ᠮᠣᠩᠭᠤᠯᠴᠣᠳ ᠤᠨ ᠱᠠᠭ᠎ᠠ ᠪᠠᠷ ᠬᠡᠰᠢᠭ ᠪᠤᠶᠠᠨ ᠢ ᠪᠡᠯᠭᠡᠳᠡᠬᠦ ᠶᠣᠰᠤᠨ
ᠨᠡᠶᠢᠲᠡᠯᠡᠭᠰᠡᠨ ᠴᠠᠭ᠄
2024/9/11
   ᠱᠠᠭ᠎ᠠ ᠪᠠᠷ ᠮᠠᠯ ᠰᠦᠷᠦᠭ ᠤᠨ ᠦᠷᠡᠵᠢᠯ ᠲᠦᠯᠵᠢᠯ ᠂ ᠦᠨᠢᠷ ᠦᠰᠦᠯᠲᠡ ᠪᠣᠯᠣᠨ ᠰᠢᠨᠳᠠᠰᠤ ᠰᠠᠶᠢᠲᠠᠢ ᠬᠤᠷᠳᠤᠨ ᠬᠦᠯᠦᠭ ᠤᠨ ᠬᠡᠰᠢᠭ ᠪᠤᠶᠠᠨ ᠤ ᠪᠡᠯᠭᠡᠳᠡᠯ ᠪᠣᠯᠭᠠᠬᠤ ᠵᠠᠩ ᠦᠢᠯᠡ ᠮᠣᠩᠭᠤᠯᠴᠣᠳ ᠤᠨ ᠲᠤᠮᠳᠠ ᠦᠷᠭᠡᠨ ᠳᠡᠯᠭᠡᠷ ᠤᠯᠠᠮᠵᠢᠯᠠᠭᠳᠠᠵᠤ ᠢᠷᠡᠭᠰᠡᠨ ᠶᠤᠮ ᠃ ᠮᠣᠩᠭᠤᠯᠴᠣᠳ ᠮᠠᠯ ᠤᠨ ᠱᠠᠭ᠎ᠠ ᠶᠢ ︽ ᠶᠠᠰᠤᠨ ᠡᠷᠳᠡᠨᠢ ︾ ᠭᠡᠵᠦ ᠡᠷᠬᠢᠮᠯᠠᠨ ᠦᠵᠡᠵᠦ ᠂ ᠱᠠᠭᠠᠨᠲᠤ ᠴᠢᠮᠦᠭᠡ ᠶᠢ ᠮᠦᠯᠵᠢᠭᠡᠳ ᠂ ᠱᠠᠭ᠎ᠠ ᠶᠢ ᠰᠠᠶᠢᠬᠠᠨ ᠵᠠᠰᠠᠵᠤ ᠂ ᠬᠡᠲᠤ ᠣᠷᠬᠢᠵᠤ ᠮᠤᠷᠢ ᠪᠣᠰᠬᠠᠭᠰᠠᠨ ᠤ ᠲᠠᠷᠠᠭ᠎ᠠ ᠂ ᠬᠤᠷᠢᠶᠠᠳᠠᠭ ᠵᠠᠩᠰᠢᠯ ᠲᠠᠢ ᠃ ᠮᠠᠯᠴᠢᠳ ᠬᠤᠨᠢ ᠢᠮᠠᠭᠠᠨ ᠤ ᠱᠠᠭ᠎ᠠ ᠶᠢ ᠴᠣᠭᠯᠠᠭᠤᠯᠵᠤ ᠱᠠᠭ᠎ᠠ ᠲᠣᠭᠯᠠᠬᠤ ᠶᠢᠨ ᠬᠠᠮᠲᠤ ᠂ ᠱᠠᠭ᠎ᠠ ᠶᠢ ᠵᠠᠭᠤ ᠮᠢᠩᠭ᠎ᠠ ᠪᠠᠷ ᠴᠣᠭᠯᠠᠭᠤᠯᠵᠤ ᠂ ᠱᠠᠭ᠎ᠠ ᠠᠷᠪᠢᠨ ᠴᠣᠭᠯᠠᠭᠤᠯᠪᠠᠯ ᠂ ᠮᠠᠯ ᠰᠦᠷᠦᠭ ᠦᠨᠢᠷ ᠦᠰᠦᠨ᠎ᠡ ᠬᠡᠮᠡᠨ ᠦᠵᠡᠳᠡᠭ ᠃ ᠡᠷᠲᠡ ᠦᠶ᠎ᠡ ᠳᠤ ᠪᠠᠨ ᠬᠤᠨᠢ ᠲᠦᠮᠡ ᠬᠦᠷᠪᠡᠯ ᠬᠠᠭᠠᠨ ᠡᠵᠡᠨ ᠳᠤ ᠮᠡᠳᠡᠭᠦᠯᠵᠦ ᠂ ᠭᠠᠩ ᠲᠣᠯᠭ᠎ᠠ ᠪᠠᠷ ᠱᠠᠩᠨᠠᠳᠠᠭ ᠪᠠ ᠰᠦᠷᠦᠭ ᠤᠨ ᠡᠵᠡᠨ ᠨᠢ ᠠᠯᠳᠠᠨ ᠱᠠᠭ᠎ᠠ ᠴᠢᠳᠬᠤᠵᠤ ᠲᠠᠬᠢᠳᠠᠭ ᠪᠠᠶᠢᠪᠠ ᠃ ᠲᠡᠷᠡᠴᠢᠯᠡᠨ ᠱᠠᠭ᠎ᠠ ᠰᠠᠶᠢᠬᠠᠨ ᠵᠠᠰᠠᠪᠠᠯ ᠬᠤᠷᠳᠤᠨ ᠬᠦᠯᠦᠭ ᠲᠦᠷᠦᠨ᠎ᠡ ᠂ ᠲᠤᠶᠢᠭ ᠰᠠᠶᠢᠬᠠᠨ ᠵᠠᠰᠠᠪᠠᠯ ᠪᠠᠭᠠᠳᠤᠷ ᠭᠦᠦ ᠲᠦᠷᠦᠨ᠎ᠡ ︾ ᠭᠡᠵᠦ ᠪᠡᠯᠭᠡᠰᠢᠶᠡᠨ ᠂ ᠱᠠᠭ᠎ᠠ  ᠶᠢ ᠴᠡᠪᠡᠷ ᠰᠠᠶᠢᠬᠠᠨ ᠵᠠᠰᠠᠳᠠᠭ ᠪᠦᠭᠡᠳ ᠭᠡᠭᠡᠷ᠎ᠡ ᠶᠢᠨ ᠠᠷᠢᠶᠠᠲᠠᠨ ᠤ ᠲᠤᠳᠤᠷ᠎ᠠ ᠠᠴᠠ ᠴᠢᠨ᠋ᠸ᠎ᠠ ᠶᠢᠨ ᠱᠠᠭ᠎ᠠ ᠂ ᠵᠡᠭᠡᠷ᠎ᠡ ᠶᠢᠨ ᠱᠠᠭ᠎ᠠ ᠪᠠᠷ ᠬᠤᠷᠳᠤᠨ ᠬᠦᠯᠦᠭ ᠤᠨ ᠬᠡᠰᠢᠭ ᠪᠣᠶᠠᠨ ᠤ ᠪᠡᠯᠭᠡᠰᠢᠶᠡᠯ ᠪᠣᠯᠭᠠᠳᠠᠭ ᠃ ᠪᠠᠶᠠᠨ ᠨᠠᠭᠤᠷ ᠤᠨ ᠡᠳᠦᠷ ᠤᠨ ᠰᠣᠨᠢᠨ ᠤ ︽ ᠳᠡᠯᠭᠡᠷ ᠬᠠᠩᠭᠠᠢ ︾ ᠪᠤᠯᠤᠩ ᠠᠴᠠ ᠪᠠᠭᠤᠯᠭᠠᠪᠠ 
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ