ᠡᠯᠢᠭᠡ ᠦᠭᠡᠬᠦᠯᠡᠪᠡᠯ ᠶᠠᠭᠠᠬᠢᠬᠤ ᠪᠤᠢ
ᠨᠡᠶᠢᠲᠡᠯᠡᠭᠰᠡᠨ ᠴᠠᠭ᠄
2024/9/19
    ᠪᠡᠶ᠎ᠡ ᠪᠠᠨ ᠪᠠᠶᠢᠴᠠᠭᠠᠭᠠᠳ ᠡᠯᠢᠭᠡ ᠦᠭᠡᠬᠦᠯᠡᠭᠰᠡᠨ ᠭᠡᠬᠦ ᠤᠨᠤᠰᠢᠯᠠᠯᠲᠠ ᠲᠤᠰᠴᠠᠢ ᠂ ᠬᠤᠶᠢᠰᠢᠳᠠ ᠠᠮᠢᠳᠤᠷᠠᠯ ᠳᠠᠭᠠᠨ ᠶᠠᠭᠤ ᠶᠢ ᠠᠩᠬᠠᠷᠬᠤ ᠵᠤᠬᠢᠰᠲᠠᠢ ᠪᠤᠢ ︖ ᠪᠡᠭᠡᠵᠢᠩ ᠤᠨ ᠳ᠋ᠢ ᠲᠠᠨ ᠡᠮᠨᠡᠯᠭᠡ ᠶᠢᠨ ᠬᠤᠷᠢᠶᠠᠨ ᠤ ᠡᠯᠢᠭᠡᠨ ᠡᠪᠡᠳᠴᠢᠨ ᠤ ᠲᠥᠪ ᠤᠨ ᠳᠡᠳ᠋ ᠡᠷᠬᠢᠯᠡᠭᠴᠢ ᠡᠮᠴᠢ ᠯᠢᠦ ᠷᠦ ᠢᠦᠢ ᠄ ᠡᠯᠢᠭᠡ ᠥᠭᠡᠬᠦᠯᠡᠬᠦ ᠪᠣᠯ ᠡᠯ᠎ᠡ ᠵᠦᠢᠯ ᠤᠨ ᠰᠢᠯᠲᠠᠭᠠᠨ ᠠᠴᠠ ᠪᠣᠯᠤᠭᠰᠠᠨ ᠡᠯᠢᠭᠡᠨ ᠡᠰ ᠤᠨ ᠳᠣᠲᠣᠷ᠎ᠠ ᠥᠭᠡᠬᠦ ᠬᠡᠲᠦ ᠣᠪᠣᠭᠠᠷᠠᠭᠰᠠᠨ ᠡᠪᠡᠳᠴᠢᠨ ᠤ ᠬᠤᠪᠢᠷᠠᠯᠲᠠ ᠮᠥᠨ ᠃ ᠣᠯᠠᠩᠬᠢ ᠥᠭᠡᠬᠦᠯᠡᠭᠰᠡᠨ ᠡᠯᠢᠭᠡᠨ ᠤ ᠡᠪᠡᠳᠴᠢᠲᠡᠨ ᠡᠪᠡᠳᠴᠢᠨ ᠤ ᠢᠯᠡᠷᠡᠯ ᠦᠭᠡᠢ ᠪᠣᠯᠬᠤᠷ ᠬᠥᠮᠥᠰ ᠤᠨ ᠠᠩᠬᠠᠷᠤᠯ ᠳᠤ ᠠᠮᠠᠷᠬᠠᠨ ᠬᠦᠷᠳᠡᠭ ᠦᠭᠡᠢ ᠂ ᠭᠡᠪᠡᠴᠦ ᠭᠡᠮᠲᠦᠯ ᠰᠢᠷᠬᠠᠳᠤᠯ ᠨᠢ ᠪᠠᠶᠢᠡᠭᠭᠤ ᠣᠷᠣᠰᠢᠵᠤ ᠂ ᠡᠪᠡᠳᠴᠢᠨ ᠤ ᠢᠯᠡᠷᠡᠯ ᠭᠠᠷᠤᠮᠠᠭᠴᠠ ᠡᠯᠢᠭᠡᠨ ᠤ ᠠᠵᠢᠯᠯᠠᠭ᠎ᠠ ᠨᠢ ᠡᠳᠦᠷ ᠲᠤᠲᠤᠮ ᠤᠨ ᠦᠨᠳᠦᠰᠦᠨ ᠠᠵᠢᠯᠯᠠᠭ᠎ᠠ ᠶᠢ ᠳᠠᠭᠠᠭᠠᠵᠤ ᠳᠡᠶᠢᠯᠬᠦ ᠦᠭᠡᠢ ᠪᠤᠯᠲᠠᠯ᠎ᠠ ᠲᠤᠷᠦ᠋ᠢᠲᠠᠭᠰᠠᠨ ᠪᠠᠶᠢᠵᠤ ᠮᠡᠳᠡᠨ᠎ᠡ ᠭᠡᠰᠡᠨ ᠬᠠᠷᠢᠭᠤᠯᠳᠠ ᠦᠭᠴᠡᠢ ᠃ ᠡᠯᠢᠭᠡ ᠥᠭᠡᠬᠦᠯᠡᠬᠦ ᠨᠢ ᠮᠠᠷᠢᠶ᠎ᠠ ᠲᠠᠢ ᠬᠦᠮᠦᠨ ᠳᠤ ᠯᠡ ᠲᠤᠬᠢᠶᠠᠯᠳᠤᠳᠠᠭ ᠪᠢᠰᠢ ᠂ ᠲᠡᠭᠦᠨ ᠤ ᠡᠭᠦᠰᠦᠯ ᠨᠢ ᠣᠯᠠᠨ ᠵᠦᠢᠯ ᠤᠨ ᠡᠯᠧᠮᠧᠨ᠋ᠲ ᠲᠠᠢ ᠬᠤᠯᠪᠣᠭ᠎ᠠ ᠲᠠᠢ ᠪᠠᠶᠢᠳᠠᠭ ᠠᠴᠠ ᠵᠠᠷᠢᠮ ᠬᠥᠮᠥᠰ ᠤᠨ ᠪᠡᠶ᠎ᠡ ᠶᠢᠨ ᠬᠦᠨᠳᠦ ᠨᠢ ᠬᠡᠪ ᠤᠨ ᠪᠠᠶᠢᠭᠰᠠᠨ ᠴᠤ ᠡᠯᠢᠭᠡ ᠥᠭᠡᠬᠦᠯᠡᠭᠰᠡᠨ ᠭᠡᠰᠡᠨ ᠤᠨᠤᠰᠢᠯᠠᠯᠲᠠ ᠠᠪᠳᠠᠭ ᠤᠨ ᠤᠴᠢᠷ ᠰᠢᠯᠲᠠᠭᠠᠨ ᠪᠣᠯᠣᠨ᠎ᠠ ᠃ ᠡᠶᠢᠮᠦᠷᠬᠦᠦ ᠬᠥᠮᠥᠰ ᠲᠤ ᠠᠪᠴᠤ ᠬᠡᠯᠡᠪᠡᠯ ᠂ ᠠᠷᠢᠬᠢ ᠤᠤᠭᠤᠳᠠᠭ ᠡᠰᠡᠬᠦ ᠂ ᠡᠯᠢᠭᠡ ᠶᠢ ᠭᠡᠮᠲᠦᠭᠡᠬᠦ ᠡᠮ ᠬᠡᠷᠡᠭᠯᠡᠭᠰᠡᠨ ᠡᠰᠡᠬᠦ ᠂ ᠬᠤᠭᠤᠯᠠ ᠭᠤᠯᠣᠬᠤ ᠂ ᠰᠢᠮ᠎ᠡ ᠲᠡᠵᠢᠭᠡᠯ ᠳᠤᠲᠠᠭᠳᠠᠭᠰᠠᠨ ᠵᠡᠷᠭᠡ ᠠᠰᠠᠭᠤᠳᠠᠯ ᠣᠷᠣᠰᠢᠵᠤ ᠪᠠᠶᠢᠬᠤ ᠡᠰᠡᠬᠦ ᠶᠢ ᠣᠶᠢᠯᠠᠭᠠᠬᠤ ᠬᠡᠷᠡᠭᠲᠡᠢ ᠃ ᠡᠯᠢᠭᠡ ᠪᠠᠨ ᠬᠠᠮᠠᠭᠠᠯᠠᠬᠤ ᠶᠢᠨ ᠲᠤᠯᠠᠳᠠ ᠪᠢᠳᠡ ᠢᠳᠡᠭᠡᠨ ᠤᠮᠳᠠᠭᠠᠨ ᠤ ᠳᠠᠳᠬᠠᠯ ᠢᠶᠠᠨ ᠬᠤᠪᠢᠷᠠᠭᠤᠯᠵᠤ ᠂ ᠲᠣᠰᠣᠯᠢᠭ ᠂ ᠥᠭᠡᠬᠦ ᠶᠡᠬᠡᠲᠡᠢ ᠂ ᠡᠨᠧᠷᠭᠢ ᠶᠡᠬᠡᠲᠡᠢ ᠤᠭᠤᠷᠠᠭ ᠪᠠᠭᠠᠲᠠᠢ ᠢᠳᠡᠭᠡᠨ ᠤᠮᠳᠠᠭᠠᠨ ᠢ ᠴᠡᠭᠡᠷᠯᠡᠬᠦ ᠶᠢ ᠰᠠᠨᠠᠭᠤᠯᠵᠤ ᠪᠠᠶᠢᠨ᠎ᠠ ︔ ᠪᠡᠶ᠎ᠡ ᠪᠣᠯᠪᠠᠰᠤᠷᠠᠬᠤ ᠪᠠ ᠮᠠᠷᠢᠶ᠎ᠠ ᠪᠠᠨ ᠰᠢᠭᠤᠷᠠᠭᠤᠯᠤᠨ᠎ᠠ ︔ ᠠᠷᠢᠬᠢ ᠴᠡᠭᠡᠷᠯᠡᠨ᠎ᠡ ︔ ᠡᠮ ᠢ ᠳᠤᠷ᠎ᠠ ᠪᠠᠷ ᠬᠡᠷᠡᠭᠯᠡᠬᠦ ᠦᠭᠡᠢ ᠃ ᠡᠯᠢᠭᠡ ᠥᠭᠡᠬᠦᠯᠡᠬᠦ ᠶᠢ ᠵᠠᠰᠠᠳᠠᠭ ᠡᠷᠡᠭᠦᠯᠵᠢᠯ ᠤᠨ ᠡᠮ ᠢ ᠬᠡᠷᠡᠭᠯᠡᠬᠦ ᠳᠡᠭᠡᠨ ᠪᠤᠯᠭᠤᠮᠵᠢᠲᠠᠢ ᠪᠠᠶᠢᠭᠠᠷᠠᠢ ᠃ ᠡᠮᠲᠦ ᠪᠣᠳᠠᠰ ᠤᠨ ᠣᠯᠠᠩᠬᠢ ᠨᠢ ᠡᠯᠢᠭᠡᠨ ᠤ ᠰᠣᠯᠢᠯᠴᠠᠭ᠎ᠠ ᠪᠠᠷ ᠳᠠᠮᠵᠢᠳᠠᠭ ᠠᠴᠠ ᠳᠤᠷ᠎ᠠ ᠪᠠᠷ ᠢᠶᠠᠨ ᠡᠮ ᠬᠡᠷᠡᠭᠯᠡᠪᠡᠯ ᠡᠯᠢᠭᠡᠨ ᠤ ᠠᠴᠢᠶᠠᠯᠠᠯ ᠢ ᠬᠦᠨᠳᠦᠷᠡᠭᠦᠯᠤᠨ᠎ᠡ ᠃ ᠬᠡᠷᠪᠡ ᠠᠮᠢᠨᠤ᠋ ᠰᠢᠯᠵᠢᠭᠦᠯᠬᠦ ᠢᠰᠭᠡᠭᠦᠷ ᠤᠨ ᠬᠡᠮᠵᠢᠶ᠎ᠡ ᠪᠠᠭᠤᠷᠠᠬᠤ ᠦᠭᠡᠢ ᠪᠠᠶᠢᠪᠠᠯ ᠡᠮᠴᠢ ᠶᠢᠨ ᠵᠢᠯᠣᠭᠤᠳᠤᠯᠭ᠎ᠠ ᠪᠠᠷ ᠡᠮ ᠢ ᠵᠣᠬᠢᠰᠲᠠᠢ ᠬᠡᠷᠡᠭᠯᠡᠵᠦ ᠵᠠᠰᠠᠨ᠎ᠠ ᠃    
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ