| ︽ ᠪᠢ ᠳᠡᠭᠰᠢ ᠤᠷᠤᠢ ᠲᠠᠢ ᠭᠡᠷ ᠲᠤ 30 ᠭᠠᠷᠤᠢ ᠵᠢᠯ ᠠᠮᠢᠳᠤᠷᠠᠵᠤ ᠂ ᠡᠯᠡᠭᠳᠡᠵᠤ ᠬᠠᠭᠤᠴᠢᠷᠠᠨ ᠂ ᠭᠠᠳᠠᠬᠰᠢ ᠭᠠᠷᠬᠤ ᠵᠠᠮ ᠨᠢ ᠳᠡᠭᠰᠢ ᠦᠭᠡᠢ ᠂ ᠳᠡᠷᠭᠡ | ᠵᠤᠬᠰᠤᠭᠠᠬᠤ ᠳᠤ ᠴᠦ ᠳᠦᠬᠦᠮ ᠦᠭᠡᠢ ᠪᠠᠶᠢᠬᠰᠠᠨ ᠶᠤᠮ ᠂ ᠡᠨᠡ ᠤᠳᠠᠭ᠎ᠠ ᠨᠡᠬᠦᠵᠤ ᠠᠰᠠᠷ ᠲᠤ ᠤᠷᠤᠯ᠎ᠠ ᠂ ᠴᠠᠬᠢᠯᠭᠠᠨ ᠱᠠᠳᠤ ᠲᠠᠢ ᠂ ᠳᠤᠯᠠᠭᠠᠯᠠᠮᠵᠢ ᠲᠠᠢ ᠂ | ᠬᠦᠭᠰᠢᠨ ᠮᠠᠨ ᠤ ᠬᠤᠶᠠᠭᠤᠯᠠ ᠪᠠᠨ ᠭᠠᠳᠠᠬᠰᠢ ᠭᠠᠷᠴᠤ ᠡᠷᠬᠢᠴᠡᠭᠡᠳ ᠬᠠᠷᠢᠵᠤ ᠢᠷᠡᠬᠦ ᠳᠤ ᠭᠡᠷ ᠳᠤᠪ ᠳᠤᠯᠠᠭᠠᠨ ᠪᠤᠯᠬᠤᠷ ᠂ ᠰᠡᠳᠬᠢᠯ ᠳᠤ ᠮᠠᠰᠢ ᠳᠠᠭᠠᠯᠠᠬᠳᠠᠵᠤ | ᠪᠠᠶᠢᠨ᠎ᠠ ︾ ᠭᠡᠵᠤ ᠵᠡᠬᠦᠠᠭᠠᠷ ᠵᠤᠤ ᠪᠠᠯᠭᠠᠰᠤᠨ ᠤ ᠮᠢᠨ ᠾᠧ ᠨᠡᠶᠢᠭᠡᠮ ᠳᠤᠭᠤᠷᠢᠭ ᠤᠨ ᠰᠠᠭᠤᠭᠠᠯᠢ ᠠᠷᠠᠳ ᠵᠠᠩ ᠢᠤᠢ ᠮᠸᠢ ᠪᠠᠶᠠᠷᠳᠠᠶᠢᠬᠠᠨ ᠶᠠᠷᠢᠨ᠎ᠠ ᠃ | | ᠵᠢᠷᠤᠭ ᠄ ᠵᠠᠩ ᠢᠤᠢ ᠮᠸᠢ ᠬᠦᠭᠰᠢᠨ ᠲᠠᠢ ᠬᠤᠶᠠᠭᠤᠯᠠ ᠰᠢᠨ᠎ᠠ ᠭᠡᠷ ᠲᠡᠭᠡᠨ ᠨᠡᠬᠦᠵᠤ ᠤᠷᠤᠯ᠎ᠠ ᠃ ᠾᠧ ᠷᠦᠨ ᠰᠡᠬᠦᠳᠡᠷᠯᠡᠪᠡ | | ᠬᠦᠳᠡᠭᠡ ᠳᠤᠰᠬᠤᠨ ᠢ ᠬᠦᠭᠵᠢᠬᠦᠯᠤᠨ ᠮᠠᠨᠳᠤᠭᠤᠯᠬᠤ ᠶᠢ ᠪᠦᠬᠦ ᠳᠠᠯ᠎ᠠ ᠪᠠᠷ ᠠᠬᠢᠭᠤᠯᠬᠤ ᠂ ᠬᠤᠳᠠ ᠪᠠᠯᠭᠠᠰᠤᠵᠢᠯᠳᠠ ᠶᠢᠨ ᠪᠦᠳᠤᠭᠡᠨ ᠪᠠᠶᠢᠭᠤᠯᠤᠯᠳᠠ ᠬᠢᠬᠦ ᠪᠠ | ᠬᠤᠳᠠ ᠬᠦᠳᠡᠭᠡ ᠶᠢ ᠠᠭᠤᠰᠤᠯᠴᠠᠭᠤᠯᠤᠨ ᠬᠦᠭᠵᠢᠬᠦᠯᠬᠦ ᠳᠦᠷᠦ ᠶᠢᠨ ᠪᠤᠳᠤᠯᠭ᠎ᠠ ᠶᠢᠨ ᠳᠠᠭᠠᠭᠤᠯᠭ᠎ᠠ ᠪᠠᠷ ᠂ ᠵᠡᠬᠦᠠᠭᠠᠷ ᠵᠤᠤ ᠪᠠᠯᠭᠠᠰᠤ ᠢᠳᠡᠪᠬᠢᠳᠡᠢ ᠴᠤᠤᠷᠢᠶᠠᠳᠤᠨ | ᠳᠠᠭᠠᠵᠤ ᠂ ᠪᠠᠯᠭᠠᠰᠤᠨ ᠤ ᠳᠤᠭᠤᠷᠢᠭ ᠤᠨ ᠰᠠᠭᠤᠭᠠᠯᠢ ᠠᠷᠠᠳ ᠤᠨ ᠤᠷᠤᠨ ᠰᠠᠭᠤᠴᠠ ᠶᠢᠨ ᠤᠷᠴᠢᠨ ᠳᠤᠭᠤᠷᠢᠨ ᠢ ᠦᠭᠡᠷᠡᠴᠢᠯᠡᠨ ᠰᠠᠶᠢᠵᠢᠷᠠᠭᠤᠯᠬᠤ ᠳᠦᠷᠤᠯ | ᠵᠤᠶᠢᠯ ᠢ ᠶᠡᠬᠡᠪᠠᠷ ᠠᠬᠢᠭᠤᠯᠤᠬᠰᠠᠨ ᠪᠠᠶᠢᠨ᠎ᠠ ᠃ ᠤᠳᠤᠬᠠᠨ ᠪᠤᠯᠳᠠᠯ᠎ᠠ ᠂ 417 ᠡᠷᠤᠭᠡ ᠶᠢᠨ ᠰᠠᠭᠤᠭᠠᠯᠢ ᠠᠷᠠᠳ ᠨᠡᠬᠦᠵᠤ ᠭᠠᠷᠬᠤ ᠵᠦᠪᠳᠡᠯᠴᠡᠭᠡᠷ ᠳᠤᠬᠳᠠᠵᠤ ᠂ | ᠵᠠᠷᠢᠮ ᠭᠡᠷ ᠪᠦᠯᠢ ᠶᠢᠨ ᠬᠢᠨ ᠰᠢᠨ᠎ᠠ ᠭᠡᠷ ᠢᠶᠠᠨ ᠵᠠᠰᠠᠨ ᠴᠢᠮᠡᠭᠯᠡᠵᠤ ᠂ ᠨᠡᠯᠢᠶᠡᠳ ᠳᠤᠭᠠᠨ ᠤ ᠰᠠᠭᠤᠭᠠᠯᠢ ᠠᠷᠠᠳ ᠰᠢᠨ᠎ᠠ ᠪᠠᠭᠤᠴᠠᠨ ᠳᠠᠭᠠᠨ ᠨᠡᠬᠦᠨ ᠤᠷᠤᠵᠤ ᠂ | ᠳᠡᠳᠡᠨ ᠤ ᠬᠦᠰᠡᠭᠡᠳ ᠤᠳᠠᠬᠰᠠᠨ ︽ ᠰᠢᠨ᠎ᠠ ᠵᠤᠯ ᠵᠢᠷᠭᠠᠯ ︾ ᠢᠶᠠᠨ ᠡᠳ᠋ᠯᠡᠵᠤ ᠂ ︽ ᠰᠠᠭᠤᠷᠢᠰᠢᠬᠤ ᠳᠤ ᠤᠷᠤᠨ ᠰᠠᠭᠤᠴᠠ ᠲᠠᠢ ︾ ᠪᠠᠶᠢᠬᠰᠠᠨ ᠠᠴᠠ ︽ | ᠰᠠᠭᠤᠷᠢᠰᠢᠬᠤ ᠳᠤ ᠳᠠᠭᠠᠯᠠᠮᠵᠢᠳᠠᠢ ᠤᠷᠤᠨ ᠰᠠᠭᠤᠴᠠ ᠲᠠᠢ ︾ ᠪᠤᠯᠤᠬᠰᠠᠨ ᠦᠰᠦᠷᠦᠯᠳᠡ ᠶᠢ ᠪᠡᠶᠡᠯᠡᠬᠦᠯᠦᠭᠰᠡᠨ ᠪᠠᠶᠢᠨ᠎ᠠ ᠃ | ᠵᠡᠬᠦᠠᠭᠠᠷ ᠵᠤᠤ ᠪᠠᠯᠭᠠᠰᠤ ᠶᠢᠨ ᠪᠠᠯᠭᠠᠰᠤᠨ ᠤ ᠳᠤᠭᠤᠷᠢᠭ ᠤᠨ ᠳᠡᠭᠰᠢ ᠤᠷᠤᠢ ᠲᠠᠢ ᠭᠡᠷ ᠨᠢ ᠨᠡᠬᠦᠵᠤ ᠭᠠᠷᠤᠬᠰᠠᠨ 542 ᠡᠷᠤᠭᠡ ᠲᠠᠢ ᠬᠤᠯᠪᠤᠬᠳᠠᠨ ᠂ ᠶᠡᠷᠦᠩᠭᠡᠢ | ᠳᠠᠯᠠᠪᠠᠢ ᠨᠢ98947 ᠳᠡᠭᠰᠢ ᠳᠦᠷᠪᠡᠯᠵᠢᠨ ᠮᠧᠲᠷ ᠲᠤ ᠬᠦᠷᠴᠡᠢ ᠃ ᠡᠳᠡᠭᠡᠷ ᠭᠡᠷ ᠪᠠᠶᠢᠰᠢᠩ ᠤᠨ ᠪᠦᠳᠤᠭᠡᠨ ᠪᠠᠶᠢᠭᠤᠯᠤᠯᠳᠠ ᠨᠢ ᠡᠮᠬᠢ ᠴᠡᠭᠴᠡ ᠦᠭᠡᠢ ᠪᠠᠶᠢᠵᠤ ᠂ | ᠰᠠᠭᠤᠷᠢ ᠳᠦᠬᠦᠭᠡᠷᠤᠮᠵᠢ ᠨᠢ ᠳᠦᠬᠦᠮ ᠳᠦᠳᠡ ᠂ ᠳᠤᠯᠠᠭᠠᠯᠠᠭ᠎ᠠ ᠬᠢᠬᠦ ᠳᠡᠭᠡᠨ ᠭᠤᠤᠯᠳᠠᠭᠤ ᠨᠡᠬᠦᠷᠡᠰᠤ ᠰᠢᠳᠠᠭᠠᠬᠤ ᠪᠠ ᠴᠠᠬᠢᠯᠭᠠᠨ ᠬᠦᠸᠧᠯᠤ ᠵᠠᠷᠤᠵᠤ ᠂ | ᠤᠶᠢᠯᠡᠳᠪᠤᠷᠢᠯᠡᠯ ᠠᠮᠢᠳᠤᠷᠠᠯ ᠤᠨ ᠪᠤᠬᠢᠷ ᠤᠰᠤ ᠶᠢ ᠪᠠᠯᠭᠠᠰᠤᠨ ᠤ ᠳᠤᠭᠤᠷᠢᠭ ᠤᠨ ᠭᠤᠤᠯ ᠬᠤᠭᠤᠯᠠᠢ ᠳᠤᠤᠷ ᠲᠤ ᠵᠠᠯᠭᠠᠵᠤ ᠤᠷᠤᠭᠤᠯᠤᠬᠰᠠᠨ ᠦᠭᠡᠢ ᠪᠤᠯᠬᠤᠷ | ᠪᠤᠷᠤᠭᠠᠨ ᠤ ᠤᠰᠤ ᠪᠠ ᠪᠤᠬᠢᠷ ᠤᠰᠤ ᠬᠤᠯᠢᠯᠳᠤᠨ ᠂ ᠤᠷᠤᠨ ᠰᠠᠭᠤᠴᠠ ᠶᠢᠨ ᠪᠦᠬᠦᠶᠢᠯᠡ ᠤᠷᠴᠢᠨ ᠳᠤᠭᠤᠷᠢᠨ ᠨᠡᠯᠢᠶᠡᠳ ᠵᠦᠷᠢᠶ᠎ᠡ ᠲᠠᠢ ᠪᠠᠶᠢᠪᠠ ᠃ ᠰᠠᠭᠤᠭᠠᠯᠢ | ᠠᠷᠠᠳ ᠤᠷᠤᠨ ᠰᠠᠭᠤᠴᠠ ᠶᠢᠨ ᠤᠷᠴᠢᠨ ᠳᠤᠭᠤᠷᠢᠨ ᠢᠶᠠᠨ ᠰᠠᠶᠢᠵᠢᠷᠠᠭᠤᠯᠬᠤ ᠬᠦᠰᠡᠯ ᠡᠷᠡᠮᠡᠯᠵᠡᠯ ᠡᠳᠤᠷ ᠢᠷᠡᠬᠦᠶ᠎ᠠ ᠨᠡᠮᠡᠭᠳᠡᠨ ᠨᠡᠬᠦᠵᠤ ᠭᠠᠷᠤᠨ ᠠᠰᠠᠷ ᠲᠤ | ᠤᠷᠤᠬᠤ ᠶᠢ ᠶᠡᠬᠡᠳᠡ ᠬᠦᠰᠡᠳᠡᠭ ᠪᠠᠶᠢᠪᠠ ᠃ | | ᠵᠢᠷᠤᠭ ᠄ ᠮᠢᠨ ᠾᠧ ᠨᠡᠶᠢᠭᠡᠮ ᠳᠤᠭᠤᠷᠢᠭ ᠤᠨ ᠹᠦ᠋ ᠮᠢᠨ ᠰᠠᠭᠤᠭᠠᠯᠢ ᠳᠤᠭᠤᠷᠢᠭ ᠪᠤᠯᠤᠨ᠎ᠠ ᠃ ᠾᠧ ᠷᠦᠨ ᠰᠡᠬᠦᠳᠡᠷᠯᠡᠪᠡ | | ᠦᠭᠡᠷᠡᠴᠢᠯᠡᠨ ᠵᠠᠰᠠᠬᠤ ᠶᠠᠪᠤᠴᠠ ᠳᠤ ᠂ ᠵᠡᠬᠦᠠᠭᠠᠷ ᠵᠤᠤ ᠪᠠᠯᠭᠠᠰᠤ ᠭᠡᠷ ᠪᠠᠶᠢᠰᠢᠩ ᠰᠤᠯᠢᠬᠤ ᠲᠠᠢ ᠤᠶᠠᠯᠳᠤᠭᠤᠯᠤᠬᠰᠠᠨ ᠭᠡᠷ ᠤᠨ ᠪᠢᠯᠧᠲ ᠪᠤᠯᠤᠨ ᠭᠡᠷ ᠪᠠᠶᠢᠰᠢᠩ | ᠰᠤᠯᠢᠬᠤ ᠲᠠᠢ ᠤᠶᠠᠯᠳᠤᠭᠤᠯᠤᠬᠰᠠᠨ ᠪᠡᠯᠡᠨ ᠵᠤᠭᠤᠰ ᠤᠨ ᠳᠦᠯᠤᠪᠤᠷᠢ ᠶᠢᠨ ᠠᠷᠭ᠎ᠠ ᠭᠡᠯᠪᠡᠷᠢ ᠶᠢ ᠪᠦᠳᠤᠭᠡᠯᠴᠢ ᠪᠠᠷ ᠭᠡᠷᠡᠭᠯᠡᠵᠤ ᠂ ᠵᠡᠬᠦᠠᠭᠠᠷ ᠵᠤᠤ ᠪᠠᠯᠭᠠᠰᠤᠨ ᠤ 8 | ᠳᠤᠰᠬᠤᠨ1 ᠨᠡᠶᠢᠭᠡᠮ ᠳᠤᠭᠤᠷᠢᠭ ᠤᠨ ᠬᠠᠮᠳᠤ ᠶᠢᠨ ᠠᠵᠤ ᠠᠬᠤᠢ ᠶᠢᠨ ᠬᠤᠯᠪᠤᠭᠠᠯᠠᠬᠰᠠᠨ ᠺᠤᠮᠫᠠᠨᠢ — ᠤᠷᠳᠤᠰ ᠬᠤᠳᠠ ᠶᠢᠨ ᠷᠦᠢ ᠴᠧᠨ ᠠᠷᠠᠯᠵᠢᠶ᠎ᠠ | ᠬᠤᠳᠠᠯᠳᠤᠭᠠᠨ ᠤ ᠬᠢᠵᠠᠭᠠᠷᠳᠤ ᠺᠤᠮᠫᠠᠨᠢ ᠪᠠᠯᠭᠠᠰᠤᠨ ᠤ ᠳᠤᠭᠤᠷᠢᠭ ᠤᠨ ᠤᠳᠤ ᠪᠠᠶᠢᠭ᠎ᠠ ᠠᠰᠠᠷ ᠢ ᠬᠠᠷᠢᠭᠤᠴᠠᠨ ᠬᠤᠳᠠᠯᠳᠤᠨ ᠠᠪᠴᠤ ᠂ ᠳᠡᠭᠰᠢ ᠤᠷᠤᠢ ᠲᠠᠢ ᠭᠡᠷ | ᠠᠴᠠ ᠨᠡᠬᠦᠵᠤ ᠭᠠᠷᠤᠬᠰᠠᠨ ᠡᠷᠤᠭᠡ ᠶᠢᠨ ᠭᠡᠷ ᠪᠠᠶᠢᠰᠢᠩ ᠂ ᠭᠠᠵᠠᠷ ᠰᠢᠷᠤᠢ ᠵᠢᠴᠢ ᠳᠠᠭᠠᠯᠳᠠ ᠳᠦᠬᠦᠭᠡᠷᠤᠮᠵᠢ ᠪᠠᠷ ᠰᠤᠯᠢᠬᠤ ᠪᠠ ᠬᠤᠳᠠᠯᠳᠤᠨ ᠠᠪᠬᠤ ᠳᠤ | ᠭᠡᠷᠡᠭᠯᠡᠭᠰᠡᠨ ᠪᠠᠶᠢᠨ᠎ᠠ ᠃ ᠡᠨᠡᠬᠦ ᠠᠷᠭ᠎ᠠ ᠭᠡᠮᠵᠢᠶ᠎ᠠ ᠨᠢ ᠰᠠᠭᠤᠭᠠᠯᠢ ᠠᠷᠠᠳ ᠤᠨ ᠤᠷᠤᠨ ᠰᠠᠭᠤᠴᠠ ᠶᠢᠨ ᠠᠰᠠᠭᠤᠳᠠᠯ ᠢ ᠪᠦᠳᠤᠮᠵᠢᠳᠡᠢ ᠰᠢᠢᠳᠪᠤᠷᠢᠯᠡᠭᠰᠡᠨ ᠢᠶᠠᠷ ᠦᠯᠤ | ᠪᠠᠷᠠᠨ ᠂ ᠪᠠᠰᠠ ᠡᠬᠢ ᠪᠠᠶᠠᠯᠢᠭ ᠢ ᠰᠢᠯᠢᠳᠡᠭᠵᠢᠬᠦᠯᠤᠨ ᠳᠤᠬᠢᠷᠠᠭᠤᠯᠬᠤ ᠶᠢ ᠪᠡᠶᠡᠯᠡᠬᠦᠯᠵᠡᠢ ᠃ | ᠤᠳᠤᠬᠠᠨ ᠪᠤᠯᠳᠠᠯ᠎ᠠ ᠂ ᠳᠤᠰ ᠳᠦᠷᠤᠯ ᠵᠤᠶᠢᠯ ᠭᠡᠷᠡᠭᠵᠢᠬᠦᠯᠦᠭᠳᠡᠵᠤ ᠂ 417 ᠡᠷᠤᠭᠡ ᠶᠢᠨ ᠰᠠᠭᠤᠭᠠᠯᠢ ᠠᠷᠠᠳ ᠤᠨ ᠤᠷᠤᠨ ᠰᠠᠭᠤᠴᠠ ᠶᠢᠨ ᠤᠷᠴᠢᠨ | ᠳᠤᠭᠤᠷᠢᠨ ᠢ ᠰᠠᠶᠢᠵᠢᠷᠠᠭᠤᠯᠪᠠ ᠃ ᠰᠠᠭᠤᠭᠠᠯᠢ ᠠᠷᠠᠳ ᠤᠳ ᠂ ᠰᠢᠨ᠎ᠠ ᠭᠡᠷ ᠤᠨ ᠤᠷᠤᠨ ᠰᠠᠭᠤᠴᠠ ᠶᠢᠨ ᠨᠦᠬᠦᠴᠡᠯ ᠤᠤᠯ ᠤᠨ ᠬᠢ ᠠᠴᠠ ᠪᠠᠨ ᠬᠤᠯᠠ ᠰᠠᠶᠢᠵᠢᠷᠠᠨ ᠂ | ᠴᠠᠬᠢᠯᠭᠠᠨ ᠱᠠᠳᠤ ᠂ ᠳᠤᠯᠠᠭᠠᠯᠠᠮᠵᠢ ᠵᠡᠷᠭᠡ ᠳᠦᠬᠦᠭᠡᠷᠤᠮᠵᠢ ᠴᠦᠮ ᠢᠵᠢ ᠪᠦᠷᠢᠳᠴᠤ ᠂ ᠶᠠᠪᠤᠵᠤ ᠰᠠᠭᠤᠬᠤ ᠳᠤ ᠴᠦ ᠳᠤᠩ ᠳᠦᠬᠦᠮ ᠪᠤᠯᠵᠠᠢ ᠭᠡᠵᠤ | ᠢᠯᠡᠷᠭᠡᠶᠢᠯᠡᠵᠡᠭᠡᠨᠠ ᠃ | | ᠵᠢᠷᠤᠭ ᠄ ᠰᠠᠭᠤᠭᠠᠯᠢ ᠠᠷᠠᠳ ᠯᠢᠤ ᠲᠢᠶᠧ ᠰᠦᠸᠧ ᠰᠢᠨ᠎ᠠ ᠭᠡᠷ ᠲᠡᠭᠡᠨ ᠨᠡᠬᠦᠵᠤ ᠤᠷᠤᠯ᠎ᠠ ᠃ ᠾᠧ ᠷᠦᠨ ᠰᠡᠬᠦᠳᠡᠷᠯᠡᠪᠡ | | | ᠮᠢᠨ ᠾᠧ ᠨᠡᠶᠢᠭᠡᠮ ᠳᠤᠭᠤᠷᠢᠭ ᠤᠨ ᠰᠠᠭᠤᠭᠠᠯᠢ ᠠᠷᠠᠳ ᠯᠢᠤ ᠲᠢᠶᠧ ᠰᠦᠸᠧ ᠰᠢᠨ᠎ᠠ ᠭᠡᠷ ᠲᠡᠭᠡᠨ ᠨᠡᠬᠦᠵᠤ ᠤᠷᠤᠵᠠᠢ ᠃ ᠳᠡᠷᠡ ᠄ ︽ ᠵᠠᠮ ᠂ ᠤᠷᠤᠨ ᠰᠠᠭᠤᠴᠠ | ᠶᠢᠨ ᠤᠷᠴᠢᠨ ᠳᠤᠭᠤᠷᠢᠨ ᠂ ᠳᠤᠯᠠᠭᠠᠯᠠᠮᠵᠢ ᠵᠡᠷᠭᠡ ᠶᠢ ᠶᠡᠬᠡᠪᠡᠷ ᠰᠠᠶᠢᠵᠢᠷᠠᠭᠤᠯᠵᠠᠢ ᠃ ᠪᠢ ᠤᠤᠯ ᠳᠠᠭᠠᠨ ᠳᠡᠭᠰᠢ ᠤᠷᠤᠢ ᠲᠠᠢ ᠭᠡᠷ ᠲᠤ ᠰᠠᠭᠤᠵᠤ ᠪᠠᠶᠢᠪᠠ ᠂ ᠵᠢᠯ | ᠪᠤᠯᠭᠠᠨ ᠤ ᠭᠡᠷ ᠢᠶᠠᠨ ᠳᠤᠯᠠᠭᠠᠯᠠᠬᠤ ᠰᠤᠶᠢᠳᠭᠡᠯ ᠨᠡᠯᠢᠶᠡᠳ ᠶᠡᠭᠡ ᠪᠠᠶᠢᠵᠤ ᠂ ᠶᠠᠪᠤᠵᠤ ᠰᠠᠭᠤᠬᠤ ᠵᠠᠮ ᠨᠢ ᠴᠦ ᠳᠡᠭᠰᠢ ᠦᠭᠡᠢ ᠪᠠᠶᠢᠬᠰᠠᠨ ᠶᠤᠮ ᠂ ᠤᠳᠤ ᠬᠠᠷᠢᠨ | ᠡᠨᠡ ᠳᠦᠷᠦ ᠶᠢᠨ ᠪᠤᠳᠤᠯᠭ᠎ᠠ ᠮᠠᠰᠢ ᠰᠠᠶᠢᠨ ᠪᠠᠶᠢᠨ᠎ᠠ ︾ ᠭᠡᠪᠡ ᠃ ᠮᠢᠨ ᠾᠧ ᠨᠡᠶᠢᠭᠡᠮ ᠳᠤᠭᠤᠷᠢᠭ ᠤᠨ ᠰᠠᠭᠤᠭᠠᠯᠢ ᠠᠷᠠᠳ ᠬᠦᠸᠧ ᠭᠧᠨ ᠮᠢᠨ ᠄ ︽ ᠪᠢ ᠨᠤᠮᠧᠷ | ᠰᠤᠩᠭᠤᠬᠤ ᠪᠠᠷ ᠳᠠᠮᠵᠢᠨ ᠰᠠᠨᠠᠭᠠᠨ ᠳᠠᠭᠠᠨ ᠳᠠᠭᠠᠷᠠᠬᠰᠠᠨ ᠠᠰᠠᠷ ᠤᠨ ᠳᠠᠪᠬᠤᠷᠯᠢᠭ ᠢ ᠤᠯᠤᠯ᠎ᠠ ᠂ ᠤᠳᠤ ᠭᠡᠷ ᠢᠶᠠᠨ ᠵᠠᠰᠠᠨ ᠴᠢᠮᠡᠭᠯᠡᠵᠤ ᠪᠠᠶᠢᠨ᠎ᠠ ᠂ ᠵᠢᠱᠢᠭᠰᠡᠨ ᠢᠶᠠᠷ | ᠡᠨᠡ ᠵᠢᠯ ᠤᠨ ᠳᠠᠪᠤᠨ ᠰᠠᠷ᠎ᠠ ᠶᠢᠨ ᠨᠢᠭᠡᠨ ᠳᠤ ᠤᠷᠤᠵᠤ ᠰᠠᠭᠤᠨ᠎ᠠ ︾ ᠭᠡᠪᠡ ᠃ | | ᠵᠢᠷᠤᠭ ᠄ ᠰᠠᠭᠤᠭᠠᠯᠢ ᠠᠷᠠᠳ ᠬᠦᠸᠧ ᠭᠧᠨ ᠮᠢᠨ ᠰᠢᠨ᠎ᠠ ᠭᠡᠷ ᠢᠶᠠᠨ ᠵᠠᠰᠠᠨ ᠴᠢᠮᠡᠭᠯᠡᠵᠤ ᠪᠠᠶᠢᠭ᠎ᠠ ᠨᠢ ᠃ ᠾᠧ ᠷᠦᠨ ᠰᠡᠬᠦᠳᠡᠷᠯᠡᠪᠡ | | ᠵᠡᠬᠦᠠᠭᠠᠷ ᠵᠤᠤ ᠪᠠᠯᠭᠠᠰᠤᠨ ᠤ ᠨᠠᠮ ᠤᠨ ᠬᠤᠷᠢᠶ᠎ᠠ ᠶᠢᠨ ᠭᠡᠰᠢᠬᠦᠨ ᠂ ᠪᠠᠯᠭᠠᠰᠤᠨ ᠤ ᠳᠡᠳ᠋ ᠳᠠᠷᠤᠭ᠎ᠠ ᠶᠠᠩ ᠹᠦ᠋ ᠢᠯᠡᠷᠭᠡᠶᠢᠯᠡᠬᠦ ᠳᠡᠭᠡᠨ ᠂ ᠳᠠᠷᠠᠭᠠᠴᠢ ᠶᠢᠨ ᠠᠯᠬᠤᠮ | ᠳᠤ ᠂ ᠪᠠᠯᠭᠠᠰᠤᠨ ᠤ ᠨᠠᠮ ᠤᠨ ᠬᠤᠷᠢᠶ᠎ᠠ ᠂ ᠵᠠᠰᠠᠭ ᠤᠨ ᠤᠷᠳᠤᠨ ᠠᠵᠢᠯ ᠤᠨ ᠬᠦᠴᠦᠯᠡᠴᠡ ᠪᠠᠨ ᠦᠷᠬᠦᠯᠵᠢᠯᠡᠨ ᠨᠡᠮᠡᠭᠳᠡᠬᠦᠯᠵᠤ ᠂ ᠨᠡᠬᠦᠵᠤ ᠭᠠᠷᠬᠤ ᠦᠯᠡᠳᠡᠭᠰᠡᠨ | ᠡᠷᠤᠭᠡ ᠶᠢ ᠨᠡᠬᠦᠯᠭᠡᠬᠦ ᠠᠵᠢᠯ ᠢ ᠠᠬᠢᠭᠤᠯᠵᠤ ᠂ ᠰᠠᠭᠤᠭᠠᠯᠢ ᠠᠷᠠᠳ ᠪᠤᠯᠭᠠᠨ ᠳᠤ ︽ ᠰᠠᠭᠤᠷᠢᠰᠢᠬᠤ ᠳᠤ ᠳᠠᠭᠠᠯᠠᠮᠵᠢᠳᠠᠢ ᠤᠷᠤᠨ ᠰᠠᠭᠤᠴᠠ ︾ ᠲᠠᠢ ᠪᠤᠯᠬᠤ ᠰᠠᠶᠢᠨ | ᠰᠠᠶᠢᠬᠠᠨ ᠠᠮᠢᠳᠤᠷᠠᠯ ᠢ ᠡᠳ᠋ᠯᠡᠬᠦᠯᠬᠦ ᠶᠢ ᠪᠠᠳᠤᠯᠠᠨ᠎ᠠ ᠂ ᠡᠬᠦᠨ ᠤ ᠬᠠᠮᠳᠤ ᠪᠠᠰᠠ ᠪᠠᠯᠭᠠᠰᠤᠨ ᠤ ᠳᠤᠭᠤᠷᠢᠭ ᠤᠨ ᠰᠠᠭᠤᠷᠢ ᠳᠦᠬᠦᠭᠡᠷᠤᠮᠵᠢ ᠶᠢ ᠴᠢᠨᠠᠬᠰᠢᠳᠠ | ᠳᠡᠬᠦᠯᠳᠡᠷᠵᠢᠬᠦᠯᠵᠤ ᠂ ᠤᠷᠤᠨ ᠰᠠᠭᠤᠴᠠ ᠶᠢᠨ ᠤᠷᠴᠢᠨ ᠳᠤᠭᠤᠷᠢᠨ ᠤ ᠴᠢᠨᠠᠷ ᠳᠡᠰ ᠢ ᠳᠡᠭᠡᠭᠰᠢᠯᠡᠬᠦᠯᠵᠤ ᠂ ᠨᠡᠬᠦᠷᠡᠰᠤᠨ ᠤ ᠤᠨᠴᠠᠯᠢᠬᠳᠤ ᠤᠳᠤᠬᠢᠴᠢᠯᠠᠬᠰᠠᠨ ᠵᠢᠵᠢᠭ | ᠬᠤᠳᠠ ᠪᠠᠯᠭᠠᠰᠤ ᠶᠢ ᠴᠤᠬᠴᠠᠯᠠᠨ ᠪᠠᠶᠢᠭᠤᠯᠤᠨ᠎ᠠ ᠭᠡᠪᠡ ᠃ | |