| ᠲᠦᠪ ᠤᠨ ᠬᠠᠭᠠᠨ ᠤ ᠪᠢᠯᠢᠭ ᠯᠡ ᠨᠢ | ᠲᠦᠳᠡ ᠰᠠᠷ᠎ᠠ ᠳᠠᠭᠠᠨ ᠲᠤᠪᠴᠢᠶᠠᠯᠳᠠᠢ | ᠲᠦᠷᠦ ᠶᠢᠨ ᠭᠠᠭᠴᠠ ᠦᠷ᠎ᠠ ᠯᠡ ᠨᠢ | ᠴᠡᠭᠡᠵᠢᠨ ᠲᠤᠮᠳᠠ ᠪᠠᠨ ᠲᠤᠪᠴᠢᠶᠠᠯᠳᠠᠢ ᠃ | ᠭᠡᠯᠳᠡᠶᠢᠵᠤ ᠭᠠᠷᠬᠤ ᠨᠠᠷᠠ ᠯᠡ ᠨᠢ | ᠭᠡᠨᠳᠡᠢ ᠠᠭᠤᠯᠠ ᠶᠢᠨ ᠨᠠᠭᠠᠭᠤᠷ ᠴᠠᠭᠠᠭᠤᠷ ᠰᠢᠦ | ᠭᠡᠴᠢᠨᠡᠭᠡᠨ ᠶᠠᠪᠤᠬᠤ ᠨᠠᠰᠤ ᠯᠡ ᠨᠢ | ᠭᠡᠨ ᠴᠤ ᠬᠦᠴᠦ ᠪᠠᠨ ᠮᠡᠳᠡᠨ᠎ᠠ ᠬᠦ ᠃ | ᠤᠯᠠᠶᠢᠵᠤ ᠭᠠᠷᠬᠤ ᠨᠠᠷᠠ ᠯᠡ ᠨᠢ | ᠤᠯᠠᠭᠠᠨ ᠡᠬᠦᠯᠡ ᠪᠠᠷ ᠪᠦᠷᠬᠦᠨᠠ | ᠤᠶᠤᠨ ᠤᠬᠠᠭᠠᠨ ᠢ ᠯᠡ ᠮᠢᠨᠢ | ᠠᠭᠤᠷ ᠮᠤᠩᠬᠠᠭ ᠲᠠᠷᠤᠯᠠ ᠰᠢᠦ ᠃ | ᠮᠦᠩᠬᠦᠨ ᠤ ᠴᠢᠨᠢ ᠰᠠᠶᠢᠬᠠᠨ ᠢ | ᠮᠦᠩᠬᠦᠨ ᠲᠠᠷᠬᠠᠨ ᠲᠠᠨᠢᠳᠠᠭ ᠰᠢᠦ | ᠮᠦᠩᠭᠡ ᠲᠦᠷᠦᠯ ᠤᠨ ᠴᠢᠨᠢ ᠰᠠᠶᠢᠬᠠᠨ ᠢ | ᠶᠠᠪᠤᠨ ᠪᠠᠶᠢᠵᠤ ᠮᠡᠳᠡᠨ᠎ᠠ ᠬᠦ ᠃ | ᠠᠯᠳᠠᠨ ᠤ ᠴᠢᠨᠢ ᠰᠠᠶᠢᠬᠠᠨ ᠢ | ᠠᠯᠳᠠᠨ ᠲᠠᠷᠬᠠᠨ ᠲᠠᠨᠢᠨ᠎ᠠ ᠰᠢᠦ | ᠠᠬ᠎ᠠ ᠲᠡᠬᠦᠦ ᠶᠢᠨ ᠰᠠᠶᠢᠬᠠᠨ ᠢ | ᠠᠯᠤᠰ ᠬᠤᠶᠢᠳᠠᠢ ᠮᠡᠳᠡᠨ᠎ᠠ ᠬᠦ ᠃ | ᠮᠠᠨᠳᠤᠵᠤ ᠭᠠᠷᠬᠤ ᠨᠠᠷᠠ ᠯᠡ ᠨᠢ | ᠮᠠᠨᠠᠨ ᠤᠨᠢᠶᠠᠷ ᠪᠦᠷᠬᠦᠨᠠ | ᠤᠶᠤᠨ ᠪᠢᠯᠢᠭ ᠤᠬᠠᠭᠠᠨ ᠢ ᠮᠢᠨᠢ | ᠠᠭᠤᠷ ᠮᠤᠩᠬᠠᠭ ᠪᠦᠷᠬᠦᠨᠠ ᠃ | ᠲᠠᠭᠤᠯᠠᠭᠴᠢ ᠄ ᠰᠠᠶᠢᠨᠵᠢᠶᠠᠭᠠ | ᠰᠢᠩᠭᠡᠭᠡᠭᠴᠢ ᠄ ᠬᠠᠰ | ᠰᠢᠩᠭᠡᠭᠡᠭᠰᠡᠨ ᠴᠠᠭ : 2010 ᠤᠨ ᠤ 12 ᠰᠠᠷ᠎ᠠ | | | | |