| ᠽᠠᠨᠳᠠᠨ ᠬᠦᠷᠡᠩ ᠢᠶᠠᠨ ᠤᠨᠤᠶ᠎ᠠ ᠳ᠋ᠤᠤ | ᠽᠠᠨᠳᠠᠨ ᠵᠤᠤ ᠳᠠᠭᠠᠨ ᠮᠦᠷᠬᠦᠶ᠎ᠠ ᠳ᠋ᠤᠤ | ᠽᠠᠮᠪᠤᠳᠢᠪ ᠤᠨ ᠠᠮᠢᠳᠠᠨ | ᠠᠮᠤᠷ ᠵᠢᠷᠭᠠᠬᠤ ᠪᠤᠯᠳᠤᠭᠠᠢ ᠃ | ᠮᠦᠩᠬᠦᠨ ᠰᠠᠷᠠᠯ ᠢᠶᠠᠨ ᠤᠨᠤᠶ᠎ᠠ ᠳ᠋ᠤᠤ | ᠮᠦᠩᠭᠡ ᠵᠤᠤ ᠳᠠᠭᠠᠨ ᠮᠦᠷᠬᠦᠶ᠎ᠠ ᠳ᠋ᠤᠤ | ᠮᠦᠩᠭᠡ ᠲᠢᠪ ᠤᠨ ᠠᠮᠢᠳᠠᠨ | ᠠᠮᠤᠷ ᠵᠢᠷᠭᠠᠬᠤ ᠪᠤᠯᠳᠤᠭᠠᠢ ᠃ | ᠪᠤᠷᠤ ᠮᠤᠷᠢ ᠪᠠᠨ ᠤᠨᠤᠶ᠎ᠠ ᠳ᠋ᠤᠤ | ᠪᠤᠭᠳᠠ ᠡᠵᠡᠨ ᠳᠡᠭᠡᠨ ᠮᠦᠷᠬᠦᠶ᠎ᠠ ᠳ᠋ᠤᠤ | ᠪᠤᠷᠤ ᠲᠤᠬᠤᠢ ᠶᠢᠨ ᠠᠮᠢᠳᠠᠨ | ᠠᠮᠤᠷ ᠵᠢᠷᠭᠠᠬᠤ ᠪᠤᠯᠳᠤᠭᠠᠢ ᠃ | ᠵᠤᠷᠢᠬᠳᠤ ᠰᠠᠶᠢᠳᠦ ᠵᠡᠭᠡᠷᠳᠡ ᠪᠠᠨ | ᠵᠤᠭᠰᠤᠯ ᠦᠭᠡᠢ ᠤᠨᠤᠶ᠎ᠠ ᠳ᠋ᠤᠤ | ᠵᠤᠤ ᠪᠤᠭᠳᠠ ᠶᠢᠨ ᠭᠡᠭᠡᠨ ᠳᠤ | ᠵᠤᠷᠢᠬᠯᠠᠨ ᠬᠦᠷᠴᠦ ᠮᠦᠷᠬᠦᠶ᠎ᠠ ᠳ᠋ᠤᠤ ᠃ | ᠮᠠᠩᠬᠠᠨ ᠲᠡᠭᠡᠬᠦᠷ ᠬᠦᠶᠦᠳᠡᠯᠳᠡᠢ | ᠮᠠᠩᠨᠠᠢ ᠬᠠᠯᠵᠠᠨ ᠮᠤᠷᠢ ᠯᠡ ᠮᠢᠨᠢ | ᠮᠠᠩᠨᠤᠭ ᠲᠤᠷᠭ᠎ᠠ ᠪᠠᠷ ᠢᠶᠠᠨ ᠴᠢᠮᠡᠭᠰᠡᠨ | ᠭᠡᠦᠭᠡᠨ ᠦᠷ᠎ᠠ ᠮᠢᠨᠢ ᠬᠦᠮᠦᠨ ᠤ ᠲᠤ ᠃ | ᠮᠦᠰᠦᠨ ᠲᠡᠭᠡᠬᠦᠷ ᠬᠦᠶᠦᠳᠡᠯᠳᠡᠢ | ᠮᠦᠩᠬᠦᠨ ᠴᠤᠬᠤᠷ ᠮᠤᠷᠢ ᠯᠡ ᠮᠢᠨᠢ | ᠮᠦᠩᠬᠦ ᠱᠢᠷᠦ ᠪᠠᠷ ᠢᠶᠠᠨ ᠴᠢᠮᠡᠭᠰᠡᠨ | ᠭᠡᠦᠭᠡᠨ ᠦᠷ᠎ᠠ ᠮᠢᠨᠢ ᠬᠦᠮᠦᠨ ᠤ ᠲᠤ ᠃ | ᠰᠤᠭᠤ ᠶᠢᠨ ᠲᠤᠮᠳᠠᠭᠤᠷ ᠬᠦᠶᠦᠳᠡᠯᠳᠡᠢ | ᠰᠤᠬᠠᠢ ᠵᠡᠭᠡᠷᠳᠡ ᠮᠤᠷᠢ ᠯᠡ ᠮᠢᠨᠢ | ᠰᠤᠪᠤᠳ ᠱᠢᠷᠦ ᠪᠠᠷ ᠢᠶᠠᠨ ᠴᠢᠮᠡᠭᠰᠡᠨ | ᠭᠡᠦᠭᠡᠨ ᠦᠷ᠎ᠠ ᠮᠢᠨᠢ ᠬᠦᠮᠦᠨ ᠤ ᠲᠤ ᠃ | ᠤᠷᠤᠭ᠎ᠠ ᠭᠠᠯᠵᠠᠭᠤ ᠬᠦᠶᠦᠳᠡᠯᠳᠡᠢ | ᠤᠩᠭᠤᠨ ᠭᠡᠭᠡᠷ ᠮᠤᠷᠢ ᠯᠡ ᠮᠢᠨᠢ | ᠤᠭ᠍ᠶᠤ ᠱᠢᠷᠦ ᠪᠠᠷ ᠢᠶᠠᠨ ᠴᠢᠮᠡᠭᠰᠡᠨ | ᠭᠡᠦᠭᠡᠨ ᠦᠷ᠎ᠠ ᠮᠢᠨᠢ ᠬᠦᠮᠦᠨ ᠤ ᠲᠤ ᠃ | ᠬᠦᠷᠡᠩ ᠵᠡᠭᠡᠷᠳᠡ ᠮᠤᠷᠢ ᠮᠢᠨᠢ ᠦᠰᠪᠡᠯ | ᠬᠦᠨᠳᠡᠢ ᠵᠠᠮ ᠳᠠᠭᠠᠨ ᠵᠠᠶᠠᠭ᠎ᠠ ᠲᠠᠢ | ᠭᠡᠦᠭᠡᠨ ᠦᠷ᠎ᠠ ᠮᠢᠨᠢ ᠦᠰᠪᠡᠯ | ᠬᠦᠮᠦᠨ ᠤ ᠡᠬᠦᠳᠡᠨ ᠳᠤ ᠵᠠᠶᠠᠭ᠎ᠠ ᠲᠠᠢ ᠃ | ᠬᠠᠷ᠎ᠠ ᠮᠤᠷᠢ ᠮᠢᠨᠢ ᠦᠰᠪᠡᠯ | ᠬᠠᠩᠭᠠᠢ ᠵᠠᠮ ᠳᠠᠭᠠᠨ ᠵᠠᠶᠠᠭ᠎ᠠ ᠲᠠᠢ | ᠬᠠᠶᠢᠷᠠᠬᠠᠨ ᠦᠷ᠎ᠠ ᠮᠢᠨᠢ ᠦᠰᠪᠡᠯ | ᠬᠠᠷᠢ ᠶᠢᠨ ᠭᠠᠵᠠᠷ ᠲᠤ ᠵᠠᠶᠠᠭ᠎ᠠ ᠲᠠᠢ ᠃ | ᠠᠯᠳᠠᠨ ᠲᠤᠪᠴᠢ ᠪᠠᠶᠢᠪᠠᠯ | ᠠᠯᠳᠠᠷᠠᠭᠠᠳ ᠪᠠᠶᠢᠳᠠᠭ ᠨᠢ ᠶᠠᠭᠤᠨ ᠠᠴᠠ ᠪᠤᠢ ︖ | ᠠᠳᠠᠯᠢᠬᠠᠨ ᠦᠷ᠎ᠠ ᠪᠠᠶᠢᠪᠠᠯ | ᠢᠯᠭᠠᠮᠵᠢᠳᠠᠢ ᠪᠠᠶᠢᠳᠠᠭ ᠨᠢ ᠶᠠᠭᠤᠨ ᠠᠴᠠ ᠪᠤᠢ ︖ | ᠮᠦᠩᠬᠦᠨ ᠲᠤᠪᠴᠢ ᠪᠠᠶᠢᠪᠠᠯ | ᠮᠦᠯᠳᠦᠷᠡᠭᠡᠳ ᠪᠠᠶᠢᠳᠠᠭ ᠨᠢ ᠶᠠᠭᠤᠨ ᠠᠴᠠ ᠪᠤᠢ ︖ | ᠮᠦᠨᠴᠦ ᠦᠷ᠎ᠠ ᠪᠠᠶᠢᠪᠠᠯ | ᠢᠯᠭᠠᠮᠵᠢᠳᠠᠢ ᠪᠠᠶᠢᠳᠠᠭ ᠨᠢ ᠶᠠᠭᠤᠨ ᠠᠴᠠ ᠪᠤᠢ ︖ | ᠵᠡᠰ ᠤᠨ ᠲᠤᠪᠴᠢ ᠪᠠᠶᠢᠪᠠᠯ | ᠵᠢᠪᠡᠷᠡᠨᠠ ᠭᠡᠭᠴᠢ ᠶᠠᠭᠤᠨ ᠠᠴᠠ ᠪᠤᠢ ︖ | ᠵᠢᠩᠬᠢᠨᠢ ᠦᠷ᠎ᠠ ᠪᠠᠶᠢᠪᠠᠯ | ᠢᠯᠭᠠᠮᠵᠢᠳᠠᠢ ᠪᠠᠶᠢᠳᠠᠭ ᠨᠢ ᠶᠠᠭᠤᠨ ᠠᠴᠠ ᠪᠤᠢ ︖ | ᠲᠠᠭᠤᠯᠠᠭᠴᠢ ᠄ ᠰᠢᠷᠠᠪ ᠤᠳᠬᠠᠨᠪᠠᠯ | ᠰᠢᠩᠭᠡᠭᠡᠭᠴᠢ ᠄ ᠬᠠᠰ | ᠰᠢᠩᠭᠡᠭᠡᠭᠰᠡᠨ ᠴᠠᠭ ᠄ 2010 ᠤᠨ ᠤ 12 ᠰᠠᠷ᠎ᠠ | | | |