| ᠨᠠᠮᠤᠷ ᠤᠨ ᠰᠡᠷᠢᠬᠦᠦ ᠤᠷᠤᠵᠤ ᠂ ᠾᠦᠸᠧ ᠯᠦᠩ ᠭᠦᠸᠧ ᠵᠢᠮᠢᠰ ᠤᠨ ᠪᠣᠯᠪᠠᠰᠤᠷᠠᠬᠤ ᠤᠯᠠᠷᠢᠯ ᠪᠤᠯᠤᠬᠰᠠᠨ ᠪᠠᠶᠢᠯ᠎ᠠ ᠂ ᠵᠡᠭᠦᠨᠭᠠᠷ ᠬᠤᠰᠢᠭᠤᠨ ᠤ ᠰᠢᠤᠸᠠᠢ ᠵᠢᠶᠠ | ᠸᠠᠨ ᠪᠠᠯᠭᠠᠰᠤ ᠶᠢᠨ ᠪᠠᠷᠠᠭᠤᠨ ᠬᠠᠲᠠᠢ ᠲᠣᠰᠬᠤᠨ ᠤ ᠾᠦᠸᠧ ᠯᠦᠩ ᠭᠦᠸᠧ ᠵᠢᠮᠢᠰ ᠢ ᠲᠡᠭᠦᠵᠤ ᠬᠤᠷᠢᠶᠠᠬᠤ ᠬᠤᠭᠤᠴᠠᠭ᠎ᠠ ᠪᠤᠯᠵᠤ ᠂ ᠾᠦᠸᠧ ᠯᠦᠩ ᠭᠦᠸᠧ | ᠵᠢᠮᠢᠰ ᠠᠴᠠ ᠰᠠᠶᠢᠬᠠᠨ ᠦᠨᠦᠷ ᠬᠠᠩᠬᠤᠯᠵᠤ ᠂ ᠲᠤᠰ ᠲᠣᠰᠬᠤᠨ ᠳᠤ ᠲᠠᠷᠢᠶᠠᠯᠠᠩ ᠪᠠ ᠵᠤᠭᠠᠴᠠᠯ ᠤᠨ ᠦᠢᠯᠡᠰ ᠠᠭᠤᠰᠤᠯᠴᠠᠨ ᠳᠠᠬᠢᠨᠲᠠ ᠰᠢᠨ᠎ᠡ ︽ ᠡᠯᠪᠡᠭ ︾ | ᠬᠤᠷᠢᠶᠠᠯᠳᠠ ᠶᠢᠨ ᠦᠵᠡᠮᠵᠢ ᠢᠯᠡᠷᠡᠨ᠎ᠠ | | ᠵᠢᠷᠤᠭ ᠄ ᠡᠯᠪᠡᠭ ᠬᠤᠷᠢᠶᠠᠯᠲᠠ ᠤᠯᠤᠬᠰᠠᠨ ᠾᠦᠸᠧ ᠯᠦᠩ ᠭᠦᠸᠧ ᠵᠢᠮᠢᠰ ᠃ ᠾᠧ ᠷᠦᠨ ᠰᠡᠭᠦᠳᠡᠷᠯᠡᠪᠡ | ᠣᠶᠢᠷ᠎ᠠ ᠳᠤ ᠂ ᠰᠤᠷᠪᠤᠯᠵᠢᠯᠠᠭᠴᠢ ᠲᠣᠰ ᠲᠣᠰᠬᠤᠨ ᠤ ᠡᠮᠦᠨ᠎ᠡ ᠤᠷᠤᠨ ᠤ ᠵᠢᠮᠢᠰ ᠢ ᠤᠮᠠᠷᠠᠳᠤ ᠤᠷᠤᠨ ᠳᠤ ᠳᠠᠷᠢᠬᠤ ᠵᠢᠮᠢᠰ ᠲᠡᠭᠦᠬᠦ ᠰᠠᠭᠤᠷᠢᠨ ᠭᠠᠵᠠᠷ ᠤᠨ | ᠾᠦᠸᠧ ᠯᠦᠩ ᠭᠦᠸᠧ ᠵᠢᠮᠢᠰ ᠤᠨ ᠲᠠᠷᠢᠮᠠᠯ ᠤᠨ ᠬᠦᠯᠡᠮᠵᠢ ᠳᠤ ᠬᠦᠷᠬᠦ ᠳᠤ ᠂ ᠤᠪ ᠤᠯᠠᠭᠠᠨ ᠾᠦᠸᠧ ᠯᠦᠩ ᠭᠦᠸᠧ ᠵᠢᠮᠢᠰ ᠰᠠᠯᠠᠭ᠎ᠠ ᠨᠠᠮᠠᠭ᠎ᠠ ᠪᠠᠷ ᠳᠦᠭᠦᠷᠲᠡᠯ᠎ᠡ | ᠡᠯᠬᠦᠭᠳᠡᠭᠰᠡᠨ ᠪᠠᠶᠢᠯ᠎ᠠ ᠃ ᠮᠠᠰᠢ ᠤᠯᠠᠨ ᠵᠤᠭᠠᠴᠠᠭᠰᠠᠳ ᠠᠳᠡᠬᠢ ᠶᠢᠨ ᠪᠠᠶᠢᠳᠠᠯ ᠢ ᠰᠣᠨᠣᠰᠤᠭᠠᠳ ᠬᠦᠷᠤᠯᠴᠡᠨ ᠢᠷᠡᠵᠦ ᠂ ᠥᠪᠡᠷ ᠤᠨ ᠭᠠᠷ ᠢᠶᠠᠷ ᠢᠶᠠᠨ ᠴᠢᠨᠠᠷ | ᠰᠠᠶᠢᠲᠠᠢ ᠾᠦᠸᠧ ᠯᠦᠩ ᠭᠦᠸᠧ ᠵᠢᠮᠢᠰ ᠢ ᠰᠣᠩᠭᠤᠵᠤ ᠳᠡᠬᠦᠵᠡᠭᠡᠨᠠ᠃ | | ᠵᠢᠷᠤᠭ ᠄ ᠵᠤᠭᠠᠴᠠᠭᠰᠠᠳ ᠾᠦᠸᠧ ᠯᠦᠩ ᠭᠦᠸᠧ ᠵᠢᠮᠢᠰ ᠢ ᠠᠮᠲᠠᠯᠠᠨ᠎ᠠ ᠃ ᠾᠧ ᠷᠦᠨ ᠰᠡᠭᠦᠳᠡᠷᠯᠡᠪᠡ | ᠵᠤᠭᠠᠴᠠᠭᠴᠢ ᠸᠠᠩ ᠹᠧᠩ᠄︽ᠠᠳᠡᠬᠢ ᠾᠦᠸᠧ ᠯᠦᠩ ᠭᠦᠸᠧ ᠵᠢᠮᠢᠰ ᠰᠠᠶ᠋ᠢᠬᠠᠨ ᠪᠣᠯᠪᠠᠰᠤᠷᠠᠵᠤ ᠂ ᠰᠢᠨ᠎ᠡ ᠰᠣᠷᠭᠤᠭ ᠢᠶᠠᠷ ᠢᠶᠠᠨ ᠪᠠᠶᠢᠵᠤ ᠂ ᠢᠳᠡᠬᠦ ᠳᠤ | ᠠᠮᠲᠠᠲᠠᠢ ᠂ ᠪᠠᠶᠠᠷ ᠳᠤᠷᠠᠰᠬᠠᠯ ᠠᠮᠠᠷᠠᠯᠲᠠ ᠶᠢᠨ ᠡᠳᠦᠷ ᠭᠡᠷ ᠤᠨ ᠬᠥᠮᠥᠰ ᠢᠶᠠᠨ ᠳᠠᠭᠠᠭᠤᠯᠵᠤ ᠢᠷᠡᠭᠡᠳ ᠲᠡᠭᠦᠵᠦ ᠪᠣᠯᠣᠨ᠎ᠠ᠂ ᠥᠪᠡᠷ ᠢᠶᠠᠨ ᠢᠳᠡᠬᠦ ᠪᠤᠶᠤ ᠲᠦᠷᠦᠯ | ᠰᠠᠳᠤᠨ ᠨᠠᠶᠢᠵᠠ ᠨᠥᠬᠦᠳ ᠲᠡᠭᠡᠨ ᠬᠦᠷᠭᠡᠬᠦ ᠳᠤ ᠰᠢᠨ᠎ᠡ ᠰᠣᠷᠭᠤᠭ ᠪᠥᠭᠡᠳ ᠰᠠᠨᠠᠭ᠎ᠠ ᠠᠮᠤᠷ ᠪᠠᠶᠢᠭ᠎ᠠ ᠶᠤᠮ ᠪᠠᠶᠢᠨ᠎ᠠ︾ᠭᠡᠵᠦ ᠶᠠᠷᠢᠨ᠎ᠠ᠃ | ᠪᠠᠷᠠᠭᠤᠨ ᠬᠠᠲᠠᠢ ᠲᠣᠰᠬᠤᠨ ᠤ ᠡᠮᠦᠨ᠎ᠡ ᠤᠷᠤᠨ ᠤ ᠵᠢᠮᠢᠰ ᠢ ᠤᠮᠠᠷᠠᠳᠤ ᠤᠷᠤᠨ ᠳᠤ ᠳᠠᠷᠢᠬᠤ ᠵᠢᠮᠢᠰ ᠲᠡᠭᠦᠬᠦ ᠰᠠᠭᠤᠷᠢᠨ ᠭᠠᠵᠠᠷ ᠤᠨ ᠬᠠᠷᠢᠭᠤᠴᠠᠯᠭᠠᠲᠠᠨ ᠱᠢ | ᠳ᠋ᠦᠩ ᠮᠢᠨ ᠄ ︽ᠡᠨᠡ ᠵᠢᠯ ᠰᠠᠭᠤᠷᠢᠨ ᠭᠠᠵᠠᠷ ᠲᠤ ᠾᠦᠸᠧ ᠯᠦᠩ ᠭᠦᠸᠧ ᠵᠢᠮᠢᠰ ᠢ 8 ᠬᠦᠯᠡᠮᠵᠢ ᠲᠠᠷᠢᠵᠤ ᠂ ᠭᠤᠣᠯᠳᠠᠭᠤ︿ ᠹᠦ᠋ ᠬᠦᠢ ᠬᠤᠩ﹀ ᠾᠦᠸᠧ ᠯᠦᠩ | ᠭᠦᠸᠧ ᠵᠢᠮᠢᠰ ᠢ ᠳᠠᠷᠢᠨ ᠂ ᠤᠨᠠᠯᠳᠠ ᠨᠢ ᠨᠡᠯᠢᠶᠡᠳ ᠰᠠᠶᠢᠨ ᠪᠠᠶᠢᠵᠤ ᠂ ᠨᠢᠭᠡ ᠵᠢᠯ ᠳᠤ ᠪᠠᠷᠤᠭ 4 ᠤᠳᠠᠭ᠎ᠠ ᠬᠤᠷᠢᠶᠠᠵᠤ ᠂ 1 ᠰᠠᠭᠤᠷᠢ ᠬᠦᠯᠡᠮᠵᠢ ᠠᠴᠠ 2 | ᠲᠦᠮᠡᠨ ᠵᠢᠩ ᠣᠷᠴᠢᠮ ᠬᠤᠷᠢᠶᠠᠵᠤ ᠪᠤᠢ ᠃ ᠵᠢᠮᠢᠰ ᠲᠡᠭᠦᠬᠦ ᠬᠤᠭᠤᠴᠠᠭ᠎ᠠ ᠨᠢ 6 ᠰᠠᠷ᠎ᠠ ᠶᠢᠨ ᠳᠤᠮᠳᠠᠴᠢ ᠠᠴᠠ 11 ᠰᠠᠷ᠎ᠠ ᠪᠣᠯᠲᠠᠯ᠎ᠠ ᠦᠷᠭᠦᠯᠵᠢᠯᠡᠳᠡᠭ ᠃ ᠬᠤᠲᠠ | ᠶᠢᠨ ᠠᠷᠠᠳ ᠬᠡᠵᠢᠶ᠎ᠡ ᠴᠦ ᠭᠡᠰᠡᠨ ᠲᠠᠷᠢᠶᠠᠯᠠᠩ ᠤᠨ ᠲᠠᠯᠠᠪᠠᠶ ᠳᠤ ᠢᠷᠡᠵᠦ ᠲᠡᠭᠦᠵᠤ ᠪᠤᠯᠤᠨ᠎ᠠ ᠂ ᠣᠳᠣᠬᠠᠨ ᠳᠤ ᠰᠠᠭᠤᠷᠢᠨ ᠭᠠᠵᠠᠷ ᠤᠨ ᠾᠦᠸᠧᠯᠦ᠋ᠩ ᠭᠦᠸᠧ | ᠵᠢᠮᠢᠰ ᠤᠨ ᠲᠡᠭᠦᠬᠦ ᠦᠨ᠎ᠡ ᠨᠢ ᠵᠢᠩ ᠳᠡᠭᠡᠨ 5 ᠲᠥᠭᠦᠷᠢᠭ ᠠᠴᠠ 20 ᠲᠥᠭᠦᠷᠢᠭ ᠲᠤ ᠬᠦᠷᠴᠦ ᠪᠠᠶᠢᠨ᠎ᠠ ︾ ᠭᠡᠬᠦ ᠶᠤᠮ ᠃ | | ᠵᠢᠷᠤᠭ ᠄ ᠾᠦᠸᠧ ᠯᠦᠩ ᠭᠦᠸᠧ ᠵᠢᠮᠢᠰ ᠤᠨ ᠬᠦᠯᠡᠮᠵᠢ ᠃ ᠾᠧ ᠷᠦᠨ ᠰᠡᠭᠦᠳᠡᠷᠯᠡᠪᠡ | ᠪᠠᠷᠠᠭᠤᠨ ᠬᠠᠲᠠᠢ ᠲᠣᠰᠬᠤᠨ ᠤ ᠡᠮᠦᠨ᠎ᠡ ᠤᠷᠤᠨ ᠤ ᠵᠢᠮᠢᠰ ᠢ ᠤᠮᠠᠷᠠᠳᠤ ᠤᠷᠤᠨ ᠳᠤ ᠳᠠᠷᠢᠬᠤ ᠵᠢᠮᠢᠰ ᠲᠡᠭᠦᠬᠦ ᠰᠠᠭᠤᠷᠢᠨ ᠭᠠᠵᠠᠷ ᠪᠣᠯ ᠲᠤᠰ ᠲᠣᠰᠬᠤᠨ ᠤ | ᠬᠠᠮᠲᠤ ᠶᠢᠨ ᠠᠵᠤ ᠠᠬᠤᠢ ᠪᠣᠯᠣᠨ᠎ᠠ᠂ ︽ᠲᠣᠰᠬᠤᠨ ᠤ ᠨᠠᠮ ᠤᠨ ᠡᠭᠦᠷ + ᠺᠣᠮᠫᠠᠨᠢ + ᠰᠠᠭᠤᠷᠢᠨ ᠭᠠᠵᠠᠷ + ᠲᠠᠷᠢᠶᠠᠴᠢᠨ ᠡᠷᠦᠬᠡ︾ ᠶᠢᠨ ᠵᠠᠭᠪᠤᠷ ᠢ ᠬᠡᠷᠡᠭᠯᠡᠵᠦ ᠂ | ᠵᠢᠮᠢᠰ ᠢᠳᠡᠰᠢᠨ ᠨᠣᠭᠤᠭ᠎ᠠ ᠲᠡᠭᠦᠬᠦ ᠂ ᠣᠨᠴᠠᠯᠢᠭᠲᠤ ᠠᠷᠠᠳ ᠤᠨ ᠰᠠᠭᠤᠴᠠ ᠵᠡᠷᠭᠡ ᠰᠡᠯᠡᠭᠦᠴᠡᠯ ᠲᠠᠷᠢᠶᠠᠯᠠᠩ ᠤᠨ ᠵᠤᠭᠠᠴᠠᠯ ᠤᠨ ᠦᠢᠯᠡᠴᠢᠯᠡᠭᠡ ᠬᠠᠩᠭᠠᠨ᠎ᠠ᠃ ᠲᠤᠰ | ᠰᠠᠭᠤᠷᠢᠨ ᠭᠠᠵᠠᠷ ᠤᠨ ᠡᠵᠡᠯᠡᠬᠦ ᠭᠠᠵᠠᠷ ᠨᠢ 214 ᠮᠦ ᠪᠠᠶᠢᠵᠤ ᠂ ᠳᠤᠯᠠᠭᠠᠨ ᠬᠦᠯᠡᠮᠵᠢ 34 ᠰᠠᠭᠤᠷᠢ ᠂ ᠲᠣᠮᠣ ᠲᠠᠷᠢᠶ᠎ᠠ ᠂ ᠵᠢᠭᠠᠰᠤᠨ ᠴᠥᠭᠦᠷᠥᠮ ᠵᠡᠷᠭᠡ ᠶᠢ | ᠪᠠᠭᠲᠠᠭᠠᠵᠤ ᠂ ᠾᠦᠸᠧ ᠯᠦᠩ ᠭᠦᠸᠧ ᠵᠢᠮᠢᠰ ᠂ ᠤᠳᠤᠮᠪᠠᠷᠠ ᠵᠢᠮᠢᠰ ᠂ ᠠᠩᠬᠢᠯᠤᠮ᠎ᠠ ᠵᠢᠮᠢᠰ ᠂ ᠭᠦᠵᠡᠯᠵᠡᠭᠡᠨ᠎ᠡ ᠂ ᠪᠠᠯᠲᠤ ᠲᠥᠮᠥᠰᠥ ᠵᠡᠷᠭᠡ ᠠᠷᠪᠠᠨ ᠬᠡᠳᠦᠨ | ᠵᠦᠢᠯ ᠤᠨ ᠵᠢᠮᠢᠰ ᠢᠳᠡᠰᠢᠨ ᠨᠣᠭᠤᠭ᠎ᠠ ᠶᠢ ᠳᠠᠷᠢᠳᠠᠭ ᠃ ᠵᠢᠯ ᠪᠦᠷᠢ ᠲᠣᠰᠬᠤᠨ ᠤ ᠬᠠᠮᠲᠤ ᠶᠢᠨ ᠠᠵᠤ ᠠᠬᠤᠢ ᠳᠤ ᠨᠠᠭᠠᠳᠤ ᠵᠠᠬ᠎ᠠ ᠳᠠᠭᠠᠨ 20 ᠲᠦᠮᠡᠨ | ᠲᠥᠭᠦᠷᠢᠭ ᠤᠨ ᠣᠷᠣᠯᠭ᠎ᠠ ᠶᠢ ᠪᠠᠲᠤᠯᠠᠨ᠂ ᠲᠣᠰᠬᠤᠨ ᠤ ᠠᠷᠠᠳ ᠢ ᠳᠠᠶᠢᠴᠢᠯᠠᠨ 20 ᠣᠷᠴᠢᠮ ᠬᠥᠮᠥᠨ ᠳᠤ ᠠᠵᠢᠯ ᠣᠯᠭᠤᠳᠠᠭ ᠪᠠᠶᠢᠨ᠎ᠠ᠃ ︽ᠳᠠᠷᠠᠭᠠᠴᠢ ᠶᠢᠨ | ᠠᠯᠬᠤᠮ ᠳᠤ ᠂ ᠰᠠᠭᠤᠷᠢᠨ ᠭᠠᠵᠠᠷ ᠤᠨ ᠬᠢᠨ ᠣᠨᠴᠠᠯᠢᠭᠲᠤ ᠵᠢᠮᠢᠰ ᠢ ᠦᠷᠭᠦᠯᠵᠢᠯᠡᠨ ᠣᠷᠣᠭᠤᠯᠤᠨ ᠠᠪᠴᠢᠷᠠᠵᠤ ᠂ ᠨᠡᠩ ᠤᠯᠠᠨ ᠬᠡᠷᠡᠭᠯᠡᠭᠴᠢᠳ ᠢ ᠲᠠᠳᠠᠨ | ᠠᠪᠴᠢᠷᠠᠵᠤ ᠦᠵᠡᠮᠵᠢ ᠰᠤᠨᠢᠷᠬᠠᠭᠤᠯᠬᠤ ᠶᠢᠨ ᠳᠠᠭᠠᠤ ᠵᠢᠮᠢᠰ ᠲᠡᠭᠦᠯᠭᠡᠵᠤ ᠂ ᠳᠠᠷᠢᠶᠠᠯᠠᠩ ᠪᠤᠯᠤᠨ ᠵᠤᠭᠠᠴᠠᠯ ᠤᠨ ᠠᠭᠤᠰᠤᠯᠴᠠᠯ ᠢ ᠠᠬᠢᠭᠤᠯᠤᠨ᠎ᠠ︾ ᠭᠡᠵᠦ ᠱᠢ ᠳ᠋ᠦᠩ | ᠮᠢᠨ ᠶᠠᠷᠢᠨ᠎ᠠ᠃ | ᠣᠶᠢᠷ᠎ᠠ ᠶᠢᠨ ᠵᠢᠯ ᠤᠳ ᠲᠤ ᠂ ᠵᠡᠭᠦᠨᠭᠠᠷ ᠬᠤᠰᠢᠭᠤ ᠳᠠᠷᠢᠶᠠᠯᠠᠩ ᠪᠣᠯᠣᠨ ᠵᠤᠭᠠᠴᠠᠯ ᠤᠨ ᠦᠢᠯᠡᠰ ᠠᠭᠤᠰᠤᠯᠴᠠᠨ ᠬᠥᠭᠵᠢᠬᠦ ᠶᠢ ᠳᠡᠭᠡᠳᠦ ᠬᠡᠮᠵᠢᠶ᠎ᠡ ᠪᠠᠷ | ᠴᠢᠬᠤᠯᠠᠴᠢᠯᠠᠵᠤ ᠂ ᠭᠠᠵᠠᠷ ᠣᠷᠣᠨ ᠤ ᠪᠠᠶᠢᠳᠠᠯ ᠳᠠᠭᠠᠨ ᠲᠣᠬᠢᠷᠠᠭᠤᠯᠤᠨ ᠬᠥᠳᠡᠭᠡ ᠲᠣᠰᠬᠤᠨ ᠤ ᠵᠤᠭᠠᠴᠠᠯ ᠤᠨ ᠵᠦᠷᠢᠶᠡᠴᠢᠯᠡᠭᠰᠡᠨ ᠣᠨᠴᠠᠯᠢᠭᠲᠤ ᠬᠥᠭᠵᠢᠯᠲᠡ ᠶᠢ | ᠠᠬᠢᠭᠤᠯᠵᠤ ᠪᠤᠢ᠃ ᠪᠠᠷᠠᠭᠤᠨ ᠬᠠᠲᠠᠢ ᠲᠣᠰᠬᠤᠨ ᠨᠢ ᠵᠡᠭᠦᠨᠭᠠᠷ ᠬᠤᠰᠢᠭᠤᠨ ᠤ︽ ᠨᠢᠭᠡ ᠭᠤᠣᠯ ᠭᠤᠷᠪᠠᠨ ᠬᠦᠨᠳᠡᠢ ᠶᠢᠨ ᠭᠤᠤᠯ︾ ᠤᠨ ᠳᠤᠮᠳᠠᠬᠢ ᠪᠠᠢ ᠯᠢ ᠴᠠᠩ | ᠴᠤᠸᠠᠨ ᠤ ᠥᠷᠥᠴᠡᠨ ᠳᠤ ᠪᠠᠶᠢᠷᠢᠯᠠᠵᠤ ᠂ ᠲᠤᠰ ᠲᠣᠰᠬᠤᠨ ᠪᠠᠢ ᠯᠢ ᠴᠠᠩ ᠴᠤᠸᠠᠨ ᠤ ᠬᠥᠳᠡᠭᠡ ᠲᠣᠰᠬᠤᠨ ᠤ ᠵᠤᠭᠠᠴᠠᠯ ᠤᠨ ᠪᠠᠶᠢᠷᠢ ᠲᠣᠭᠲᠠᠭᠠᠯᠲᠠ ᠶᠢ | ᠬᠠᠷᠠᠭᠠᠯᠠᠨ ᠪᠦᠬᠦ ᠲᠠᠯ᠎ᠠ ᠪᠠᠷ ᠳᠦᠷᠪᠡᠨ ᠤᠯᠠᠷᠢᠯ ᠤᠨ ᠵᠤᠭᠠᠴᠠᠯ ᠤᠨ ᠲᠦᠷᠦᠯ ᠵᠦᠢᠯ ᠢ ᠥᠷᠨᠢᠭᠦᠯᠵᠦ ᠂ ᠳᠤᠯᠠᠭᠠᠨ ᠬᠦᠯᠡᠮᠵᠢ ᠳᠤ ᠵᠢᠮᠢᠰ ᠲᠡᠭᠦᠬᠦ ᠂ ᠭᠡᠭᠡᠷ᠎ᠠ | ᠬᠤᠨᠣᠭᠯᠠᠬᠤ ᠂ ᠰᠠᠷᠭᠠᠢ ᠴᠡᠴᠡᠭ ᠰᠤᠨᠢᠷᠬᠠᠬᠤ ᠂ ᠰᠤᠷᠤᠭᠴᠢᠳ ᠤᠨ ᠰᠤᠳᠤᠯᠤᠨ ᠰᠤᠷᠤᠯᠴᠠᠬᠤ ᠂ ᠬᠥᠳᠡᠭᠡ ᠲᠣᠰᠬᠤᠨ ᠤ ᠠᠷᠠᠳ ᠤᠨ ᠰᠠᠭᠤᠴᠠ ᠵᠡᠷᠭᠡ | ᠬᠡᠯᠪᠡᠷᠢ ᠪᠠᠷ ᠳᠠᠶᠢᠴᠢᠯᠠᠵᠤ ᠂ ᠪᠠᠷᠠᠭᠤᠨ ᠬᠠᠲᠠᠢ ᠲᠣᠰᠬᠤᠨ ᠤ︽ᠢᠳᠡᠬᠦ ᠂ ᠰᠠᠭᠤᠬᠤ ᠂ ᠶᠠᠪᠤᠬᠤ ᠂ ᠵᠤᠭᠠᠴᠠᠬᠤ ᠂ ᠬᠤᠳᠠᠯᠳᠤᠨ ᠠᠪᠬᠤ ᠂ ᠰᠡᠯᠡᠬᠦᠴᠡᠨ ᠨᠠᠭᠠᠳᠬᠤ︾ | ᠵᠡᠷᠭᠡ ᠪᠦᠲᠦᠭᠡᠭᠳᠡᠬᠦᠨ ᠪᠣᠯᠣᠨ ᠡᠵᠡᠩᠨᠡᠯᠲᠡ ᠶᠢᠨ ᠬᠡᠯᠪᠡᠷᠢ ᠪᠠᠶᠢᠳᠠᠯ ᠢ ᠳᠠᠰᠤᠷᠠᠯᠳᠠ ᠦᠭᠡᠢ ᠪᠠᠶᠠᠯᠢᠭᠵᠢᠭᠤᠯᠵᠤ ᠂ ᠪᠦᠬᠦ ᠲᠣᠰᠬᠤᠨ ᠤ ᠵᠤᠭᠠᠴᠠᠯ ᠤᠨ ᠲᠠᠲᠠᠬᠤ | ᠬᠦᠴᠦᠨ ᠪᠣᠯᠣᠨ ᠠᠯᠳᠠᠷᠰᠢᠯ ᠢ ᠳᠡᠭᠡᠭᠰᠢᠯᠡᠭᠦᠯᠵᠤ ᠪᠠᠶᠢᠨ᠎ᠠ ᠃ | |