| | ᠣᠶᠢᠷ᠎ᠠ ᠶᠢᠨ ᠵᠢᠯ ᠠᠴᠠ ᠨᠠᠭᠠᠰᠢ ᠂ ᠵᠡᠭᠦᠨᠭᠠᠷ ᠬᠤᠰᠢᠭᠤ ᠡᠬᠢ ᠪᠠᠶᠠᠯᠢᠭ ᠤᠨ ᠳᠠᠪᠠᠭᠤᠯᠢᠭ ᠲᠠᠭᠠᠨ ᠰᠠᠭᠤᠷᠢᠯᠠᠨ ᠂ ᠤᠰᠤᠨ ᠭᠠᠷᠤᠯᠲᠠ ᠶᠢᠨ ᠲᠡᠵᠢᠭᠡᠨ | ᠦᠷᠡᠵᠢᠭᠦᠯᠬᠦ ᠤᠯᠠᠮᠵᠢᠯᠠᠯᠲᠤ ᠬᠡᠪ ᠵᠠᠭᠪᠤᠷ ᠪᠣᠯᠣᠨ ᠲᠦᠷᠦᠯ ᠵᠦᠢᠯ ᠢ ᠬᠤᠪᠢᠷᠠᠭᠤᠯᠵᠤ ᠂ ᠡᠮᠦᠨᠡᠲᠦ ᠠᠮᠧᠷᠢᠺᠠ ᠶᠢᠨ ᠴᠠᠭᠠᠨ ᠵᠦᠢᠷᠡᠢ ᠰᠠᠮ ᠬᠤᠷᠣᠬᠠᠢ ᠶᠢ | ᠠᠮᠵᠢᠯᠲᠠ ᠲᠠᠢ ᠪᠣᠶᠢᠵᠢᠭᠤᠯᠵᠠᠢ᠃ ᠤᠯᠤᠰ ᠤᠨ ᠪᠠᠶᠠᠷ ᠤᠨ ᠡᠳᠤᠷ ᠤᠨ ᠬᠤᠭᠤᠴᠠᠭᠠᠨ ᠳᠤ ᠂ ᠡᠮᠦᠨᠡᠲᠦ ᠠᠮᠧᠷᠢᠺᠠ ᠶᠢᠨ ᠴᠠᠭᠠᠨ ᠵᠦᠢᠷᠡᠢ ᠰᠠᠮ ᠬᠤᠷᠣᠬᠠᠢ ᠶᠢ ᠵᠠᠬ᠎ᠠ | ᠳᠡᠯᠭᠡᠭᠦᠷ ᠲᠤ ᠶᠡᠭᠡ ᠬᠡᠮᠵᠢᠶ᠎ᠡ ᠪᠠᠷ ᠭᠠᠷᠭᠠᠵᠤ ᠂ ᠲᠦᠭ ᠲᠦᠮᠡᠨ ᠠᠶᠢᠯ ᠡᠷᠦᠬᠡ ᠶᠢᠨ ᠬᠤᠭᠤᠯᠠᠨ ᠰᠢᠷᠡᠭᠡᠨ ᠳᠤ ᠲᠠᠯᠪᠢᠬᠳᠠᠬᠤ ᠪᠣᠯᠣᠨ᠎ᠠ ᠃ | ᠠᠯᠲᠠᠨ ᠨᠠᠮᠤᠷ ᠤᠨ ᠶᠢᠰᠦᠨ ᠰᠠᠷ᠎ᠠ ᠳᠤ ᠂ ᠱᠢ ᠡᠯ ᠯᠢᠶᠠᠨ ᠴᠧᠩ ᠰᠢᠶᠠᠩ ᠤᠨ ᠵᠦᠭᠡᠭᠡᠢ ᠶᠢᠨ ᠳᠠᠯ᠎ᠠ ᠲᠣᠰᠬᠤᠨ ᠶᠠᠭ ᠯᠠ ᠵᠢᠶᠠᠩᠨᠠᠨ ᠤ ᠤᠰᠤᠨ ᠤᠷᠤᠨ ᠮᠡᠳᠤ | ᠪᠠᠶᠢᠵᠤ ᠂ ᠪᠥᠬᠦ ᠲᠣᠰᠬᠤᠨ ᠳᠤ 4500 ᠮᠦ ᠵᠢᠭᠠᠰᠤᠨ ᠴᠥᠭᠦᠷᠥᠮ ᠲᠥᠪᠯᠡᠷᠡᠨ ᠳᠠᠷᠬᠠᠵᠤ ᠂ ᠠᠭᠠᠷ ᠳᠡᠭᠡᠷ᠎ᠠ ᠠᠴᠠ ᠬᠠᠷᠠᠬᠤ ᠳᠤ ᠶᠠᠭ ᠨᠢᠭᠡᠨ ᠪᠠᠶᠢᠭᠠᠯᠢᠯᠢᠭ | ᠪᠤᠳᠤᠬᠳᠤ ᠲᠠᠪᠠᠭ ᠰᠢᠭ᠋ ᠪᠠᠶᠢᠳᠠᠭ ᠃ ᠡᠮᠦᠨᠡᠲᠦ ᠠᠮᠧᠷᠢᠺᠠ ᠶᠢᠨ ᠴᠠᠭᠠᠨ ᠵᠦᠢᠷᠡᠢ ᠰᠠᠮ ᠬᠤᠷᠣᠬᠠᠢ ᠶᠢ ᠲᠡᠵᠢᠭᠡᠨ ᠦᠷᠡᠵᠢᠭᠦᠯᠬᠦ ᠰᠠᠭᠤᠷᠢᠨ ᠭᠠᠵᠠᠷ ᠲᠤ ᠪᠠᠷᠢᠮᠵᠢᠶᠠᠲᠤ | ᠴᠡᠩᠭᠡᠭᠵᠢᠭᠦᠯᠬᠦ ᠫᠧᠩ ᠂ ᠪᠠᠷᠢᠮᠵᠢᠶᠠᠲᠤ ᠬᠠᠳᠠᠭᠠᠯᠠᠬᠤ ᠫᠧᠩ ᠵᠢᠴᠢ ᠡᠮᠦᠨᠡᠲᠦ ᠠᠮᠧᠷᠢᠺᠠ ᠶᠢᠨ ᠴᠠᠭᠠᠨ ᠵᠦᠢᠷᠡᠢ ᠰᠠᠮ ᠬᠤᠷᠣᠬᠠᠢ ᠶᠢ ᠲᠡᠵᠢᠭᠡᠨ ᠦᠷᠡᠵᠢᠭᠦᠯᠬᠦ ᠳᠤ | ᠲᠤᠰᠬᠠᠶᠢᠯᠠᠨ ᠬᠡᠷᠡᠭᠯᠡᠳᠡᠭ ᠭᠠᠳᠠᠷ ᠴᠥᠭᠦᠷᠥᠮ ᠪᠤᠢ ᠃ ᠡᠨᠡ ᠬᠡᠳᠦᠨ ᠡᠳᠦᠷ ᠂ ᠭᠠᠳᠠᠷ ᠴᠦᠬᠦᠷᠤᠮ ᠳᠤ ᠲᠡᠵᠢᠭᠡᠨ ᠦᠷᠡᠵᠢᠭᠦᠯᠦᠭᠰᠡᠨ 30 ᠭᠠᠷᠤᠢ ᠮᠦ ᠶᠢᠨ | ᠡᠮᠦᠨᠡᠲᠦ ᠠᠮᠧᠷᠢᠺᠠ ᠶᠢᠨ ᠴᠠᠭᠠᠨ ᠵᠦᠢᠷᠡᠢ ᠰᠠᠮ ᠬᠤᠷᠣᠬᠠᠢ ᠶᠠᠭ ᠵᠠᠬ᠎ᠠ ᠳᠡᠯᠭᠡᠭᠦᠷ ᠲᠤ ᠭᠠᠷᠴᠤ ᠂ ᠲᠣᠣᠷ ᠢᠶᠠᠨ ᠳᠠᠯᠪᠢᠮᠠᠬᠴᠠ ᠂ ᠵᠦᠢᠷᠡᠢ ᠰᠠᠮ ᠬᠤᠷᠣᠬᠠᠢ | ᠨᠤᠭᠤᠳ ᠦᠰᠦᠷᠴᠦ ᠬᠠᠷᠠᠶᠢᠯᠠᠨ ᠂ ᠮᠢᠬ᠎ᠠ ᠨᠢ ᠰᠣᠷᠭᠤᠭ ᠰᠠᠶᠢᠬᠠᠨ ᠪᠠᠶᠢᠵᠤ ᠂ ᠰᠢᠯᠦᠰᠦ ᠶᠢ ᠬᠤᠷᠠᠭᠤᠯᠤᠨ᠎ᠠ ᠃ | | ᠵᠢᠷᠤᠭ ᠄ ᠲᠡᠵᠢᠭᠡᠪᠦᠷᠢ ᠶᠢᠨ ᠡᠷᠦᠬᠡ ᠶᠢᠨ ᠬᠢᠨ ᠵᠤᠶᠢᠷᠠᠢ ᠰᠠᠮ ᠬᠤᠷᠣᠬᠠᠢ ᠪᠠᠨ ᠲᠣᠣᠷ ᠳᠠᠯᠪᠢᠨ ᠱᠦᠬᠦᠵᠤ ᠪᠠᠶᠢᠭ᠎ᠠ ᠨᠢ ᠃ | | ︽ ᠡᠨᠡ ᠵᠢᠯ ᠤᠨ ᠲᠡᠵᠢᠭᠡᠨ ᠦᠷᠡᠵᠢᠭᠦᠯᠦᠭᠰᠡᠨ ᠰᠠᠮ ᠬᠤᠷᠣᠬᠠᠢ ᠶᠢᠨ ᠪᠤᠶᠢᠵᠢᠯᠳᠠ ᠳᠤᠩ ᠰᠠᠶᠢᠨ ᠪᠠᠶᠢᠵᠤ ᠂ ᠮᠦ ᠪᠦᠷᠢ ᠶᠢᠨ ᠭᠠᠷᠤᠯᠳᠠ ᠨᠢ 400 ᠵᠢᠩ ᠳᠤ | ᠬᠦᠷᠴᠦ ᠂ ᠤᠳᠤᠬᠠᠨ ᠪᠣᠯᠲᠠᠯ᠎ᠠ ᠨᠡᠶᠢᠲᠡ 1 ᠲᠦᠮᠡ ᠭᠠᠷᠤᠢ ᠵᠢᠩ ᠬᠤᠳᠠᠯᠳᠤᠵᠤ ᠪᠠᠶᠢᠨ᠎ᠠ ᠂ ᠴᠥᠭᠦᠷᠥᠮ ᠳᠤ ᠪᠠᠰᠠ 1 ᠲᠦᠮᠡ ᠭᠠᠷᠤᠢ ᠵᠢᠩ ᠪᠠᠶᠢᠨ᠎ᠠ ᠂ | ᠤᠯᠤᠰ ᠤᠨ ᠪᠠᠶᠠᠷ ᠤᠨ ᠡᠳᠤᠷ ᠤᠨ ᠬᠤᠭᠤᠴᠠᠭᠠᠨ ᠳᠤ ᠲᠡᠭᠦᠨ ᠢ ᠬᠤᠳᠠᠯᠳᠤᠵᠤ ᠳᠠᠭᠤᠰᠬᠠᠬᠤ ᠪᠠᠷ ᠲᠥᠯᠥᠪᠯᠡᠵᠦ ᠪᠠᠶᠢᠨ᠎ᠠ ᠂ ᠣᠳᠣᠬᠠᠨ ᠤ ᠵᠠᠬᠢᠶᠠᠯᠠᠭ᠎ᠠ ᠶᠢᠨ | ᠬᠠᠭᠤᠳᠠᠰᠤ ᠨᠢ ᠰᠢᠤᠸᠠᠢ ᠵᠢᠶᠠ ᠸᠠᠨ ᠂ ᠬᠥᠬᠡᠬᠤᠲᠠ ᠂ ᠪᠤᠭᠤᠲᠤ ᠂ ᠣᠷᠳᠣᠰ ᠵᠡᠷᠭᠡ ᠭᠠᠵᠠᠷ ᠤᠳ ᠠᠴᠠ ᠢᠷᠡᠭᠰᠡᠨ ᠪᠠᠶᠢᠨ᠎ᠠ ︾ ᠭᠡᠵᠦ ᠱᠢ ᠡᠯ ᠯᠢᠶᠠᠨ ᠴᠧᠩ | ᠰᠢᠶᠠᠩ ᠤᠨ ᠵᠦᠭᠡᠭᠡᠢ ᠶᠢᠨ ᠳᠠᠯ᠎ᠠ ᠲᠣᠰᠬᠤᠨ ᠤ ᠬᠢᠨᠠᠨ ᠪᠠᠶᠢᠴᠠᠭᠠᠬᠤ ᠵᠥᠪᠯᠡᠯ ᠤᠨ ᠭᠡᠰᠢᠭᠦᠨ ᠯᠢᠦ ᠴᠢ ᠱᠢ ᠰᠠᠨ ᠶᠠᠷᠢᠨ᠎ᠠ᠃ | ᠵᠦᠭᠡᠭᠡᠢ ᠶᠢᠨ ᠳᠠᠯ᠎ᠠ ᠲᠣᠰᠬᠤᠨ ᠠᠴᠠ ᠭᠠᠳᠠᠨ᠎ᠠ᠂ ᠤᠯᠤᠰ ᠤᠨ ᠪᠠᠶᠠᠷ ᠤᠨ ᠡᠳᠤᠷ ᠤᠨ ᠬᠤᠭᠤᠴᠠᠭᠠᠨ ᠳᠤ ᠂ ᠱᠢ ᠡᠯ ᠯᠢᠶᠠᠨ ᠴᠧᠩ ᠰᠢᠶᠠᠩ ᠤᠨ ᠪᠠᠷᠠᠭᠤᠨ | ᠪᠤᠯᠠᠭ ᠲᠣᠰᠬᠤᠨ ᠤ 400 ᠭᠠᠷᠤᠢ ᠮᠦ ᠶᠢᠨ ᠡᠮᠦᠨᠡᠲᠦ ᠠᠮᠧᠷᠢᠺᠠ ᠶᠢᠨ ᠴᠠᠭᠠᠨ ᠵᠦᠢᠷᠡᠢ ᠰᠠᠮ ᠬᠤᠷᠤᠬᠠᠢ ᠴᠤ ᠠᠮᠢᠳᠤ ᠪᠠᠷ ᠢᠶᠠᠨ ᠵᠠᠬ᠎ᠠ ᠳᠡᠯᠭᠡᠬᠦᠷ ᠲᠤ ᠭᠠᠷᠴᠤ ᠂ | ᠥᠷᠭᠡᠨ ᠤᠯᠠᠨ ᠳᠡᠵᠢᠭᠡᠪᠤᠷᠢ ᠶᠢᠨ ᠡᠷᠦᠭᠡ ᠡᠯᠪᠡᠭ ᠬᠤᠷᠢᠶᠠᠯᠲᠠ ᠪᠠᠨ ᠤᠭᠲᠤᠬᠤ ᠪᠠᠷ ᠪᠠᠶᠢᠨ᠎ᠠ᠃ ᠪᠠᠷᠢᠮᠵᠢᠶᠠᠲᠤ ᠬᠠᠳᠠᠭᠠᠯᠠᠬᠤ ᠫᠧᠩ ᠳᠤ ᠂ ᠲᠡᠵᠢᠭᠡᠨ | ᠦᠷᠡᠵᠢᠭᠦᠯᠦᠭᠴᠢ ᠰᠠᠮ ᠬᠤᠷᠣᠬᠠᠢ ᠶᠢᠨ ᠳᠤᠤᠷ ᠢ ᠤᠷᠢᠳᠴᠢᠯᠠᠨ ᠪᠠᠭᠤᠯᠭᠠᠭᠰᠠᠨ ᠳᠤ ᠂ ᠴᠠᠭᠠᠨ ᠵᠤᠶᠢᠷᠠᠢ ᠰᠠᠮ ᠬᠤᠷᠣᠬᠠᠢ ᠠᠷᠵᠠᠭᠠᠨᠠᠯᠳᠤᠨ ᠪᠤᠵᠢᠬᠢᠨᠠᠯᠳᠤᠵᠤ ᠂ | ᠳᠤᠶᠢᠯ ᠤᠨ ᠰᠢᠨ᠎ᠡ ᠰᠣᠷᠭᠤᠭ ᠢᠶᠠᠷ ᠢᠶᠠᠨ ᠪᠠᠶᠢᠯ᠎ᠠ ᠃ ︽ ᠪᠠᠷᠠᠭᠤᠨ ᠪᠤᠯᠠᠭ ᠲᠣᠰᠬᠤᠨ ᠤ ᠴᠠᠭᠠᠨ ᠵᠦᠢᠷᠡᠢ ᠰᠠᠮ ᠬᠤᠷᠣᠬᠠᠢ ᠲᠡᠵᠢᠭᠡᠨ ᠦᠷᠡᠵᠢᠭᠦᠯᠬᠦ ᠭᠠᠵᠠᠷ 400 | ᠭᠠᠷᠤᠢ ᠮᠦ ᠪᠠᠶᠢᠵᠤ ᠂ ᠮᠦ ᠪᠦᠷᠢ ᠠᠴᠠ ᠲᠠᠪᠤ ᠵᠢᠷᠭᠤᠭᠠᠨ ᠵᠠᠭᠤᠨ ᠵᠢᠩ ᠬᠤᠷᠢᠶᠠᠵᠤ ᠪᠤᠯᠤᠨ᠎ᠠ ᠂ ᠲᠦᠷᠦᠭᠦᠦ ᠪᠦᠯᠦᠭ ᠨᠢ ᠡᠨᠡ ᠵᠢᠯ ᠤᠨ 7 ᠰᠠᠷ᠎ᠠ ᠳᠤ ᠵᠠᠬ᠎ᠠ | ᠳᠡᠯᠭᠡᠭᠦᠷ ᠲᠤ ᠭᠠᠷᠴᠤ ᠂ 3 ᠲᠦᠮᠡ ᠭᠠᠷᠤᠢ ᠵᠢᠩ ᠬᠤᠳᠠᠯᠳᠤᠵᠠᠢ ᠂ ᠤᠯᠤᠰ ᠤᠨ ᠪᠠᠶᠠᠷ ᠤᠨ ᠡᠳᠤᠷ ᠤᠨ ᠬᠤᠭᠤᠴᠠᠭᠠᠨ ᠳᠤ ᠬᠤᠶᠠᠳᠤᠭᠠᠷ ᠪᠦᠯᠦᠭ ᠢ ᠨᠢ ᠵᠠᠬ᠎ᠠ | ᠳᠡᠯᠭᠡᠭᠦᠷ ᠲᠤ ᠭᠠᠷᠭᠠᠵᠤ ᠂ ᠪᠠᠷᠤᠭ 1 ᠲᠦᠮᠡ ᠭᠠᠷᠤᠢ ᠵᠢᠩ ᠭᠠᠷᠭᠠᠬᠤ ᠪᠣᠯᠣᠨ᠎ᠠ ᠂ ᠴᠠᠭᠠᠨ ᠵᠦᠢᠷᠡᠢ ᠰᠠᠮ ᠬᠤᠷᠣᠬᠠᠢ ᠲᠡᠵᠢᠭᠡᠨ ᠦᠷᠡᠵᠢᠭᠦᠯᠦᠭᠡᠳ ᠮᠠᠨ ᠤ | ᠲᠣᠰᠬᠤᠨ ᠤ ᠬᠠᠮᠲᠤ ᠨᠡᠶᠢᠲᠡ ᠳᠤ ᠠᠷᠪᠠᠨ ᠬᠡᠳᠦᠨ ᠲᠦᠮᠡᠨ ᠲᠥᠭᠦᠷᠢᠭ ᠤᠨ ᠣᠷᠣᠯᠭ᠎ᠠ ᠠᠪᠴᠢᠷᠠᠵᠤ ᠥᠭᠴᠡᠢ ︾ ᠭᠡᠵᠦ ᠱᠢ ᠡᠯ ᠯᠢᠶᠠᠨ ᠴᠧᠩ ᠰᠢᠶᠠᠩ ᠤᠨ | ᠪᠠᠷᠠᠭᠤᠨ ᠪᠤᠯᠠᠭ ᠲᠣᠰᠬᠤᠨ ᠤ ᠨᠠᠮ ᠤᠨ ᠡᠭᠦᠷ ᠤᠨ ᠭᠡᠰᠢᠭᠦᠨ ᠶᠤᠸᠠᠨ ᠯᠠ ᠮᠧᠢ ᠰᠤᠷᠪᠤᠯᠵᠢᠯᠠᠭᠴᠢ ᠳᠤ ᠶᠠᠷᠢᠨ᠎ᠠ᠃ | | ᠵᠢᠷᠤᠭ ᠄ ᠰᠢᠨ᠎ᠡ ᠰᠣᠷᠭᠤᠭ ᠵᠦᠢᠷᠡᠢ ᠰᠠᠮ ᠬᠤᠷᠣᠬᠠᠢ ᠶᠢ ᠤᠳᠠᠯ ᠦᠭᠡᠢ ᠬᠤᠳᠠᠯᠳᠤᠭᠠᠨ ᠤ ᠳᠡᠯᠭᠡᠬᠦᠷ ᠭᠡᠳᠤ ᠳᠡᠯᠭᠡᠬᠦᠷ ᠲᠤ ᠬᠦᠷᠭᠡᠬᠦ ᠪᠠᠷ ᠪᠤᠢ ᠃ | | ᠱᠢ ᠡᠯ ᠯᠢᠶᠠᠨ ᠴᠧᠩ ᠰᠢᠶᠠᠩ ᠨᠢ ᠬᠠᠲᠤᠨ ᠭᠤᠣᠯ ᠤᠨ ᠲᠤᠨᠤᠮᠠᠯ ᠲᠠᠯ᠎ᠠ ᠭᠠᠵᠠᠷ ᠲᠤ ᠪᠠᠶᠢᠷᠢᠰᠢᠵᠤ ᠂ ᠰᠠᠮ ᠬᠤᠷᠣᠬᠠᠢ ᠲᠡᠵᠢᠭᠡᠨ ᠦᠷᠡᠵᠢᠭᠦᠯᠬᠦ ᠴᠥᠭᠦᠷᠥᠮ ᠢ | ᠬᠤᠵᠢᠷᠯᠢᠭ ᠭᠠᠵᠠᠷ ᠳᠡᠭᠡᠷ᠎ᠡ ᠪᠠᠶᠢᠭᠤᠯᠵᠤ ᠂ ᠴᠦᠬᠦᠷᠤᠮ ᠤᠨ ᠬᠥᠪᠡᠭᠡᠨ ᠳᠠᠬᠢ ︽ ᠴᠠᠭᠠᠨ ᠬᠤᠸᠠᠷᠲᠠᠢ ︾ ᠵᠠᠮ ᠤᠨ ᠭᠠᠳᠠᠷᠭᠤ ᠨᠢ ᠮᠠᠰᠢ ᠬᠤᠪᠣᠷ ᠬᠠᠷᠠᠭᠳᠠᠳᠠᠭ | ᠪᠣᠯᠪᠠᠴᠤ ᠶᠠᠭ ᠡᠶᠢᠮᠦ ᠨᠥᠬᠦᠴᠡᠯ ᠲᠠᠢ ᠴᠥᠭᠦᠷᠥᠮ ᠳᠤ ᠵᠢᠭᠠᠰᠤ ᠂ ᠰᠠᠮ ᠬᠤᠷᠤᠬᠠᠢ ᠂ ᠨᠠᠢᠮᠠᠯᠵᠢ ᠵᠡᠷᠭᠡ ᠤᠰᠤᠨ ᠤ ᠠᠮᠢᠲᠠᠨ ᠤ ᠦᠰᠦᠨ ᠪᠣᠶᠢᠵᠢᠬᠤ ᠳᠤ ᠣᠨᠴᠠᠭᠠᠶ | ᠲᠣᠬᠢᠷᠠᠳᠠᠭ ᠃ | | ᠵᠢᠷᠤᠭ ᠄ ᠰᠢᠨ᠎ᠡ ᠰᠣᠷᠭᠤᠭ ᠰᠠᠮ ᠬᠤᠷᠣᠬᠠᠢ ᠶᠢ ᠱᠦᠬᠦᠨ ᠭᠠᠷᠭᠠᠵᠤ ᠂ ᠲᠡᠵᠢᠭᠡᠨ ᠦᠷᠡᠵᠢᠭᠦᠯᠬᠦ ᠡᠷᠦᠬᠡ ᠪᠠᠰᠠ ᠯᠠ ᠡᠯᠪᠡᠭ ᠬᠤᠷᠢᠶᠠᠯᠲᠠ ᠤᠯᠬᠤ ᠪᠤᠯᠤᠯ᠎ᠠ ᠃ | | ᠣᠶᠢᠷ᠎ᠠ ᠶᠢᠨ ᠵᠢᠯ ᠤᠳ ᠲᠤ ᠂ ᠵᠡᠭᠦᠨᠭᠠᠷ ᠬᠤᠰᠢᠭᠤ ᠬᠠᠲᠤᠨ ᠭᠤᠣᠯ ᠤᠨ ᠰᠠᠪᠠ ᠭᠠᠵᠠᠷ ᠤᠨ ᠠᠮᠢ ᠠᠬᠤᠢ ᠶᠢᠨ ᠬᠠᠮᠠᠭᠠᠯᠠᠯᠲᠠ ᠶᠢ ᠦᠷᠭᠦᠯᠵᠢᠯᠡᠨ | ᠴᠢᠩᠭᠠᠳᠬᠠᠵᠤ ᠂ ᠪᠥᠬᠦ ᠬᠤᠰᠢᠭᠤᠨ ᠤ ᠵᠢᠭᠠᠰᠤᠨ ᠤ ᠠᠵᠤ ᠠᠬᠤᠢ ᠶᠢᠨ ᠲᠡᠵᠢᠭᠡᠨ ᠦᠷᠡᠵᠢᠭᠦᠯᠬᠦ ᠲᠠᠯᠠᠪᠠᠶ 19380 ᠮᠦ ᠳᠤ ᠬᠦᠷᠴᠦ ᠂ ᠪᠥᠬᠦ ᠵᠢᠯ ᠤᠨ ᠤᠰᠤᠨ | ᠭᠠᠷᠤᠯᠲᠠ ᠶᠢᠨ ᠶᠡᠷᠦᠩᠬᠡᠢ ᠭᠠᠷᠤᠯᠲᠠ 3737 ᠲᠣᠨ ᠳᠤ ᠬᠦᠷᠴᠤ ᠪᠤᠢ ᠃ ᠲᠡᠵᠢᠭᠡᠨ ᠦᠷᠡᠵᠢᠭᠦᠯᠬᠦ ᠲᠦᠷᠦᠯ ᠵᠦᠢᠯ ᠤᠨ ᠲᠠᠯ᠎ᠠ ᠪᠠᠷ᠂ ᠥᠩᠭᠡᠷᠡᠭᠰᠡᠨ ᠳᠤ ᠲᠠᠩ | ᠭᠠᠭᠴᠠ ᠮᠥᠷᠭᠦ ᠵᠢᠭᠠᠰᠤ ᠲᠡᠵᠢᠭᠡᠨ ᠦᠷᠡᠵᠢᠭᠦᠯᠵᠦ ᠪᠠᠶᠢᠭᠰᠠᠨ ᠠᠴᠠ ᠪᠠᠨ ᠮᠥᠷᠭᠦ ᠵᠢᠭᠠᠰᠤ ᠂ ᠠᠮᠤᠷ ᠵᠢᠭᠠᠰᠤ ᠂ ᠠᠯᠠᠭᠠᠨ᠎ᠠ ᠰᠣᠭᠤᠰᠤ ᠵᠢᠭᠠᠰᠤ ᠂ ᠡᠮᠦᠨᠡᠲᠦ | ᠠᠮᠧᠷᠢᠺᠠ ᠶᠢᠨ ᠴᠠᠭᠠᠨ ᠵᠦᠢᠷᠡᠢ ᠰᠠᠮ ᠬᠤᠷᠣᠬᠠᠢ ᠂ ᠵᠢᠵᠢᠭ ᠰᠠᠮ ᠬᠤᠷᠤᠬᠠᠢ ᠵᠡᠷᠭᠡ ᠠᠷᠪᠠᠨ ᠬᠡᠳᠦᠨ ᠲᠦᠷᠦᠯ ᠵᠦᠢᠯ ᠢ ᠬᠤᠯᠢᠵᠤ ᠲᠡᠵᠢᠭᠡᠨ ᠦᠷᠡᠵᠢᠭᠦᠯᠬᠦ ᠪᠣᠯᠵᠤ | ᠬᠤᠪᠢᠷᠠᠪᠠ᠃ ᠡᠭᠦᠨ ᠤ ᠬᠠᠮᠲᠤ ᠂ ᠭᠠᠵᠠᠷ ᠣᠷᠣᠨ ᠤ ᠪᠠᠶᠢᠳᠠᠯ ᠳᠠᠭᠠᠨ ᠲᠣᠬᠢᠷᠠᠭᠤᠯᠤᠨ ᠂ ᠭᠤᠣᠯ ᠳᠠᠭᠠᠤ ᠭᠠᠵᠠᠷ ᠣᠷᠣᠨ ᠳᠤ ᠪᠠᠶᠢᠭᠠᠯᠢ ᠶᠢᠨ ᠠᠮᠢ ᠠᠬᠤᠢ ᠶᠢᠨ | ᠲᠡᠵᠢᠭᠡᠨ ᠦᠷᠡᠵᠢᠭᠦᠯᠬᠦ ᠣᠷᠣᠨ ᠢ ᠪᠠᠶᠢᠭᠤᠯᠵᠤ ᠂ ᠤᠰᠤᠨ ᠣᠷᠣᠨ ᠤ ᠬᠢᠨᠠᠨ ᠬᠡᠮᠵᠢᠯᠲᠡ ᠶᠢ ᠴᠢᠩᠭᠠᠳᠬᠠᠨ ᠂ ᠤᠰᠤᠨ ᠭᠠᠷᠤᠯᠲᠠ ᠶᠢᠨ ᠶᠠᠰᠤ ᠴᠢᠨᠠᠷ ᠢ | ᠳᠡᠭᠡᠭᠰᠢᠯᠡᠭᠦᠯᠬᠦ ᠲᠠᠯ᠎ᠠ ᠪᠠᠷ ᠲᠠᠰᠤᠷᠠᠯᠲᠠ ᠦᠭᠡᠢ ᠬᠦᠴᠦ ᠲᠠᠯᠪᠢᠵᠤ ᠂ ︽ ᠵᠡᠭᠦᠨᠭᠠᠷ ᠤᠨ ᠬᠠᠲᠤᠨ ᠭᠤᠣᠯ ᠤᠨ ᠵᠢᠭᠠᠰᠤ ︾ ᠪᠠᠷ ᠲᠥᠯᠥᠭᠡᠯᠡᠭᠦᠯᠦᠭᠰᠡᠨ ᠳᠦᠷᠤᠯ | ᠲᠡᠮᠳᠡᠭᠴᠢᠯᠡᠭᠰᠡᠨ ᠵᠠᠮ ᠢᠶᠠᠷ ᠵᠠᠮᠨᠠᠵᠤ ᠪᠠᠶᠢᠨ᠎ᠠ ᠃ | |