| | ︽ ᠲᠠᠨ ᠤ ᠲᠡᠨᠳᠡ ᠵᠢᠵᠢᠭᠬᠡᠨ ᠥᠷᠥᠮᠳᠡᠬᠦᠷ ᠪᠠᠶᠢᠨ᠎ᠠ ᠤᠤ ︖ ᠬᠠᠨᠠᠨ ᠳᠡᠭᠡᠷ᠎ᠡ ᠨᠦᠭᠡ ᠴᠤᠭᠤᠯᠵᠤ ᠭᠡᠷᠡᠯ ᠵᠢᠷᠤᠭ ᠢᠶᠠᠨ ᠡᠯᠬᠦᠬᠦ ᠭᠡᠵᠤ ᠪᠠᠶᠢᠨ᠎ᠠ ᠃ ︾ | ︽ ᠲᠠ ᠨᠡᠶᠢᠭᠡᠮ ᠲᠣᠭᠤᠷᠢᠭ ᠤᠨ ᠬᠠᠮᠲᠤ ᠪᠠᠷ ᠡᠳ᠋ᠯᠡᠬᠦ ᠥᠷᠲᠡᠭᠡᠨ ᠳᠤ ᠣᠴᠢᠵᠤ ᠦᠵᠡ ᠂ ᠲᠡᠨᠳᠡ ᠪᠠᠶᠢᠬᠤ ᠮᠠᠭᠠᠳ︕ ︾ | ᠣᠶᠢᠷ᠎ᠠ ᠳᠤ ᠂ ᠵᠡᠭᠦᠨᠭᠠᠷ ᠬᠤᠰᠢᠭᠤᠨ ᠤ ᠯᠠᠨ ᠲᠢᠶᠠᠨ ᠵᠡᠭᠡᠯᠢ ᠭᠤᠳᠤᠮᠵᠢ ᠶᠢᠨ ᠪᠠᠢ ᠶᠦᠨ ᠨᠡᠶᠢᠭᠡᠮ ᠲᠣᠭᠤᠷᠢᠭ ᠲᠤ ᠰᠤᠷᠪᠤᠯᠵᠢᠯᠠᠭᠴᠢ ᠬᠦᠮᠤᠰ ᠤᠨ ᠢᠩᠬᠢᠵᠤ | ᠶᠠᠷᠢᠯᠴᠠᠬᠤ ᠶᠢ ᠣᠯᠵᠤ ᠰᠣᠨᠣᠰᠴᠠᠢ ᠃ ᠳᠥᠭᠦᠮᠬᠡᠨ ᠬᠡᠳᠦᠨ ᠦᠭᠡ ᠶᠢᠨ ᠶᠠᠷᠢᠯᠴᠠᠭ᠎ᠠ ᠪᠠᠶᠢᠬᠰᠠᠨ ᠴᠤ ᠳᠡᠬᠦᠨ ᠤ ᠠᠷᠤ ᠳᠤ ᠨᠡᠶᠢᠭᠡᠮ ᠲᠣᠭᠤᠷᠢᠭ ᠲᠤ ᠥᠷᠨᠢᠵᠤ | ᠪᠠᠶᠢᠭ᠎ᠠ ︽ ᠬᠠᠮᠲᠤ ᠪᠠᠷ ᠡᠳ᠋ᠯᠡᠬᠦ ᠤᠷᠤᠰᠬᠠᠯ ︾ ᠢ ᠢᠯᠡᠷᠡᠬᠦᠯᠵᠤ ᠂ ᠳᠡᠷᠡ ᠨᠢ ᠰᠠᠭᠤᠭᠠᠯᠢ ᠠᠷᠠᠳ ᠤᠨ ᠰᠠᠶᠢᠨ ᠰᠠᠶᠢᠬᠠᠨ ᠠᠮᠢᠳᠤᠷᠠᠯ ᠢ ᠭᠡᠷᠡᠯᠲᠦᠭᠦᠯᠵᠦ ᠂ ᠬᠥᠷᠰᠢ | ᠵᠡᠷᠭᠡᠯᠡᠳᠡᠭᠡ ᠶᠢᠨ ᠬᠢᠨ ᠤ ᠬᠠᠷᠢᠯᠴᠠᠨ ᠬᠠᠪᠰᠤᠷᠤᠯᠴᠠᠬᠤ ᠰᠢᠨ᠎ᠡ ᠪᠠᠶᠢᠳᠠᠯ ᠢ ᠪᠤᠢ ᠪᠤᠯᠭᠠᠵᠤ ᠪᠠᠶᠢᠭ᠎ᠠ ᠶᠢ ᠬᠠᠷᠠᠭᠤᠯᠤᠨ᠎ᠠ ᠃ | ᠪᠠᠢ ᠶᠦᠨ ᠨᠡᠶᠢᠭᠡᠮ ᠲᠣᠭᠤᠷᠢᠭ ᠤᠨ ︽ ᠰᠢᠩ ᠹᠦ᠋ ᠯᠢ ᠬᠠᠮᠲᠤ ᠪᠠᠷ ᠡᠳ᠋ᠯᠡᠬᠦ ᠥᠷᠲᠡᠭᠡ ︾ ᠳᠤ ᠬᠦᠷᠬᠦ ᠳᠤ ᠂ ᠶᠠᠭ ᠯᠠ ᠰᠠᠭᠤᠭᠠᠯᠢ ᠠᠷᠠᠳ ᠤᠨ ︽ ᠡᠷᠳᠡᠨᠢ ᠶᠢᠨ | ᠤᠭᠤᠲᠠ ︾ ᠶᠢ ᠨᠡᠭᠡᠭᠡᠭᠰᠡᠨ ᠮᠡᠲᠦ ᠪᠠᠶᠢᠵᠤ ᠂ ᠠᠭᠤᠵᠢᠮ ᠰᠠᠷᠠᠭᠤᠯ ᠭᠡᠷ ᠳᠣᠲᠣᠷ᠎ᠠ ᠭᠡᠳᠤ ᠬᠡᠳᠦᠨ ᠪᠠᠷᠠᠭᠠᠨ ᠤ ᠲᠠᠯᠪᠢᠭᠤᠷ ᠲᠡᠷᠢ ᠲᠡᠭᠰᠢ ᠲᠠᠯᠪᠢᠭᠠᠰᠤᠲᠠᠢ | ᠬᠠᠷᠠᠬᠳᠠᠨ ᠂ ᠪᠠᠷᠠᠭᠠᠨ ᠤ ᠲᠠᠯᠪᠢᠭᠤᠷ ᠳᠡᠭᠡᠷ᠎ᠡ ᠴᠠᠬᠢᠯᠭᠠᠨ ᠥᠷᠥᠮᠳᠡᠬᠦᠷ ᠂ ᠬᠥᠰᠢᠭᠦᠷ ᠵᠡᠷᠭᠡ ᠠᠴᠠ ᠠᠳᠠᠯᠢ ᠪᠤᠰᠤ ᠬᠡᠯᠪᠡᠷᠢ ᠮᠠᠶ᠋ᠢᠭ ᠤᠨ ᠥᠷᠥᠮᠳᠡᠭᠦᠷ ᠲᠤ ᠬᠦᠷᠲᠡᠯ᠎ᠡ | ᠪᠠᠶᠢᠬᠤ ᠶᠣᠰᠣᠲᠠᠢ ᠵᠦᠢᠯ ᠪᠦᠬᠦᠨ ᠢᠶᠠᠷ ᠢᠶᠠᠨ ᠪᠠᠶᠢᠪᠠ ︔ ᠨᠥᠭᠦᠭᠡ ᠨᠢᠭᠡ ᠲᠣᠭᠤᠷᠢᠭ ᠲᠤ ᠬᠡᠦᠬᠡᠳ ᠤᠨ ᠲᠣᠭᠯᠠᠯᠲᠠ ᠶᠢᠨ ᠬᠤᠪᠴᠠᠰᠤ ᠶᠢ ᠲᠦᠭᠦᠷᠡᠲᠡᠯ᠎ᠡ ᠡᠯᠭᠦᠵᠦ ᠂ | ᠥᠩᠭᠡ ᠪᠤᠳᠤᠭ ᠰᠣᠯᠣᠩᠭᠠᠷᠠᠨ ᠂ ᠶᠠᠩᠵᠤ ᠬᠡᠯᠪᠡᠷᠢ ᠨᠢ ᠣᠯᠠᠨ ᠶᠠᠩᠵᠤ ᠶᠢᠨ ᠬᠢ ᠪᠠᠶᠢᠵᠤ ᠂ ᠬᠡᠦᠬᠡᠳ ᠤᠨ ᠡᠯ᠎ᠡ ᠵᠦᠢᠯ ᠤᠨ ᠲᠣᠭᠯᠠᠯᠲᠠ ᠶᠢᠨ ᠬᠡᠷᠡᠭᠴᠡᠭᠡ ᠶᠢ | ᠬᠠᠩᠭᠠᠨ᠎ᠠ ︔ ᠪᠠᠰᠠ ᠬᠡᠦᠬᠡᠳ ᠤᠨ ᠲᠣᠭᠯᠠᠭᠠᠮ᠂ ᠨᠣᠮ ᠪᠢᠴᠢᠭ᠂ ᠨᠢᠯᠬ᠎ᠠ ᠬᠡᠦᠬᠡᠳ ᠤᠨ ᠲᠡᠷᠭᠡ ᠵᠢᠴᠢ ᠨᠠᠰᠤᠲᠠᠶᠢᠴᠤᠳ ᠤᠨ ᠡᠷᠡᠭᠦᠯᠵᠢᠯ ᠤᠨ ᠲᠤᠰᠠᠯᠠᠬᠤ ᠪᠠᠭᠠᠵᠢ | ᠬᠡᠷᠡᠭᠰᠡᠯ ᠵᠡᠷᠭᠡ ᠴᠦᠮ ᠪᠦᠷᠢᠨ ᠪᠤᠢ ᠃ | | ᠵᠢᠷᠤᠭ ᠄ ᠪᠠᠢ ᠶᠦᠨ ᠨᠡᠶᠢᠭᠡᠮ ᠲᠣᠭᠤᠷᠢᠭ ᠤᠨ ︽ ᠰᠢᠩ ᠹᠦ᠋ ᠯᠢ ᠬᠠᠮᠲᠤ ᠪᠠᠷ ᠡᠳ᠋ᠯᠡᠬᠦ ᠥᠷᠲᠡᠭᠡ︾ ᠶᠢᠨ ᠵᠢᠭᠡᠯᠡᠨ ᠬᠡᠷᠡᠭᠯᠡᠵᠦ ᠪᠣᠯᠬᠤ ᠨᠢᠯᠬ᠎ᠠ ᠬᠡᠦᠬᠡᠳ ᠤᠨ ᠲᠡᠷᠭᠡ | ᠵᠢᠴᠢ ᠨᠠᠰᠤᠲᠠᠶᠢᠴᠤᠳ ᠤᠨ ᠡᠷᠡᠭᠦᠯᠵᠢᠯ ᠤᠨ ᠲᠤᠰᠠᠯᠠᠬᠤ ᠪᠠᠭᠠᠵᠢ ᠬᠡᠷᠡᠭᠰᠡᠯ ᠤᠳ ᠪᠤᠯᠤᠨ᠎ᠠ ᠃ | | ᠰᠠᠭᠤᠭᠠᠯᠢ ᠠᠷᠠᠳ ᠵᠥᠪᠬᠡᠨ ᠥᠷᠲᠡᠭᠡᠨ ᠤ ᠲᠡᠮᠳᠡᠭᠯᠡᠯ ᠤᠨ ᠳᠡᠪᠲᠡᠷ ᠳᠡᠭᠡᠷ᠎ᠡ ᠮᠡᠳᠡᠭᠡ ᠵᠠᠩᠭᠢ ᠪᠠᠨ ᠳᠥᠭᠦᠮᠬᠡᠨ ᠲᠡᠮᠳᠡᠭᠯᠡᠪᠡᠯ ᠳᠠᠷᠤᠢ ᠵᠢᠭᠡᠯᠡᠨ ᠬᠡᠷᠡᠭᠯᠡᠵᠦ | ᠪᠤᠯᠤᠨ᠎ᠠ ᠂ ᠢᠩᠬᠢᠭᠰᠡᠨ ᠢᠶᠠᠷ ᠰᠠᠭᠤᠭᠠᠯᠢ ᠠᠷᠠᠳ ᠤᠨ ᠠᠮᠢᠳᠤᠷᠠᠯ ᠤᠨ ᠣᠯᠠᠨ ᠶᠠᠩᠵᠤ ᠶᠢᠨ ᠬᠡᠷᠡᠭᠴᠡᠭᠡᠱᠠᠭᠠᠷᠳᠠᠯᠭᠠ ᠶᠢ ᠲᠤᠶᠢᠯ ᠤᠨ ᠶᠡᠭᠡ ᠪᠠᠷ ᠬᠠᠩᠭᠠᠵᠤ ᠴᠢᠳᠠᠬᠤ | ᠪᠤᠯᠪᠠ ᠃ ᠬᠠᠷᠢᠶ᠎ᠠ ᠣᠷᠣᠨ ᠤ ᠰᠠᠭᠤᠭᠠᠯᠢ ᠠᠷᠠᠳ ᠯᠢ ᠠᠪᠠᠭ᠋ᠠᠢ᠄ ︽ᠳᠡᠭᠡᠷ᠎ᠡ ᠤᠳᠠᠭ᠎ᠠ ᠬᠡᠦᠬᠡᠳ ᠤᠨ ᠰᠤᠷᠭᠠᠭᠤᠯᠢ ᠳᠤ ᠤᠷᠠᠨ ᠰᠠᠶᠢᠬᠠᠨ ᠤ ᠬᠠᠮᠲᠤᠷᠠᠭᠰᠠᠨ | ᠲᠣᠭᠯᠠᠯᠲᠠ ᠡᠷᠬᠢᠯᠡᠬᠦ ᠳᠤ ᠣᠨᠴᠠᠭᠠᠶ ᠬᠤᠪᠴᠠᠰᠤ ᠬᠡᠷᠡᠭᠰᠡᠨ᠎ᠡ ᠭᠡᠪᠡ᠂ ᠪᠢ ᠶᠠᠭᠠᠬᠢᠳᠠᠭ ᠪᠢᠯᠡ ᠭᠡᠮᠡᠨ ᠵᠣᠪᠠᠵᠠᠢ ᠂ ᠬᠠᠷᠢᠨ ᠬᠠᠮᠲᠤ ᠪᠠᠷ ᠡᠳ᠋ᠯᠡᠬᠦ ᠥᠷᠲᠡᠭᠡᠨ ᠳᠤ | ᠪᠠᠶᠢᠬᠤ ᠶᠢ ᠰᠠᠨᠠᠵᠤ ᠤᠯᠤᠬᠰᠠᠨ ᠦᠭᠡᠢ ᠂ ᠥᠩᠭᠡᠷᠡᠭᠰᠡᠨ ᠳᠤ ᠬᠡᠦᠬᠡᠳ ᠰᠤᠷᠭᠠᠭᠤᠯᠢ ᠶᠢᠨ ᠬᠥᠳᠡᠯᠭᠡᠭᠡᠨ ᠳᠤ ᠤᠷᠤᠯᠴᠠᠨ ᠳᠤᠬᠯᠠᠯᠳᠠ ᠭᠠᠷᠭᠠᠬᠤ ᠳᠤ | ᠲᠣᠭᠯᠠᠯᠲᠠ ᠶᠢᠨ ᠬᠤᠪᠴᠠᠰᠤ ᠶᠢ ᠬᠤᠳᠠᠯᠳᠤᠨ ᠠᠪᠤᠭᠠᠳ ᠨᠢᠭᠡ ᠤᠳᠠᠭ᠎ᠠ ᠡᠮᠤᠰᠤᠭᠡᠳ ᠯᠠ ᠬᠠᠶᠠᠳᠠᠭ ᠪᠠᠶᠢᠪᠠ᠂ ᠤᠳᠤ ᠬᠠᠷᠢᠨ ᠨᠡᠶᠢᠭᠡᠮ ᠲᠣᠭᠤᠷᠢᠭ ᠠᠴᠠ ᠵᠢᠭᠡᠯᠡᠵᠦ | ᠪᠣᠯᠣᠨ᠎ᠠ᠂ ᠦᠨᠡᠬᠡᠷ ᠲᠦᠭᠦᠮ ᠪᠣᠯᠵᠠᠢ︕︾ ᠭᠡᠵᠦ ᠶᠠᠷᠢᠨ᠎ᠠ᠃ | | ᠵᠢᠷᠤᠭ ᠄ ᠪᠠᠢ ᠶᠦᠨ ᠨᠡᠶᠢᠭᠡᠮ ᠲᠣᠭᠤᠷᠢᠭ ᠤᠨ ︽ ᠰᠢᠩ ᠹᠦ᠋ ᠯᠢ ᠬᠠᠮᠲᠤ ᠪᠠᠷ ᠡᠳ᠋ᠯᠡᠬᠦ ᠥᠷᠲᠡᠭᠡ ︾ ᠠᠴᠠ ᠵᠢᠭᠡᠯᠡᠨ ᠬᠡᠷᠡᠭᠯᠡᠵᠦ ᠪᠣᠯᠬᠤ ᠬᠡᠦᠬᠡᠳ ᠤᠨ | ᠲᠣᠭᠯᠠᠯᠲᠠ ᠶᠢᠨ ᠬᠤᠪᠴᠠᠰᠤ ᠨᠢ ᠬᠡᠦᠬᠡᠳ ᠤᠨ ᠡᠯ᠎ᠡ ᠵᠦᠢᠯ ᠤᠨ ᠲᠣᠭᠯᠠᠯᠲᠠ ᠶᠢᠨ ᠬᠡᠷᠡᠭᠴᠡᠭᠡ ᠶᠢ ᠬᠠᠩᠭᠠᠨ᠎ᠠ ᠃ | | ︽ ᠰᠢᠩ ᠹᠦ᠋ ᠯᠢ ᠬᠠᠮᠲᠤ ᠪᠠᠷ ᠡᠳ᠋ᠯᠡᠬᠦ ᠥᠷᠲᠡᠭᠡ ︾ ᠪᠣᠯ ᠰᠠᠭᠤᠭᠠᠯᠢ ᠠᠷᠠᠳ ᠤᠨ ᠬᠡᠷᠡᠭᠴᠡᠭᠡ ᠱᠠᠭᠠᠷᠳᠠᠯᠭ᠎ᠠ ᠲᠠᠢ ᠤᠶᠠᠯᠳᠤᠭᠤᠯᠤᠨ ᠪᠠᠶᠢᠭᠤᠯᠤᠭᠰᠠᠨ ᠨᠡᠶᠢᠭᠡᠮ | ᠲᠣᠭᠤᠷᠢᠭ ᠠᠴᠠ ᠬᠤᠳᠠᠯᠳᠤᠨ ᠠᠪᠬᠤ ᠂ ᠣᠯᠠᠨ ᠲᠦᠮᠡᠨ ᠬᠠᠨᠳᠢᠪᠯᠡᠬᠤ ᠵᠡᠷᠭᠡ ᠠᠷᠭ᠎ᠠ ᠮᠠᠶ᠋ᠢᠭ ᠢᠶᠠᠷ ᠡᠳ᠋ ᠪᠣᠳᠠᠰ ᠴᠤᠭᠯᠠᠭᠤᠯᠤᠬᠰᠠᠨ ᠬᠠᠮᠲᠤ ᠪᠠᠷ ᠡᠳ᠋ᠯᠡᠬᠦ ᠣᠷᠣᠨ | ᠵᠠᠢ ᠪᠠᠶᠢᠵᠤ ᠂ ᠰᠠᠭᠤᠭᠠᠯᠢ ᠠᠷᠠᠳ ᠤᠨ ᠰᠤᠯᠠ ᠪᠠᠶᠢᠭ᠎ᠠ ᠡᠳ᠋ ᠪᠣᠳᠠᠰ ᠵᠢᠴᠢ ᠨᠡᠶᠢᠭᠡᠮ ᠲᠣᠭᠤᠷᠢᠭ ᠤᠨ ᠡᠬᠢ ᠪᠠᠶᠠᠯᠢᠭ ᠢ ᠬᠠᠮᠲᠤ ᠪᠠᠷ ᠡᠳ᠋ᠯᠡᠬᠦ ᠶᠢ ᠪᠡᠶᠡᠯᠡᠭᠦᠯᠪᠡ ᠃ ︽ | ᠴᠠᠬᠢᠯᠭᠠᠨ ᠥᠷᠥᠮᠳᠡᠬᠦᠷ ᠂ ᠴᠠᠬᠢᠯᠭᠠᠨ ᠬᠥᠰᠢᠭᠦᠷ ᠂ ᠬᠡᠦᠬᠡᠳ ᠤᠨ ᠲᠣᠭᠯᠠᠯᠲᠠ ᠶᠢᠨ ᠬᠤᠪᠴᠠᠰᠤ ᠵᠡᠷᠭᠡ ᠶᠢ ᠬᠤᠳᠠᠯᠳᠤᠨ ᠠᠪᠴᠢᠷᠠᠭᠠᠳ ᠵᠢᠯ ᠳᠡᠭᠡᠨ ᠬᠡᠳᠦ ᠤᠳᠠᠭ᠎ᠠ | ᠵᠠᠷᠤᠳᠠᠭ ᠦᠭᠡᠢ ᠂ ᠬᠥᠮᠥᠨ ᠳᠤ ᠬᠦᠷᠭᠡᠭᠡᠳ ᠪᠠᠰᠠ ᠠᠪᠬᠤ ᠬᠥᠮᠥᠨ ᠪᠠᠶᠢᠳᠠᠭ ᠦᠭᠡᠢ ᠂ ᠬᠠᠶᠠᠴᠢᠬᠠᠪᠠᠯ ᠳᠠᠩᠴᠤ ᠬᠠᠷᠠᠮᠰᠠᠯᠲᠠᠢ ᠂ ᠪᠤᠰᠤᠳ ᠰᠠᠭᠤᠭᠠᠯᠢ ᠠᠷᠠᠳ | ᠤᠳ ᠬᠡᠷᠡᠭᠴᠡᠭᠡ ᠲᠠᠢ ᠦᠶ᠎ᠡ ᠳᠤ ᠯᠡ ᠡᠷᠢᠵᠤ ᠰᠠᠨᠳᠤᠷᠳᠠᠭ ᠪᠣᠯᠬᠤᠷ ᠪᠢᠳᠡ ᠬᠠᠮᠲᠤ ᠪᠠᠷ ᠡᠳ᠋ᠯᠡᠬᠦ ᠥᠷᠲᠡᠭᠡ ᠶᠢ ᠪᠠᠶᠢᠭᠤᠯᠤᠭᠰᠠᠨ ᠶᠤᠮ ᠂ ᠰᠠᠭᠤᠭᠠᠯᠢ ᠠᠷᠠᠳ | ᠬᠡᠷᠡᠭᠴᠡᠭᠡ ᠲᠠᠢ ᠪᠣᠯ ᠴᠥᠮ ᠠᠳᠡ ᠢᠷᠡᠵᠦ ᠵᠢᠭᠡᠯᠡᠵᠦ ᠪᠣᠯᠣᠨ᠎ᠠ ᠂ ᠡᠰᠡᠬᠦᠯ᠎ᠡ ᠰᠤᠯᠠ ᠲᠠᠯᠪᠢᠵᠤ ᠪᠠᠶᠢᠭ᠎ᠠ ᠡᠳ᠋ ᠪᠣᠳᠠᠰ ᠢ ᠴᠤ ᠠᠳᠡ ᠲᠠᠯᠪᠢᠵᠤ ᠣᠯᠠᠨ ᠳᠤ | ᠬᠡᠷᠡᠭᠯᠡᠭᠦᠯᠵᠦ ᠪᠣᠯᠣᠨ᠎ᠠ ︾ ᠂ ︽ ᠰᠢᠩ ᠹᠦ᠋ ᠯᠢ ᠬᠠᠮᠲᠤ ᠪᠠᠷ ᠡᠳ᠋ᠯᠡᠬᠦ ᠥᠷᠲᠡᠭᠡ ︾ ᠶᠢᠨ ᠬᠠᠷᠢᠭᠤᠴᠠᠯᠭᠠᠲᠠᠨ ᠵᠧᠦ ᠬᠠᠢ ᡁᠢ ᠄ ︽ ᠮᠠᠨ ᠤ ᠠᠳᠡᠬᠢ ᠶᠢᠨ ᠴᠠᠬᠢᠯᠭᠠᠨ | ᠥᠷᠥᠮᠳᠡᠬᠦᠷ ᠢ ᠬᠡᠷᠡᠭᠯᠡᠬᠦ ᠨᠣᠷᠮ᠎ᠠ ᠮᠠᠰᠢ ᠥᠨᠳᠥᠷ ᠪᠠᠶᠢᠳᠠᠭ ᠂ ᠥᠷᠥᠮᠳᠡᠬᠦᠷ ᠳᠤᠲᠠᠭᠳᠠᠵᠤ ᠪᠠᠶᠢᠭ᠎ᠠ ᠶᠢ ᠰᠠᠭᠤᠭᠠᠯᠢ ᠠᠷᠠᠳ ᠮᠡᠳᠡᠭᠰᠡᠨ ᠤ ᠳᠠᠷᠠᠭ᠎ᠠ ᠪᠠᠰᠠ ᠡᠳᠦᠢ | ᠲᠡᠳᠦᠢ ᠥᠷᠥᠮᠳᠡᠬᠦᠷ ᠬᠤᠳᠠᠯᠳᠤᠨ ᠠᠪᠴᠤ ᠠᠳᠡ ᠲᠠᠯᠪᠢᠵᠤ ᠣᠯᠠᠨ ᠳᠤ ᠬᠡᠷᠡᠭᠯᠡᠭᠦᠯᠵᠤ ᠪᠤᠢ ︾ ᠭᠡᠬᠦ ᠶᠤᠮ ᠃ | | ᠵᠢᠷᠤᠭ ᠄ ᠪᠠᠢ ᠶᠦᠨ ᠨᠡᠶᠢᠭᠡᠮ ᠲᠣᠭᠤᠷᠢᠭ ᠤᠨ ︽ ᠰᠢᠩ ᠹᠦ᠋ ᠯᠢ ᠬᠠᠮᠲᠤ ᠪᠠᠷ ᠡᠳ᠋ᠯᠡᠬᠦ ᠥᠷᠲᠡᠭᠡ ︾ ᠶᠢᠨ ᠡᠳ᠋ ᠪᠣᠳᠠᠰ ᠮᠠᠰᠢ ᠣᠯᠠᠨ ᠪᠠᠶᠢᠵᠤ ᠂ ᠶᠠᠭ ᠯᠠ ︽ | ᠡᠷᠳᠡᠨᠢ ᠶᠢᠨ ᠤᠭᠤᠲᠠ ︾ ᠮᠡᠲᠦ ᠪᠠᠶᠢᠯ᠎ᠠ ᠃ | | ︽ ᠬᠠᠮᠲᠤ ᠪᠠᠷ ᠡᠳ᠋ᠯᠡᠬᠦ ︾ ᠣᠶᠢᠯᠠᠭᠠᠭᠳᠠᠬᠤᠨ ᠤ ᠭᠦᠨᠵᠡᠭᠡᠢ ᠦᠢᠯᠡᠳᠦᠯᠭᠡᠵᠢᠬᠦ ᠶᠢ ᠳᠠᠭᠠᠯᠳᠤᠨ ᠂ ︽ ᠪᠣᠳᠠᠰ ᠢ ᠬᠠᠮᠲᠤ ᠪᠠᠷ ᠡᠳ᠋ᠯᠡᠬᠦ ︾ ᠨᠢ ᠬᠦᠷᠰᠢ ᠵᠡᠷᠭᠡᠯᠡᠳᠡᠭᠡ | ᠶᠢᠨ ᠬᠢᠨ ᠳᠤ ᠳᠤᠩ ᠳᠦᠬᠦᠮ ᠦᠵᠡᠬᠦᠯᠵᠤ ᠪᠠᠶᠢᠭ᠎ᠠ ᠨᠢ ᠢᠯᠡᠷᠭᠡᠢ ᠪᠠᠶᠢᠨ᠎ᠠ ᠃ ︽ ᠬᠠᠮᠲᠤ ᠪᠠᠷ ᠡᠳ᠋ᠯᠡᠬᠦ ︾ ᠨᠢ ᠲᠣᠭᠲᠠᠩᠭᠤᠢ ᠡᠳ᠋ ᠪᠣᠳᠠᠰ ᠤᠨ ᠭᠦᠢᠯᠭᠡᠭᠡᠨ ᠳᠤ ᠯᠡ | ᠬᠢᠵᠠᠭᠠᠷᠯᠠᠭᠳᠠᠬᠤ ᠪᠢᠰᠢ ᠪᠣᠯᠵᠤ ᠂ ᠦᠷᠭᠦᠯᠵᠢᠯᠡᠨ ᠲᠠᠰ ᠳᠡᠪᠰᠢᠭᠡᠳ ︽ ᠬᠥᠮᠥᠨ ᠢ ᠬᠠᠮᠲᠤ ᠪᠠᠷ ᠡᠳ᠋ᠯᠡᠬᠦ ︾ ᠬᠡᠮᠵᠢᠶᠡᠨ ᠳᠤ ᠭᠦᠷᠦᠭᠰᠡᠨ ᠪᠠᠶᠢᠨ᠎ᠠ ᠃ | ᠵᠡᠭᠦᠨᠭᠠᠷ ᠬᠤᠰᠢᠭᠤᠨ ᠤ ᠯᠠᠨ ᠲᠢᠶᠠᠨ ᠵᠡᠭᠡᠯᠢ ᠭᠤᠳᠤᠮᠵᠢ ᠶᠢᠨ ᠲᠢᠶᠧ ᠪᠧᠢ ᠨᠡᠶᠢᠭᠡᠮ ᠲᠣᠭᠤᠷᠢᠭ ᠲᠤ ᠂ ᠡᠶᠢᠮᠦ ᠨᠢᠭᠡ ᠪᠦᠯᠦᠭ ᠬᠠᠯᠠᠭᠤᠨ ᠰᠡᠳᠬᠢᠯ ᠲᠠᠢ | ᠠᠵᠢᠯ ᠠᠴᠠ ᠪᠠᠨ ᠠᠮᠠᠷᠠᠭᠰᠠᠨ ᠡᠮᠡᠭᠡ ᠨᠠᠷ ᠪᠠᠶᠢᠳᠠᠭ ᠂ ᠳᠡᠳᠡ ︽ ᠬᠠᠮᠲᠤ ᠶᠢᠨ ᠡᠮᠡᠭᠡ ︾ ᠡᠮᠡᠭᠲᠡᠶᠢᠴᠦᠳ ᠤᠨ ᠰᠠᠶᠢᠨ ᠳᠤᠷ᠎ᠠ ᠶᠢᠨ ᠦᠢᠯᠡᠴᠢᠯᠡᠭᠡᠨ ᠤ | ᠠᠩᠭᠢ ᠶᠢ ᠵᠣᠬᠢᠶᠠᠨ ᠪᠠᠶᠢᠭᠤᠯᠵᠠᠢ ᠃ ᠵᠠᠯᠠᠭᠤ ᠠᠪᠤ ᠡᠵᠢ ᠨᠠᠷ ᠠᠵᠢᠯ ᠶᠠᠭᠠᠷᠠᠤ ᠤᠴᠢᠷ ᠠᠴᠠ ᠬᠡᠦᠬᠡᠳ ᠢᠶᠠᠨ ᠬᠠᠷᠠᠭᠠᠯᠵᠠᠬᠤ ᠵᠠᠪ ᠦᠭᠡᠢ ᠪᠠᠶᠢᠳᠠᠭ ᠂ ᠢᠩᠬᠢᠬᠦ ᠳᠤ | ᠡᠳᠡᠭᠡᠷ ᠡᠮᠡᠭᠡ ᠨᠠᠷ︽ ᠦᠯᠡᠳᠡᠪᠦᠷᠢ ᠢᠯᠴᠢ︾ ᠪᠠᠨ ᠪᠠᠳᠠᠷᠠᠭᠤᠯᠵᠤ ᠂ ᠬᠡᠷᠪᠡ ᠭᠡᠷ ᠤᠨ ᠠᠬᠠᠮᠠᠳ ᠱᠠᠭᠠᠷᠳᠠᠯᠭ᠎ᠠ ᠲᠠᠢ ᠪᠣᠯ ᠨᠢᠭᠡ ᠯᠡ ᠤᠳᠠᠰᠤᠳᠠᠪᠠᠯ ︽ | ᠬᠠᠮᠲᠤ ᠶᠢᠨ ᠡᠮᠡᠭᠡ︾ ᠨᠢ ᠬᠡᠦᠬᠡᠳ ᠤᠨ ︽ ᠲᠦᠷ ᠴᠠᠭ ᠤᠨ ᠰᠠᠬᠢᠨ ᠬᠠᠮᠠᠭᠠᠯᠠᠭᠴᠢ︾ ᠪᠣᠯᠵᠤ ᠂ ᠴᠠᠭ ᠲᠠᠭᠠᠨ ᠰᠤᠷᠭᠠᠭᠤᠯᠢ ᠶᠢᠨ ᠡᠭᠦᠳᠡᠨ ᠳᠤ ᠢᠷᠡᠵᠦ ᠂ | ᠬᠡᠦᠬᠡᠳ ᠤᠨ ᠪᠢᠴᠢᠬᠠᠨ ᠭᠠᠷ ᠠᠴᠠ ᠨᠢ ᠬᠥᠲᠥᠯᠵᠦ ᠂ ᠠᠮᠤᠷ ᠲᠦᠪᠰᠢᠨ ᠢᠶᠠᠷ ᠭᠡᠷ ᠲᠤᠨᠢ ᠬᠦᠷᠭᠡᠵᠦ ᠥᠭᠲᠡᠭ︔ ᠬᠡᠦᠬᠡᠳ ᠲᠤ ᠬᠦᠯᠢᠴᠡᠩᠭᠦᠢ ᠪᠠᠷ ᠬᠠᠨᠢ ᠪᠣᠯᠵᠤ | ᠳᠠᠰᠬᠠᠯ ᠢ ᠨᠢ ᠬᠢᠯᠭᠡᠵᠦ ᠂ ᠰᠣᠨᠢᠷᠬᠠᠯᠲᠠᠢ ᠦᠯᠢᠭᠡᠷ ᠤᠳ ᠢ ᠶᠠᠷᠢᠵᠤ ᠂ ᠠᠮᠢᠳᠤᠷᠠᠯ ᠤᠨ ᠵᠢᠵᠢᠭ ᠠᠷᠭ᠎ᠠ ᠳᠡᠮ ᠢ ᠤᠯᠠᠮᠵᠢᠯᠠᠨ᠎ᠠ᠃ ᠪᠠᠰᠠ ᠬᠡᠦᠬᠡᠳ ᠤᠳ ᠢ ᠳᠠᠭᠠᠭᠤᠯᠵᠤ | ᠭᠠᠷ ᠤᠷᠠᠯᠠᠯ ᠪᠠ ᠲᠣᠭᠯᠠᠭᠠᠮ ᠤᠨ ᠠᠵᠢᠯ ᠳᠤ ᠣᠷᠣᠯᠴᠠᠭᠤᠯᠳᠠᠭ ᠪᠠᠶᠢᠨ᠎ᠠ᠃ ᠭᠡᠷ ᠤᠨ ᠠᠬᠠᠮᠠᠳ ᠲᠠᠯᠠᠷᠬᠠᠯ ᠤᠨ ᠰᠡᠳᠬᠢᠯᠭᠡ ᠪᠠᠨ ᠢᠯᠡᠳᠬᠡᠬᠦ ᠶᠢᠨ ᠲᠥᠯᠥᠭᠡ ᠡᠮᠡᠭᠡ | ᠨᠠᠷ ᠲᠡᠭᠡᠨ ᠠᠮᠢᠳᠤᠷᠠᠯ ᠤᠨ ᠬᠡᠷᠡᠭᠰᠡᠯ ᠬᠦᠷᠭᠡᠵᠦ ᠂ ᠲᠡᠳᠡᠨ ᠲᠠᠢ ᠵᠣᠭᠤᠭᠳᠠᠨ ᠂ ᠡᠯᠧᠺᠲᠷᠣᠨ ᠪᠦᠲᠦᠭᠡᠭᠳᠡᠬᠦᠨ ᠤ ᠬᠡᠷᠡᠭᠯᠡᠯᠲᠡ ᠶᠢᠨ ᠲᠠᠯ᠎ᠠ ᠪᠠᠷ ᠬᠢ ᠬᠦᠴᠢᠷᠳᠡᠯ ᠢ ᠨᠢ | ᠰᠢᠢᠳᠪᠦᠷᠢᠯᠡᠵᠦ ᠥᠭᠲᠡᠭ᠃ | | ᠵᠢᠷᠤᠭ ᠄ ︽ ᠬᠠᠮᠲᠤ ᠶᠢᠨ ᠡᠮᠡᠭᠡ ︾ ᠪᠢᠴᠢᠬᠠᠨ ᠨᠠᠶᠢᠵᠠ ᠨᠠᠷ ᠲᠤ ᠬᠠᠨᠢ ᠪᠣᠯᠵᠤ ᠡᠤ ᠽᠢ ᠰᠢᠲᠠᠷ᠎ᠠ ᠲᠣᠭᠯᠠᠨ᠎ᠠ ᠃ | | ︽ ᠡᠮᠡᠭᠡ ᠠ᠋ ᠂ ᠡᠨᠡ ᠦᠰᠦᠭ ᠢ ᠶᠠᠭᠠᠬᠢᠵᠤ ᠤᠩᠰᠢᠬᠤ ᠪᠤᠶ︖ ︾ ᠂ ︽ ᠡᠮᠡᠭᠡ ᠠ᠋ ᠂ ᠪᠢ ᠡᠨᠡ ᠦᠯᠢᠭᠡᠷ ᠢ ᠰᠣᠨᠣᠰᠤᠶ᠎ᠠ ᠭᠡᠵᠦ ᠪᠣᠳᠣᠵᠤ ᠪᠠᠶᠢᠨ᠎ᠠ ︾ ᠂ ︽ | ᠡᠮᠡᠭᠡ ᠠ᠋ ᠂ ᠲᠠ ᠨᠠᠳᠠ ᠳᠤ ᠨᠠᠶᠢᠷ ᠳᠠᠯᠪᠢᠴᠢᠬ᠎ᠠ ︾ ᠁ ᠲᠢᠶᠧ ᠪᠧᠢ ᠨᠡᠶᠢᠭᠡᠮ ᠲᠣᠭᠤᠷᠢᠭ ᠤᠨ ᠨᠠᠮ ᠪᠣᠯᠣᠨ ᠤᠯᠠᠨ ᠲᠦᠮᠡᠨ ᠤ ᠦᠢᠯᠡᠴᠢᠯᠡᠭᠡᠨ ᠤ ᠲᠥᠪ ᠲᠤ | ᠬᠦᠷᠬᠦ ᠳᠤ ᠂ ᠬᠡᠳᠦᠨ ᠡᠮᠡᠭᠡ ᠬᠡᠦᠬᠡᠳ ᠢ ᠳᠠᠭᠠᠭᠤᠯᠤᠨ ᠨᠣᠮ ᠦᠵᠡᠵᠦ ᠂ ᠡᠤ ᠽᠢ ᠰᠢᠲᠠᠷ᠎ᠠ ᠲᠠᠯᠪᠢᠵᠤ ᠂ ᠤᠶᠤᠨ ᠳᠤ ᠲᠤᠰᠠᠲᠠᠢ ᠲᠣᠭᠯᠠᠭᠠᠮ ᠬᠢᠵᠦ ᠪᠠᠶᠢᠬᠤ ᠲᠠᠢ | ᠳᠠᠭᠠᠷᠠᠯᠳᠤᠨ᠂ ᠡᠮᠡᠭᠡ ᠨᠠᠷ ᠤᠨ ᠬᠦᠳᠡᠯᠤᠯ ᠪᠠᠷᠢᠯ ᠠᠴᠠ ᠳᠡᠳᠡᠨ ᠤ ᠬᠠᠯᠠᠭᠤᠨ ᠳᠣᠲᠣᠨᠣ ᠬᠠᠶᠢᠷ᠎ᠠ ᠰᠡᠳᠬᠢᠯᠭᠡ ᠶᠢ ᠤᠯᠵᠤ ᠬᠠᠷᠠᠯ᠎ᠠ᠃ | | ᠵᠢᠷᠤᠭ ᠄ ︽ᠬᠠᠮᠲᠤ ᠶᠢᠨ ᠡᠮᠡᠭᠡ︾ ᠪᠢᠴᠢᠬᠠᠨ ᠨᠠᠶᠢᠵᠠ ᠨᠠᠷ ᠲᠤ ᠨᠣᠮ ᠤᠩᠰᠢᠵᠤ ᠦᠭᠴᠤ ᠪᠠᠶᠢᠭ᠎ᠠ ᠨᠢ᠃ | | ︽ ᠪᠢ ︿ ᠬᠠᠮᠲᠤ ᠶᠢᠨ ᠡᠮᠡᠭᠡ ﹀ ᠶᠢᠨ ᠤᠶᠢᠯᠡᠴᠢᠯᠡᠭᠡᠨ ᠤ ᠠᠩᠬᠢ ᠳᠤ ᠣᠷᠣᠯᠴᠠᠭᠠᠳ ᠳᠣᠯᠤᠭ᠎ᠠ ᠨᠠᠢᠮᠠᠨ ᠵᠢᠯ ᠪᠣᠯᠵᠤ ᠪᠠᠶᠢᠨ᠎ᠠ ᠂ ᠰᠠᠭᠤᠭᠠᠯᠢ ᠠᠷᠠᠳ | ᠬᠡᠷᠡᠭᠴᠡᠭᠡ ᠲᠠᠢ ᠯᠡ ᠶᠤᠮ ᠪᠣᠯ ᠪᠢᠳᠡ ᠪᠠᠰᠠ ᠭᠡᠷ ᠲᠤᠨᠢ ᠤᠴᠢᠵᠤ ᠬᠡᠦᠬᠡᠳ ᠲᠤ ᠬᠠᠨᠢ ᠪᠤᠯᠵᠤ ᠪᠣᠯᠣᠨ᠎ᠠ ᠃ ᠡᠳᠦᠢ ᠣᠯᠠᠨ ᠵᠢᠯ ᠤᠨ ᠲᠤᠷᠰᠢ ᠂ ᠪᠢ ᠡᠲᠡᠭᠡᠷ | ᠬᠡᠦᠬᠡᠳ ᠤᠳ ᠲᠠᠢ ᠭᠦᠨ ᠵᠤᠵᠠᠭᠠᠨ ᠬᠠᠶᠢᠷ᠎ᠠ ᠰᠡᠳᠬᠢᠯᠭᠡ ᠲᠠᠢ ᠪᠣᠯᠵᠤ ᠂ ᠵᠠᠷᠢᠮ ᠳᠠᠭᠠᠨ ᠵᠠᠮ ᠳᠡᠭᠡᠷ᠎ᠡ ᠂ ᠬᠡᠲᠦ ᠳᠡᠯᠭᠡᠭᠦᠷ ᠲᠤ ᠂ ᠬᠡᠦᠬᠡᠳ ᠤᠳ ᠨᠠᠳᠠ ᠲᠠᠢ | ᠠᠭᠤᠯᠵᠠᠪᠠᠯ ᠬᠤᠯᠠ ᠠᠴᠠ ︿ ᠼᠦᠢ ᠡᠮᠡᠭᠡ ﹀ ᠭᠡᠵᠦ ᠳᠠᠭᠤᠳᠠᠳᠠᠭ ᠂ ᠳᠡᠷᠡ ᠦᠶ᠎ᠡ ᠳᠤ ᠰᠡᠳᠬᠢᠯ ᠳᠤ ᠬᠠᠯᠠᠭᠤᠬᠠᠨ ᠰᠠᠨᠠᠬᠳᠠᠬᠤ ᠶᠢ ᠪᠦᠦ ᠭᠡᠯᠡ ︾ ᠭᠡᠵᠦ ᠲᠢᠶᠧ | ᠪᠧᠢ ᠨᠡᠶᠢᠭᠡᠮ ᠲᠣᠭᠤᠷᠢᠭ ᠤᠨ ︽ ᠬᠠᠮᠲᠤ ᠶᠢᠨ ᠡᠮᠡᠭᠡ︾ ᠼᠦᠢ ᠯᠧᠢ ᠪᠠᠶᠠᠷᠳᠠᠶᠢᠬᠠᠨ ᠶᠠᠷᠢᠨ᠎ᠠ᠃ | | ᠵᠢᠷᠤᠭ ᠄ ︽ ᠬᠠᠮᠲᠤ ᠶᠢᠨ ᠡᠮᠡᠭᠡ ︾ ᠨᠠᠷ ᠪᠢᠴᠢᠬᠠᠨ ᠨᠠᠶᠢᠵᠠ ᠨᠠᠷ ᠲᠠᠢ ᠬᠠᠮᠳᠤ ᠲᠣᠭᠯᠠᠭᠠᠮ ᠲᠣᠭᠯᠠᠨ᠎ᠠ ᠃ | | ︽ ᠬᠠᠮᠲᠤ ᠶᠢᠨ ᠡᠮᠡᠭᠡ︾ ᠨᠢ ᠬᠤᠣᠰ ᠠᠵᠢᠯᠲᠠᠨ ᠠᠵᠢᠯᠴᠢᠨ ᠤ ᠭᠡᠷ ᠪᠦᠯᠢ ᠶᠢ ᠠᠵᠢᠯ ᠠᠴᠠ ᠪᠠᠨ ᠠᠮᠠᠷᠠᠭᠰᠠᠨ ᠨᠠᠰᠤᠲᠠᠶᠢᠴᠤᠳ ᠲᠠᠢ ᠬᠤᠯᠪᠣᠵᠤ ᠂ | ᠨᠠᠰᠤᠲᠠᠶᠢᠴᠤᠳ ᠲᠤ ᠨᠢᠭᠡ ᠵᠦᠢᠯ ᠤᠨ ᠳᠠᠬᠢᠨ ᠠᠵᠢᠯ ᠣᠯᠬᠤ ᠪᠠ ᠨᠡᠶᠢᠭᠡᠮ ᠳᠤ ᠠᠭᠤᠰᠤᠯᠴᠠᠬᠤ ᠠᠷᠭ᠎ᠠ ᠮᠠᠶ᠋ᠢᠭ ᠢ ᠬᠠᠩᠭᠠᠨ ᠥᠭᠴᠦ ᠂ ᠨᠠᠰᠤᠳᠠᠶᠢᠴᠤᠳ | ᠤᠯᠠᠰᠢᠷᠠᠬᠰᠠᠨ ᠨᠡᠶᠢᠭᠡᠮ ᠤᠨ ᠪᠠᠶᠢᠳᠠᠯ ᠢ ᠠᠷᠭᠠᠴᠠᠭᠠᠬᠤ ᠰᠢᠨ᠎ᠡ ᠶᠢ ᠡᠭᠦᠳᠦᠭᠰᠡᠨ ᠬᠠᠶᠢᠨ ᠰᠦᠪᠡᠭᠴᠢᠯᠡᠯᠳᠡ ᠶᠢ ᠢᠯᠡᠷᠡᠭᠦᠯᠦᠭᠰᠡᠨ ᠪᠠᠶᠢᠨ᠎ᠠ ᠃ ᠡᠨᠡ ᠨᠢ ᠴᠢᠰᠤᠨ | ᠲᠥᠷᠥᠯ ᠤᠨ ᠪᠤᠰᠤ ᠬᠠᠷᠢᠴᠠᠭᠠᠨ ᠤ ᠬᠤᠭᠤᠷᠣᠨᠳᠣᠬᠢ ᠬᠠᠷᠢᠯᠴᠠᠨ ᠬᠠᠪᠰᠤᠷᠤᠯᠴᠠᠬᠤ ᠵᠠᠭᠪᠤᠷ ᠢᠶᠠᠷ ᠭᠡᠷ ᠪᠦᠯᠢ ᠶᠢᠨ ᠴᠢᠳᠠᠮᠵᠢ ᠶᠢᠨ ᠬᠦᠷᠦᠯᠴᠡᠬᠦ ᠦᠭᠡᠢ ᠲᠠᠯ᠎ᠠ ᠶᠢ | ᠬᠡᠷᠬᠢᠨ ᠨᠥᠬᠦᠪᠦᠷᠢᠯᠡᠬᠦ ᠶᠢ ᠬᠠᠷᠠᠭᠤᠯᠤᠭᠰᠠᠨ ᠢᠶᠠᠷ ᠪᠠᠷᠠᠬᠤ ᠦᠭᠡᠢ ᠂ ᠪᠠᠰᠠ ᠨᠡᠶᠢᠭᠡᠮ ᠤᠨ ᠬᠥᠮᠥᠰ ᠤᠨ ᠬᠠᠷᠢᠴᠠᠭᠠᠨ ᠤ ᠰᠠᠶᠢᠨ ᠨᠥᠬᠦᠴᠡᠯᠳᠦᠯ ᠢ ᠠᠬᠢᠭᠤᠯᠵᠤ ᠂ | ᠨᠡᠶᠢᠭᠡᠮ ᠲᠣᠭᠤᠷᠢᠭ ᠤᠨ ᠰᠠᠭᠤᠭᠠᠯᠢ ᠠᠷᠠᠳ ᠤᠨ ᠠᠮᠢᠳᠤᠷᠠᠯ ᠤᠨ ᠴᠢᠨᠠᠷ ᠴᠢᠨᠰᠠᠭ᠎ᠠ ᠪᠠ ᠵᠣᠯ ᠵᠢᠷᠭᠠᠯᠳᠤ ᠳᠦᠷᠦᠭᠳᠡᠯ ᠢ ᠳᠡᠭᠡᠭᠰᠢᠯᠡᠭᠦᠯᠦᠭᠰᠡᠨ ᠪᠠᠶᠢᠨ᠎ᠠ᠃ 2024 | ᠣᠨ ᠠᠴᠠ ᠨᠠᠭᠠᠰᠢ ᠂ ᠲᠢᠶᠧ ᠪᠧᠢ ᠨᠡᠶᠢᠭᠡᠮ ᠲᠣᠭᠤᠷᠢᠭ ᠤᠨ︽ᠬᠠᠮᠲᠤ ᠶᠢᠨ ᠡᠮᠡᠭᠡ︾ ᠡᠮᠡᠭᠲᠡᠶᠢᠴᠦᠳ ᠤᠨ ᠰᠠᠶᠢᠨ ᠳᠤᠷ᠎ᠠ ᠶᠢᠨ ᠦᠢᠯᠡᠴᠢᠯᠡᠭᠡᠨ ᠤ ᠠᠩᠭᠢ ᠶᠢᠨ | ᠭᠡᠰᠢᠭᠦᠨ 9 ᠪᠤᠯᠤᠨ ᠦᠷᠭᠡᠳᠴᠤ ᠂ ᠨᠡᠶᠢᠲᠡ 50 ᠭᠠᠷᠤᠢ ᠡᠷᠦᠬᠡ ᠳᠤ ᠦᠢᠯᠡᠴᠢᠯᠡᠪᠡ᠃ | ᠵᠡᠭᠦᠨᠭᠠᠷ ᠬᠤᠰᠢᠭᠤᠨ ᠳᠤ ᠂ ︽ᠬᠠᠮᠲᠤᠪᠠᠷ ᠡᠳ᠋ᠯᠡᠬᠦ︾ ᠨᠢ ᠳᠥᠭᠦᠮᠬᠡᠨ ᠤᠶᠢᠯᠠᠭᠠᠬᠳᠠᠬᠤᠨ ᠪᠢᠰᠢ᠂ ᠬᠠᠷᠢᠨ ᠡᠳᠦᠷ ᠲᠤᠳᠤᠮ ᠤᠨ ᠠᠵᠢᠯᠯᠠᠭ᠎ᠠ ᠪᠣᠯᠵᠤ ᠂ ᠬᠥᠷᠰᠢ | ᠵᠡᠷᠭᠡᠯᠡᠳᠡᠭᠡ ᠶᠢᠨ ᠬᠤᠭᠤᠷᠣᠨᠳᠣᠬᠢ ᠬᠠᠪᠰᠤᠷᠤᠯᠴᠠᠭ᠎ᠠ ᠪᠣᠯᠣᠨ ᠬᠠᠶᠢᠷ᠎ᠠ ᠬᠠᠯᠠᠮᠵᠢ ᠨᠢ ᠬᠠᠮᠲᠤᠪᠠᠷ ᠡᠳ᠋ᠯᠡᠬᠦ ︽ᠬᠥᠷᠥᠰᠥ ᠰᠢᠷᠣᠢ︾ ᠳᠤᠮᠳᠠ ᠦᠨᠳᠦᠰᠦ ᠬᠠᠳᠬᠤᠨ | ᠰᠣᠶᠣᠭᠠᠯᠠᠵᠤ ᠂ ᠬᠠᠯᠠᠭᠤᠨ ᠳᠤᠯᠠᠭᠠᠨ ᠡᠶ᠎ᠡ ᠵᠣᠬᠢᠴᠠᠩᠭᠤᠢ ᠠᠮᠢᠳᠤᠷᠠᠯ ᠤᠨ ᠰᠢᠨ᠎ᠡ ᠬᠠᠭᠤᠳᠠᠰᠤ ᠶᠢ ᠳᠡᠯᠭᠡᠨ ᠦᠵᠡᠭᠦᠯᠤᠨ᠎ᠠ ᠁ | | | | |