᠢᠭᠠᠯᠢ ᠶᠢᠨ ᠵᠡᠭᠦᠳᠦ ᠵᠡᠷᠭᠡᠯᠭᠡᠨ ᠤ ᠬᠤᠯᠪᠣᠯᠳᠤᠯ ᠨᠢ ᠤᠯᠠᠮᠵᠢᠯᠠᠯᠲᠤ ᠴᠡᠴᠡᠭ | ᠰᠣᠨᠢᠷᠬᠠᠬᠤ ᠤᠯᠠᠷᠢᠯ ᠢ ᠤᠯᠠᠮ ᠴᠦ ᠰᠢᠨ᠎ᠡ ᠠᠮᠢᠵᠢᠷᠠᠯ ᠤᠨ ᠬᠦᠴᠦᠨ ᠢᠶᠠᠷ ᠪᠢᠯᠬᠠᠭᠤᠯᠤᠨ᠎ᠠ᠃ | ᠨᠡᠷᠡᠳᠤ ᠲᠣᠭᠤᠭᠠᠴᠢ ᠾᠧ ᠯᠢᠨ ᠤ ᠦᠵᠡᠭᠦᠯᠭᠡ ᠶᠢᠨ ᠲᠠᠶᠢᠰᠠᠨ ᠤ ᠡᠮᠦᠨᠡᠠᠩᠬᠢᠯᠤᠮᠠᠦᠨᠦᠷ ᠬᠠᠩᠬᠤᠯᠵᠤ ᠂ ᠬᠦᠢᠯᠡᠰᠦᠨ ᠴᠥᠮ᠎ᠡ ᠠᠯᠢᠮ᠎ᠠ ᠮᠥᠩᠭᠦᠨ | ᠳᠡᠯᠳᠡᠦ ᠶᠢᠨ ᠱᠥᠯᠥ ᠲᠣᠭᠤᠭᠠᠨ ᠳᠤ ᠬᠠᠷᠬᠢᠯᠳᠠᠯᠠ ᠪᠤᠴᠠᠯᠵᠤ ᠂ ᠬᠦᠢᠯᠡᠰᠦᠨ ᠴᠥᠮ᠎ᠡ ᠨᠣᠶᠢᠯ ᠪᠤᠭᠤᠳᠠᠢ ᠶᠢᠨ ᠳᠡᠵᠢᠭᠡᠯᠳᠤ ᠰᠢᠩᠭᠡᠨ ᠪᠤᠳᠠᠭ᠎ᠠ ᠳᠡᠭᠡᠷ᠎ᠡ ᠰᠢᠨ᠎ᠡ | ᠰᠣᠷᠭᠤᠭ ᠭᠦᠢᠯᠡᠰᠦ ᠶᠢᠨ ᠦᠷᠦᠳᠡᠰᠤ ᠰᠠᠴᠤᠬᠳᠠᠨ ᠂ ᠮᠢᠨᠲᠤᠤᠷ ᠲᠤ ᠬᠦᠷᠲᠡᠯ᠎ᠡ ᠬᠦᠢᠯᠡᠰᠦᠨ ᠴᠥᠮ᠎ᠡ ᠶᠢᠨ ᠨᠤᠨᠳᠠᠭ ᠢ ᠬᠤᠯᠢᠬᠰᠠᠨ ᠪᠠᠶᠢᠯ᠎ᠠ ᠃ ︽ᠪᠢᠳᠠ | ᠬᠦᠢᠯᠡᠰᠦᠨ ᠴᠥᠮ᠎ᠡ ᠶᠢᠨ ᠭᠤᠣᠯ ᠰᠡᠳᠦᠪᠲᠦ ᠰᠢᠷᠢᠰ ᠠᠮᠲᠠᠲᠤ ᠢᠳᠡᠭᠡᠨ ᠢ ᠨᠡᠭᠡᠭᠡᠨ ᠬᠥᠭᠵᠢᠭᠦᠯᠵᠦ ᠂ ᠵᠤᠭᠠᠴᠠᠭᠰᠠᠳ ᠲᠤ ︿ᠬᠦᠢᠯᠡᠰᠦᠨ ᠠᠮᠲᠠ﹀ ᠶᠢ | ᠠᠮᠳᠠᠯᠠᠭᠤᠯᠤᠨ ᠂ ᠳᠠᠩᠨᠠᠢ ᠳᠤᠨᠢ ᠠᠭᠤᠰᠬᠠᠨ᠎ᠠ︾ ᠭᠡᠵᠤ ᠶᠠᠷᠢᠬᠤ ᠲᠡᠭᠦᠨ ᠤ ᠦᠭᠡ ᠮᠥᠷᠯᠡᠵᠦ ᠪᠠᠶᠢᠭ᠎ᠠ ᠵᠤᠭᠠᠴᠠᠬᠰᠠᠳ ᠤᠨ ᠰᠡᠳᠬᠢᠯ ᠢ ᠳᠠᠳᠠᠨ᠎ᠠ ᠃ | | ᠵᠢᠷᠤᠭ ᠄ ︽ ᠤᠮᠠᠷᠠᠳᠤ ᠬᠢᠯᠢ ᠳᠤ ᠬᠠᠪᠤᠷ ᠤᠨ ᠤᠷᠢᠨ ᠰᠠᠭᠠᠳᠠᠵᠤ ᠬᠦᠢᠯᠡᠰᠤᠨ ᠴᠡᠴᠡᠭ ᠪᠠᠳᠠᠷᠠᠨ ᠳᠡᠯᠭᠡᠷᠡᠨ᠎ᠠ ︾ ᠲᠦᠮᠡᠨ ᠮᠦ ᠶᠢᠨ ᠬᠦᠢᠯᠡᠰᠦᠨ ᠤᠢ ᠶᠢᠨ | ᠦᠵᠡᠰᠬᠦᠯᠡᠩ ᠤᠨ ᠬᠦᠷᠢᠶᠡᠯᠡᠩ ᠳᠤ ᠬᠦᠢᠯᠡᠰᠦᠨ ᠴᠡᠴᠡᠭ ᠲᠣᠭᠲᠠᠭᠰᠠᠨ ᠬᠤᠭᠤᠴᠠᠭᠠᠨ ᠳᠠᠭᠠᠨ ᠳᠡᠯᠭᠡᠷᠡᠵᠤ ᠪᠠᠶᠢᠭ᠎ᠠ ᠨᠢ ᠃ ᠵᠤᠤ ᠬᠤᠩ ᠶᠠᠨ ᠰᠡᠭᠦᠳᠡᠷᠯᠡᠪᠡ | | ᠵᠢᠷᠤᠭ ᠄ ︽ ᠤᠮᠠᠷᠠᠳᠤ ᠬᠢᠯᠢ ᠳᠤ ᠬᠠᠪᠤᠷ ᠤᠨ ᠤᠷᠢᠨ ᠰᠠᠭᠠᠳᠠᠵᠤ ᠬᠦᠢᠯᠡᠰᠤᠨ ᠴᠡᠴᠡᠭ ᠪᠠᠳᠠᠷᠠᠨ ᠳᠡᠯᠭᠡᠷᠡᠨ᠎ᠠ ︾ ᠭᠡᠬᠦ ᠣᠷᠳᠣᠰ ᠤᠨ ᠨᠠᠢᠮᠠᠳᠤᠭᠠᠷ | ᠬᠤᠭᠤᠴᠠᠭᠠᠨ ᠤ ᠬᠦᠢᠯᠡᠰᠦᠨ ᠴᠡᠴᠡᠭ ᠤᠨ ᠨᠠᠶᠢᠷ ᠵᠢᠴᠢ ᠥᠪᠥᠷ ᠮᠣᠩᠭᠤᠯ ᠤᠨ ︽ ᠭᠤᠤ ᠶᠤᠸᠠᠨ ᠬᠦᠢᠯᠡᠰᠤᠨ ᠴᠦᠮ᠎ᠠ ᠶᠢᠨ ᠤᠮᠳᠠᠭᠠᠨ︾ ᠤ ᠳᠦᠷᠦᠯ ᠳᠡᠮᠳᠡᠭᠳᠤ | ᠶᠢ ᠡᠭᠦᠳᠦᠭᠰᠡᠨ 40 ᠵᠢᠯ ᠤᠨ ᠤᠢ ᠶᠢ ᠪᠡᠯᠭᠡᠯᠡᠬᠦ ᠠᠵᠢᠯᠯᠠᠭ᠎ᠠ ᠶᠢᠨ ᠠᠬᠤᠢ ᠳᠠᠯᠠᠪᠠᠢ ᠪᠤᠯᠤᠨ᠎ᠠ᠃ ᠵᠣᠣ ᠬᠤᠩ ᠶᠠᠨ ᠰᠡᠭᠦᠳᠡᠷᠯᠡᠪᠡ | ᠭᠠᠵᠠᠷ ᠪᠤᠯᠭᠠᠨ ᠳᠤ ᠪᠠᠳᠠᠷᠠᠨ ᠳᠡᠯᠭᠡᠷᠡᠵᠤ ᠪᠠᠶᠢᠭ᠎ᠠ ᠬᠦᠢᠯᠡᠰᠤᠨ ᠴᠡᠴᠡᠭ ᠪᠤᠯ ᠬᠡᠳᠦᠨ ᠠᠷᠪᠠᠨ ᠲᠦᠮᠡᠨ ᠲᠠᠷᠢᠶᠠᠴᠢᠳ ᠤᠨ ᠡᠪᠡᠷᠰᠢᠵᠤ ᠬᠠᠭᠤᠷᠠᠶᠢᠰᠢᠬᠰᠠᠨ | ᠬᠤᠶᠠᠷ ᠭᠠᠷ ᠢᠶᠠᠷ ᠵᠢᠷᠤᠭᠯᠠᠬᠳᠠᠬᠰᠠᠨ ᠠᠮᠢ ᠠᠬᠤᠢ ᠶᠢᠨ ᠣᠷᠳᠣ ᠵᠢᠷᠤᠭ ᠪᠤᠯᠤᠨ᠎ᠠ ︔ ᠵᠠᠭᠤᠨ ᠭᠠᠵᠠᠷ ᠦᠷᠭᠦᠯᠵᠢᠯᠡᠭᠰᠡᠨ ᠶᠠᠭᠠᠨ ᠴᠡᠴᠡᠭ ᠤᠨ ᠲᠠᠯᠠᠢ ᠨᠢ︽ ᠭᠤᠤ | ᠶᠤᠸᠠᠨ ᠬᠦᠢᠯᠡᠰᠤᠨ ᠴᠦᠮ᠎ᠠ ᠶᠢᠨ ᠤᠮᠳᠠᠭᠠᠨ︾ ᠨᠢ ᠭᠤᠤ ᠭᠠᠩᠭ᠎ᠠ ᠠᠴᠠ ᠰᠣᠶᠣᠭᠠᠯᠠᠵᠤ ᠪᠦᠳᠦᠭᠡᠭᠳᠡᠭᠰᠡᠨ ᠢ ᠭᠡᠷᠡᠴᠢᠯᠡᠵᠦ ᠪᠠᠶᠢᠪᠠ ᠂ ᠪᠠᠰᠠ ᠭᠡᠷᠡᠯ ᠵᠢᠷᠤᠭ ᠲᠠᠲᠠᠬᠤ | ᠪᠠᠭ᠋ᠠᠲᠠᠳ ᠤᠨ ᠠᠩᠬᠠᠷᠤᠯ ᠢ ᠲᠠᠲᠠᠵᠤ ︽ᠬᠠᠪᠤᠷ ᠤᠨ ᠤᠷᠢᠨ ᠳᠤ ᠴᠡᠴᠡᠭ ᠳᠡᠯᠭᠡᠷᠡᠬᠦᠶᠠ ᠂ ᠬᠤᠯᠠ ᠤᠶᠢᠷ᠎ᠠ ᠶᠢᠨ ᠭᠡᠶᠢᠴᠢᠳ ᠢ ᠤᠭᠲᠤᠨ᠎ᠠ︾ ᠃ ︽ | ᠥᠩᠭᠡᠷᠡᠭᠰᠡᠨ ᠳᠤ ᠠᠳᠡ ᠰᠠᠯᠬᠢ ᠰᠠᠯᠬᠢᠯᠠᠭᠰᠠᠭᠠᠷ ᠴᠢᠷᠠᠢ ᠳᠦᠭᠦᠷᠡᠩ ᠰᠢᠷᠤᠢ ᠳᠤᠭᠤᠰᠤ ᠰᠠᠭᠤᠳᠠᠭ ᠪᠠᠶᠢᠬᠰᠠᠨ ᠂ ᠣᠳᠣ ᠬᠠᠷᠢᠨ ᠬᠦᠢᠯᠡᠰᠦᠨ ᠴᠡᠴᠡᠭ ᠪᠠᠳᠠᠷᠠᠨ | ᠳᠡᠯᠭᠡᠷᠡᠵᠤ ᠭᠡᠭᠡᠷ᠎ᠠ ᠳᠠᠯ᠎ᠠ ᠳᠤ ᠠᠩᠬᠢᠯᠤᠮ᠎ᠠ ᠦᠨᠦᠷ ᠬᠠᠩᠬᠤᠯᠵᠤ ᠪᠠᠶᠢᠨ᠎ᠠ ︾ ︕ ᠭᠡᠷᠡᠯ ᠵᠢᠷᠤᠭ ᠤᠨ ᠪᠠᠭ᠋ᠠᠳᠠᠨ ᠯᠢ ᠠᠪᠤᠭᠠᠢ ᠪᠠᠯ ᠲᠡᠭᠦᠭᠰᠡᠨ ᠵᠥᠭᠡᠢ ᠶᠢᠨ ᠰᠦᠷᠦᠭ | ᠪᠣᠯᠣᠨ ᠴᠡᠴᠡᠭ ᠤᠨ ᠬᠤᠭᠤᠷᠣᠨᠳᠤ ᠨᠠᠭᠠᠳᠴᠤ ᠪᠠᠶᠢᠭ᠎ᠠ ᠬᠡᠦᠬᠡᠳ ᠤᠳ ᠢ ᠰᠡᠬᠦᠳᠡᠷᠯᠡᠨᠠ ᠃ ︽ᠠᠮᠢ ᠠᠬᠤᠢ ᠰᠠᠶᠢᠵᠢᠷᠠᠵᠤ ᠂ ᠵᠤᠭᠠᠴᠠᠭᠰᠠᠳ ᠢ ᠳᠠᠳᠠᠨ ᠠᠪᠴᠢᠷᠠᠯ᠎ᠠ ᠂ | ᠠᠷᠠᠳ ᠤᠨ ᠠᠮᠢᠳᠤᠷᠠᠯ ᠴᠤ ᠨᠡᠩ ᠵᠣᠯ ᠵᠢᠷᠭᠠᠯ ᠲᠠᠢ ᠪᠣᠯᠵᠠᠢ︾ ᠭᠡᠵᠤ ᠶᠠᠷᠢᠬᠤ ᠲᠡᠭᠦᠨ ᠤ ᠦᠭᠡ ᠪᠤᠯ ᠭᠡᠷᠡᠯ ᠵᠢᠷᠤᠭ ᠤᠨ ᠪᠠᠭ᠋ᠠᠳᠠᠳ ᠤᠨ ᠬᠠᠮᠲᠤ ᠶᠢᠨ ᠲᠥᠷᠥᠭᠳᠡᠯ | ᠪᠠᠶᠢᠪᠠ — ᠬᠦᠢᠯᠡᠰᠤᠨ ᠮᠤᠳᠤ ᠴᠡᠴᠡᠭᠯᠡᠬᠦ ᠬᠤᠭᠤᠴᠠᠭ᠎ᠠ ᠪᠣᠯᠬᠤ ᠪᠤᠯᠭᠠᠨ ᠠᠳᠡ ᠵᠡᠭᠦᠨᠭᠠᠷ ᠤᠨ ᠬᠠᠪᠤᠷ ᠤᠨ ᠠᠭᠤᠷ ᠠᠮᠢᠰᠬᠤᠯ ᠪᠠ ᠰᠡᠳᠬᠢᠯ ᠬᠥᠳᠡᠯᠭᠡᠮ᠎ᠡ | ᠵᠢᠷᠤᠬᠯᠠᠯ ᠢ ᠣᠯᠵᠤ ᠰᠡᠭᠦᠳᠡᠷᠯᠡᠨ᠎ᠡ ᠭᠡᠬᠦ ᠶᠤᠮ᠃ | ᠤᠯᠠᠨ ᠵᠢᠯ ᠤᠨ ᠲᠤᠷᠰᠢ᠂ ᠥᠪᠥᠷ ᠮᠣᠩᠭᠤᠯ ᠤᠨ ᠭᠤᠤ ᠶᠤᠸᠠᠨ ᠬᠦᠢᠯᠡᠰᠦᠨ ᠴᠥᠮ᠎ᠡ ᠶᠢᠨ ᠤᠮᠳᠠᠭᠠᠨ ᠤ ᠬᠢᠵᠠᠭᠠᠷᠲᠤ ᠺᠣᠮᠫᠠᠨᠢ ︽ᠺᠣᠮᠫᠠᠨᠢ + ᠰᠠᠭᠤᠷᠢᠨ ᠭᠠᠵᠠᠷ | + ᠲᠠᠷᠢᠶᠠᠴᠢᠨ ᠡᠷᠦᠭᠡ + ᠵᠠᠭᠤᠴᠢᠯᠠᠭᠴᠢ︾ ᠶᠢᠨ ᠵᠠᠭᠪᠤᠷ ᠲᠤ ᠲᠦᠰᠢᠭᠯᠡᠨ ᠂ ︽211 ᠢᠨᠵᠧᠨᠧᠷᠢᠩ︾ ᠤᠨ ᠲᠦᠭᠦᠬᠡᠢ ᠮᠠᠲ᠋ᠧᠷᠢᠶᠠᠯ ᠤᠨ ᠰᠠᠭᠤᠷᠢᠨ ᠢ ᠪᠠᠶᠢᠭᠤᠯᠪᠠ᠂ | ᠲᠤᠬᠠᠶᠢᠯᠠᠪᠠᠯ 2000 ᠮᠦ ᠴᠢᠬᠢ ᠪᠣᠶᠢᠵᠢᠭᠤᠯᠬᠤ ᠰᠠᠭᠤᠷᠢᠨ ᠭᠠᠵᠠᠷ ᠂ 1 ᠲᠦᠮᠡᠨ ᠮᠦ ᠬᠦᠢᠯᠡᠰᠦᠨ ᠤᠢ ᠶᠢᠨ ᠦᠵᠡᠰᠬᠦᠯᠡᠩ ᠤᠨ ᠬᠦᠷᠢᠶᠡᠯᠡᠩ᠂ 100 ᠲᠦᠮᠡᠨ | ᠮᠦ ᠲᠦᠭᠦᠬᠡᠢ ᠮᠠᠲ᠋ᠧᠷᠢᠶᠠᠯ ᠤᠨ ᠤᠢ ᠶᠢ ᠪᠠᠶᠢᠭᠤᠯᠵᠤ ᠂ ᠴᠢᠬᠢ ᠪᠣᠶᠢᠵᠢᠭᠤᠯᠬᠤ ᠂ ᠲᠠᠷᠢᠬᠤ ᠠᠴᠠ ᠨᠠᠷᠢᠯᠢᠭ ᠡᠳ᠋ᠰᠢᠭᠦᠯᠬᠦ ᠬᠦᠷᠲᠡᠯᠡᠬᠢ ᠪᠦᠬᠦ ᠠᠵᠤ ᠦᠢᠯᠡᠰ ᠤᠨ | ᠬᠡᠯᠬᠢᠶ᠎ᠡ ᠶᠢ ᠪᠦᠷᠢᠯᠳᠦᠭᠦᠯᠵᠡᠢ᠃ ︽ ᠭᠤᠤ ᠶᠤᠸᠠᠨ ᠬᠦᠢᠯᠡᠰᠦᠨ ᠴᠥᠮ᠎ᠡ ᠶᠢᠨ ᠤᠮᠳᠠᠭᠠᠨ ︾ ᠲᠡᠮᠳᠡᠭᠲᠦ ᠬᠦᠢᠯᠡᠰᠦᠨ ᠴᠥᠮ᠎ᠡ ᠶᠢᠨ ᠤᠮᠳᠠᠭᠠᠨ ᠨᠢ ᠤᠮᠠᠷᠠᠲᠤ | ᠥᠷᠭᠡᠷᠢᠭ ᠤᠨ 39 ᠭᠷᠡᠳᠦ᠋ᠰ ᠤᠨ ᠭᠤᠤ ᠶᠤᠸᠠᠨ ᠬᠦᠢᠯᠡᠰᠦᠨ ᠴᠥᠮ᠎ᠡ ᠶᠢᠨ ᠠᠮᠲᠠᠲᠤ ᠦᠨᠦᠷ ᠢ ᠠᠴᠢᠶᠠᠯᠠᠵᠤ ᠪᠠᠶᠢᠬᠤ ᠪᠠᠷ ᠪᠠᠷᠠᠬᠤ ᠦᠭᠡᠢ ᠂ ᠨᠠᠩ ᠴᠤ | ᠲᠠᠷᠢᠶᠠᠴᠢᠨ ᠡᠷᠦᠬᠡ ᠶᠢᠨ ᠵᠢᠯ ᠤᠨ ᠳᠤᠮᠳᠠᠴᠢ ᠣᠷᠣᠯᠭ᠎ᠠ ᠶᠢᠨ ᠨᠡᠮᠡᠭᠳᠡᠯ ᠨᠢ ᠮᠢᠩᠭᠠᠨ ᠲᠥᠭᠦᠷᠢᠭ ᠢ ᠳᠠᠪᠠᠭᠰᠠᠨ ᠪᠠᠶᠠᠵᠢᠯ ᠤᠨ ᠲᠠᠩᠰᠠ ᠲᠠᠢ ᠬᠤᠯᠪᠤᠯᠳᠤᠬᠰᠠᠨ | ᠪᠠᠶᠢᠨ᠎ᠠ ᠃ | ᠤᠷᠢᠬᠠᠨ ᠰᠠᠯᠬᠢᠨ ᠬᠦᠢᠯᠡᠰᠦᠨ ᠣᠢ ᠪᠠᠷ ᠥᠩᠭᠡᠷᠡᠬᠦᠶᠠ ᠂ ᠬᠦᠢᠯᠡᠰᠤᠨ ᠴᠡᠴᠡᠭ ᠥᠩᠭᠡ ᠢᠯᠭᠠᠷᠠᠨ ᠮᠢᠷᠠᠯᠵᠠᠨ᠎ᠠ ᠃ ︽ᠨᠢᠭᠡ ᠠᠵᠤ ᠦᠢᠯᠡᠰ ᠢ ᠬᠥᠭᠵᠢᠭᠦᠯᠵᠦ ᠂ | ᠨᠢᠭᠡ ᠤᠷᠤᠨ ᠤ ᠠᠵᠤ ᠠᠬᠤᠢ ᠶᠢ ᠳᠠᠶᠢᠴᠢᠯᠠᠨ ᠂ ᠨᠢᠭᠡᠨᠤᠳᠤᠭ ᠤᠨ ᠠᠷᠠᠳ ᠢᠷᠭᠡᠳ ᠢ ᠴᠢᠨᠡᠭᠡᠯᠢᠭᠵᠢᠭᠦᠯᠵᠦ ᠂ ᠨᠢᠭᠡ ᠭᠡᠰᠡᠭ ᠭᠠᠵᠠᠷ ᠨᠤᠳᠤᠭ ᠢ | ᠨᠣᠭᠤᠭᠠᠷᠠᠭᠤᠯᠬᠤ ᠪᠣᠯ ︿ ᠭᠤᠤ ᠶᠤᠸᠠᠨ ᠬᠦᠢᠯᠡᠰᠦᠨ ᠴᠥᠮ᠎ᠡ ᠶᠢᠨ ᠤᠮᠳᠠᠭᠠᠨ﹀ ᠤ ᠺᠤᠮᠫᠠᠨᠢ ᠶᠢᠨ ᠢᠮᠠᠭᠲᠠ ᠪᠠᠷᠢᠮᠲᠠᠯᠠᠭᠰᠠᠭᠠᠷ ᠢᠷᠡᠭᠰᠡᠨ ᠤᠭ ᠰᠠᠨᠠᠭ᠎ᠠ ᠪᠣᠯᠣᠨ | ᠡᠭᠦᠷᠭᠡ ᠬᠠᠷᠢᠭᠤᠴᠠᠯᠭ᠎ᠠ ᠪᠣᠯᠣᠨ᠎ᠠ︾ ᠃ ᠥᠪᠥᠷ ᠮᠣᠩᠭᠤᠯ ᠤᠨ ᠭᠤᠤ ᠶᠤᠸᠠᠨ ᠬᠦᠢᠯᠡᠰᠦᠨ ᠴᠥᠮ᠎ᠡ ᠶᠢᠨ ᠤᠮᠳᠠᠭᠠᠨ ᠤ ᠬᠢᠵᠠᠭᠠᠷᠲᠤ ᠺᠣᠮᠫᠠᠨᠢ ᠶᠢᠨ ᠬᠡᠷᠡᠭ | ᠮᠡᠳᠡᠭᠴᠢᠳ ᠤᠨ ᠳᠠᠷᠤᠭ᠎ᠠ ᠯᠢᠦ ᠵᠠᠨ ᠰᠢᠶᠠᠨ ᠪᠠᠳᠠᠷᠠᠨ ᠳᠡᠯᠭᠡᠷᠡᠭᠰᠡᠨ ᠬᠦᠢᠯᠡᠰᠦᠨ ᠴᠡᠴᠡᠭ ᠢ ᠬᠠᠷᠠᠭᠠᠳ᠄︽ᠠᠵᠠ ᠲᠣᠬᠢᠶᠠᠯ ᠪᠣᠯᠣᠨ ᠥᠷᠢᠰᠦᠯᠳᠦᠭᠡᠨ ᠵᠡᠷᠭᠡᠪᠡᠷ | ᠣᠷᠣᠰᠢᠵᠤ ᠪᠠᠶᠢᠨ᠎ᠠ᠂ ᠪᠢᠳᠡ ᠢᠨᠲ᠋ᠧᠷ ᠰᠦᠯᠵᠢᠶ᠎ᠡ ᠪᠣᠯᠣᠨ AI ᠰᠢᠨ᠎ᠡ ᠮᠡᠷᠭᠡᠵᠢᠯ ᠢ ᠢᠳᠡᠪᠬᠢᠲᠡᠢ ᠭᠡᠷᠡᠭᠯᠡᠵᠤ ᠂ ᠡᠯᠧᠺᠲᠷᠣᠨ ᠬᠤᠳᠠᠯᠳᠤᠭᠠᠨ ᠤ ᠲᠠᠪᠴᠠᠩ ᠢ ᠶᠡᠬᠡᠪᠡᠷ | ᠬᠥᠭᠵᠢᠭᠦᠯᠵᠦ ᠂ ᠪᠣᠷᠤᠯᠠᠭᠤᠯᠭ᠎ᠠ ᠶᠢᠨ ᠵᠠᠮ ᠮᠦᠷ ᠢ ᠥᠷᠭᠡᠳᠬᠡᠨ᠎ᠡ᠃ ᠬᠥᠮᠥᠨ ᠤ ᠬᠦᠴᠦᠨ ᠤ ᠪᠠ AI ᠰᠢᠭᠤᠳ ᠨᠡᠪᠲᠡᠷᠡᠭᠦᠯᠭᠡ ᠪᠠᠷ ᠪᠠᠷᠠᠭ᠎ᠠ ᠬᠤᠳᠠᠯᠳᠤᠬᠤ ᠂ | ᠨᠡᠶᠢᠭᠡᠮ ᠤᠨ ᠬᠠᠷᠢᠯᠴᠠᠭᠠᠨ ᠤ ᠵᠠᠭᠤᠴᠢᠯᠠᠭᠤᠷ ᠢᠶᠠᠷ ᠡᠵᠡᠩᠨᠡᠨ ᠪᠣᠷᠣᠯᠠᠭᠤᠯᠬᠤ ᠵᠡᠷᠭᠡ ᠰᠢᠨ᠎ᠡ ᠪᠠᠷ ᠪᠣᠶ ᠪᠣᠯᠤᠭᠰᠠᠨ ᠡᠵᠡᠩᠨᠡᠨ ᠪᠣᠷᠣᠯᠠᠭᠤᠯᠬᠤ ᠠᠷᠭ᠎ᠠ ᠪᠠᠷᠢᠯ ᠢ | ᠰᠠᠶᠢᠲᠤᠷ ᠠᠰᠢᠭᠯᠠᠨ ᠂ ᠳᠦᠷᠤᠯ ᠳᠡᠮᠳᠡᠭᠳᠤ ᠶᠢᠨ ᠠᠯᠳᠠᠷᠰᠢᠯ ᠪᠠ ᠪᠦᠳᠤᠭᠡᠭᠳᠡᠬᠦᠨ ᠤ ᠪᠣᠷᠤᠯᠠᠭᠤᠯᠭ᠎ᠠ ᠶᠢᠨ ᠳᠦᠪᠰᠢᠨ ᠢ ᠳᠡᠭᠡᠭᠰᠢᠯᠡᠭᠦᠯᠬᠦ ᠶᠢᠨ ᠬᠠᠮᠲᠤ ᠂ ᠣᠯᠠᠨ | ᠤᠯᠤᠰ ᠤᠨ ᠵᠠᠬ᠎ᠠ ᠳᠡᠯᠭᠡᠭᠦᠷ ᠤᠨ ᠨᠡᠭᠡᠭᠡᠯᠲᠡ ᠶᠢ ᠴᠢᠩᠭᠠᠳᠬᠠᠵᠤ ᠂ ᠣᠯᠠᠨ ᠤᠯᠤᠰ ᠤᠨ ᠢᠳᠡᠭᠡᠨ ᠤ ᠠᠵᠤ ᠠᠬᠤᠶᠢᠯᠠᠯ ᠲᠠᠢ ᠬᠠᠮᠲᠤᠷᠠᠯᠴᠠᠭ᠎ᠠ ᠰᠣᠯᠢᠯᠴᠠᠭ᠎ᠠ | ᠥᠷᠨᠢᠭᠦᠯᠵᠦ ᠂ ᠭᠤᠤ ᠶᠤᠸᠠᠨᠭᠦ᠋ᠢᠯᠡᠰᠦᠨ ᠴᠥᠮ᠎ᠡ ᠶᠢᠨ ᠤᠮᠳᠠᠭᠠᠨ ᠤ ᠣᠯᠠᠨ ᠤᠯᠤᠰ ᠤᠨ ᠵᠠᠬ᠎ᠠ ᠳᠡᠯᠭᠡᠭᠦᠷ ᠲᠠᠬᠢ ᠳᠤᠭ᠎ᠠ ᠨᠤᠷᠮ᠎ᠠ ᠪᠠ ᠨᠥᠯᠥᠭᠡᠯᠡᠬᠦ ᠬᠦᠴᠦᠨ ᠢ | ᠤᠯᠠᠮ ᠨᠢᠭᠡ ᠠᠯᠬᠤᠮ ᠳᠡᠭᠡᠭᠰᠢᠯᠡᠭᠦᠯᠦᠨ᠎ᠡ ︾ ᠭᠡᠵᠦ ᠶᠠᠷᠢᠨ᠎ᠠ ᠃ | ᠲᠤᠭ᠎ᠠ ᠪᠠᠷᠢᠮᠲᠠ ᠨᠢ ᠬᠤᠪᠢᠷᠠᠯᠳᠠ ᠶᠢ ᠭᠡᠷᠡᠴᠢᠯᠡᠨ᠎ᠠ ᠃ 20 ᠵᠢᠯ ᠤᠨ ᠲᠤᠷᠰᠢ ᠂ ᠵᠡᠭᠦᠨᠭᠠᠷ ᠬᠤᠰᠢᠭᠤᠨ ᠤ ᠣᠶ ᠰᠢᠭᠤᠢ ᠶᠢᠨ ᠪᠦᠷᠬᠦᠴᠡ ᠶᠢᠨ ᠨᠣᠷᠮ᠎ᠠ | 18% ᠪᠠᠶᠢᠭᠰᠠᠨ ᠠᠴᠠ ᠪᠠᠨ ᠳᠡᠭᠡᠭᠰᠢᠯᠡᠭᠡᠳ 35% ᠪᠣᠯᠵᠤ ᠂ ᠬᠥᠷᠥᠰᠥ ᠰᠢᠷᠣᠢ ᠶᠢᠨ ᠢᠳᠡᠭᠳᠡᠯ ᠤᠨ ᠲᠠᠯᠠᠪᠠᠶ 40% ᠪᠠᠷ ᠪᠠᠭᠠᠰᠴᠤ ᠂ 90 ᠲᠦᠮᠡᠨ ᠮᠦ | ᠭᠦᠢᠯᠡᠰᠦᠨ ᠣᠶ ᠨᠢ ᠬᠠᠲᠤᠨ ᠭᠤᠣᠯ ᠤᠨ ᠰᠠᠪᠠ ᠭᠠᠵᠠᠷ ᠤᠨ ᠴᠢᠬᠤᠯᠠ ᠠᠮᠢ ᠠᠬᠤᠢ ᠶᠢᠨ ᠬᠠᠯᠬᠠᠪᠴᠢ ᠶᠢ ᠪᠠᠶᠢᠭᠤᠯᠪᠠ ᠃ ᠵᠡᠭᠦᠨᠭᠠᠷᠴᠤᠳ︽ᠬᠥᠬᠡᠮᠳᠦᠭ ᠨᠣᠭᠤᠭᠠᠨ | ᠠᠭᠤᠯᠠ ᠤᠰᠤ ᠪᠣᠯ ᠠᠯᠳᠠ ᠮᠥᠩᠭᠦᠨ ᠠᠭᠤᠯᠠ ᠮᠦᠨ︾ᠭᠡᠬᠦ ᠵᠠᠮ ᠢᠶᠠᠷ ᠲᠣᠮᠣ ᠠᠯᠬᠤᠮ ᠢᠶᠠᠷ ᠤᠷᠤᠭᠰᠢᠯᠠᠵᠤ ᠪᠠᠶᠢᠨ᠎ᠠ᠃ ᠡᠨᠡ ᠤᠳᠠᠭᠠᠨ ᠤ ᠬᠠᠪᠤᠷ ᠤᠨ ᠪᠣᠯᠵᠤᠭ᠎ᠠ | ᠨᠢ ︽ ᠬᠦᠮᠤᠨ ᠠᠷᠠᠳ ᠬᠥᠬᠡᠮᠳᠦᠭ ᠠᠭᠤᠯᠠ ᠶᠢ ᠬᠥᠰᠡᠷᠳᠡᠭᠦᠯᠬᠦ ᠦᠭᠡᠢ ᠪᠤᠯ ᠂ ᠬᠥᠬᠡᠮᠳᠦᠭ ᠠᠭᠤᠯᠠ ᠨᠡᠩ ᠴᠦ ᠬᠥᠮᠥᠨ ᠠᠷᠠᠳ ᠢ ᠬᠥᠰᠡᠷᠳᠡᠭᠦᠯᠬᠦ ᠦᠭᠡᠢ︾ ᠭᠡᠬᠦ | ᠴᠠᠭ ᠦᠶ᠎ᠡ ᠶᠢᠨ ᠵᠢᠷᠤᠭ ᠲᠥᠰᠥᠪ ᠢ ᠲᠣᠭᠲᠠᠭᠠᠭᠰᠠᠨ ᠢᠶᠠᠷ ᠪᠠᠷᠠᠬᠤ ᠦᠭᠡᠢ᠂ ᠨᠡᠩ ᠴᠤ ︽ᠠᠮᠢ ᠠᠬᠤᠢ ᠭᠤᠶᠤ ᠰᠠᠶᠢᠬᠠᠨ᠂ ᠠᠵᠤ ᠦᠢᠯᠡᠰ ᠬᠦᠭᠵᠢᠨ ᠮᠠᠨᠳᠤᠵᠤ ᠂ | ᠠᠷᠠᠳ ᠢᠷᠭᠡᠳ ᠪᠠᠶᠠᠵᠢᠨ ᠴᠢᠨᠡᠭᠡᠯᠢᠭᠵᠢᠭᠰᠡᠨ︾ᠤᠮᠠᠷᠠᠲᠤ ᠬᠢᠯᠢ ᠶᠢᠨ ᠤᠷᠤᠭᠰᠢᠯᠠᠯᠲᠠ ᠶᠢᠨ ᠠᠶᠠᠰ ᠢ ᠴᠢᠪᠬᠠᠳᠠᠭᠰᠠᠨ ᠪᠠᠶᠢᠨ᠎ᠠ᠃ | | | |