ᠳᠠᠷᠤᠭᠠᠰᠤ ᠪᠠᠨ ᠬᠦᠩᠬᠡᠯᠡᠬᠦ ᠠᠷᠭ᠎ᠠ
ᠨᠡᠶᠢᠲᠡᠯᠡᠭᠰᠡᠨ ᠴᠠᠭ᠄
2024/9/11
   ᠠᠵᠢᠯ ᠤᠨ ᠲᠠᠷᠤᠭᠠᠰᠦ ᠂ ᠠᠮᠢᠳᠤᠷᠠᠯ ᠠᠴᠠ ᠪᠤᠯᠤᠭᠰᠠᠨ ᠠᠯᠢᠪᠠ ᠤᠴᠢᠷ ᠨᠢ ᠬᠦᠮᠦᠰ ᠢ ᠦᠷᠬᠦᠯᠵᠢ ᠶᠠᠳᠠᠷᠠᠭ᠎ᠠ ᠳᠤ ᠠᠪᠲᠠᠭᠤᠯᠳᠠᠭ ᠃ ᠡᠶᠢᠮᠤᠷᠬᠦᠦ ᠪᠠᠶᠢᠳᠠᠯ ᠳᠤ ᠪᠢᠳᠠ ᠬᠡᠷᠬᠢᠨ ᠪᠡᠶ᠎ᠡ ᠰᠡᠳᠭᠢᠯ ᠢᠶᠠᠨ ᠲᠠᠶᠢᠪᠤᠩ ᠪᠠᠶᠢᠯᠭᠠᠬᠤ ᠪᠤᠢ ︖ ᠡᠨᠡ ᠲᠤᠬᠠᠢ ᠡᠮᠴᠢ ᠶᠢᠨ ᠰᠠᠨᠠᠭᠤᠯᠭ᠎ᠠ ᠪᠠᠷ ᠲᠤᠤᠷᠠᠬᠢ ᠬᠡᠲᠦᠨ ᠲᠠᠯ᠎ᠠ ᠶᠢᠨ ᠵᠦᠪᠯᠡᠯᠭᠡ ᠶᠢ ᠬᠦᠷᠭᠡᠵᠦ ᠪᠠᠶᠢᠨ᠎ᠠ ᠃   1. ᠠᠮᠢᠰᠬᠤᠯ ᠢᠶᠠᠷ ᠲᠠᠶᠢᠪᠤᠰᠢᠷᠠᠬᠤ ᠠᠷᠭ᠎ᠠ ᠄ ᠬᠦᠨ ᠠᠮᠢᠰᠬᠤᠭ᠎ᠠ ᠠᠪᠬᠤ ᠨᠢ ᠭᠡᠨᠡᠳᠳᠡ ᠶᠢᠨ ᠠᠭᠤᠷ ᠤᠴᠠᠭᠠᠷ ᠢ ᠨᠠᠮᠳᠠᠭᠠᠵᠤ ᠲᠡᠶᠢᠯᠦᠨ᠎ᠡ ᠃ ᠳᠠᠷᠤᠢ ᠭᠦᠨ ᠠᠮᠢᠰᠬᠤᠭᠠᠳ ᠠᠮᠢᠰᠬᠤᠯ ᠢᠶᠠᠨ ᠠᠯᠭᠤᠷ ᠬᠡᠪᠡᠯᠢ ᠶᠢᠨ ᠬᠡᠰᠡᠭ ᠲᠡᠭᠡᠨ ᠬᠦᠷᠭᠡᠵᠦ ᠂ ᠲᠠᠷᠠᠭ᠎ᠠ ᠨᠢ ᠬᠠᠪᠢᠷᠭ᠎ᠠ ᠶᠢᠨ ᠶᠠᠰᠤᠨ ᠤ ᠬᠡᠰᠡᠭ ᠲᠡᠭᠡᠨ ᠬᠦᠷᠭᠡᠵᠦ ᠂ ᠲᠠᠬᠢᠨ ᠠᠭᠠᠵᠢᠮ ᠢᠶᠠᠷ ᠠᠮᠢᠰᠬᠤᠨ ᠭᠠᠷᠭᠠᠬᠤ ᠶᠢ ᠬᠡᠯᠡᠨ᠎ᠡ ᠃   2. ᠪᠤᠯᠴᠢᠩ ᠰᠢᠷᠪᠤᠰᠦ ᠪᠠᠷ ᠲᠠᠶᠢᠪᠤᠰᠢᠷᠠᠭᠤᠯᠬᠤ ᠠᠷᠭ᠎ᠠ ᠄ 3 ᠮᠢᠨᠦ᠋ᠲ ᠤᠨ ᠲᠤᠳᠤᠷ᠎ᠠ ᠲᠤᠤᠷᠠᠬᠢ ᠮᠡᠲᠦ ᠬᠦᠳᠡᠯᠭᠡᠭᠡᠨ ᠢ ᠲᠠᠬᠢᠨ ᠲᠠᠪᠳᠠᠨ ᠬᠢᠵᠦ ᠲᠠᠶᠢᠪᠤᠰᠢᠷᠠᠭᠤᠯᠬᠤ ︔ ᠨᠢᠲᠤ ᠪᠠᠨ ᠠᠨᠢᠭᠠᠳ ᠰᠠᠭᠤᠬᠤ ᠃ 6 ᠰᠧᠺᠦ᠋ᠨ᠋ᠳ᠋ ᠪᠦᠷᠢ ᠳᠤ ᠠᠮᠢᠰᠬᠤᠬᠤ ᠳᠠᠭᠠᠨ ᠪᠤᠯᠴᠢᠩ ᠰᠢᠷᠪᠤᠰᠦ ᠪᠠᠨ ᠴᠢᠩᠭᠠᠯᠠᠨ᠎ᠠ ᠃ ᠠᠯᠭᠤᠷ ᠢᠶᠠᠷ ᠠᠮᠢᠰᠬᠤᠨ ᠭᠠᠷᠭᠠᠬᠤ ᠶᠢᠨ ᠲᠠᠭᠠᠦ ᠪᠡᠶ᠎ᠡ ᠪᠠᠨ ᠰᠤᠯᠠ ᠲᠠᠯᠪᠢᠵᠤ ᠂ ᠠᠶᠢᠵᠠᠮ ᠲᠠᠢ ᠪᠠᠷ ᠬᠤᠷᠢᠨ ᠮᠢᠨᠦ᠋ᠲ ᠠᠮᠢᠰᠬᠤᠭ᠎ᠠ ᠠᠪᠤᠨ᠎ᠠ ᠃ ᠬᠤᠶᠠᠷ ᠤᠳᠠᠭ᠎ᠠ ᠲᠠᠪᠳᠠᠵᠤ ᠬᠢᠨ᠎ᠡ ᠃   3. ᠪᠡᠶ᠎ᠡ ᠪᠠᠨ ᠬᠠᠯᠠᠭᠤᠨ ᠤᠰᠤᠨ ᠳᠤ ᠲᠡᠪᠲᠦᠭᠡᠬᠦ ᠄ ᠬᠠᠯᠠᠭᠤᠨ ᠤᠰᠤ ᠪᠠᠷ ᠪᠡᠶ᠎ᠡ ᠪᠠᠨ ᠤᠬᠢᠶᠠᠬᠤ ᠪᠤᠯ ᠬᠠᠮᠤᠭ ᠤᠨ ᠰᠠᠶᠢᠨ ᠲᠠᠶᠢᠪᠤᠰᠢᠷᠠᠭᠤᠯᠬᠤ ᠠᠷᠭ᠎ᠠ ᠪᠤᠯᠤᠨ᠎ᠠ ᠃ ᠡᠨᠡ ᠦᠶ᠎ᠡ ᠳᠤ ᠪᠡᠶ᠎ᠡ ᠪᠠᠨ ᠰᠤᠯᠠ ᠪᠠᠶᠢᠯᠭᠠᠵᠤ ᠂ ᠬᠠᠮᠤᠭ ᠤᠨ ᠰᠠᠶᠢᠨ ᠨᠢ ᠪᠡᠶ᠎ᠡ ᠶᠢᠨ ᠲᠤᠯᠠᠭᠠᠨ ᠠᠴᠠ ᠵᠢᠭᠠᠬᠠᠨ ᠦᠨᠲᠦᠷ ᠬᠠᠯᠠᠭᠤᠨ ᠤᠰᠤᠨ ᠳᠤ ᠲᠡᠪᠳᠦᠭᠡᠵᠦ ᠂ 15 ᠮᠢᠨᠦ᠋ᠲ ᠢ ᠬᠡᠲᠦᠷᠡᠬᠦ ᠦᠭᠡᠢ ᠪᠠᠶᠢᠪᠠᠯ ᠵᠤᠬᠢᠨ᠎ᠠ ᠃   4. ᠠᠯᠬᠤᠬᠤ ᠄ ᠰᠤᠯᠠ ᠠᠯᠬᠤᠬᠤ ᠨᠢ ᠪᠠᠴᠢᠮ ᠰᠠᠨᠳᠤᠷᠤᠤ ᠤᠷᠮ᠎ᠠ ᠰᠡᠳᠭᠢᠯᠭᠡ ᠶᠢ ᠨᠠᠮᠳᠠᠭᠠᠵᠤ ᠂ ᠦᠷ᠎ᠡ ᠪᠦᠲᠦᠮᠵᠢ ᠨᠢ 1-2 ᠴᠠᠭ ᠦᠷᠬᠦᠯᠵᠢᠯᠡᠨ᠎ᠡ ᠃   5. ᠬᠦᠳᠡᠯᠭᠡᠭᠡᠨ ᠬᠢᠬᠦ ᠄ ᠳᠠᠷᠤᠭᠠᠰᠤ ᠶᠢ ᠬᠦᠡᠭᠭᠡᠯᠡᠬᠦ ᠬᠠᠮᠤᠭ ᠤᠨ ᠪᠤᠳᠠᠳᠠᠢ ᠠᠷᠭ᠎ᠠ ᠪᠤᠯᠤᠨ᠎ᠠ ᠃ 40 ᠮᠢᠨᠦ᠋ᠲ ᠤᠨ ᠬᠦᠳᠡᠯᠭᠡᠭᠡᠨ ᠬᠢᠪᠡᠯ ᠰᠡᠳᠬᠢᠯ ᠰᠠᠨᠠᠭ᠎ᠠ ᠶᠢ 3 ᠴᠠᠭ ᠳᠠᠶᠢᠪᠤᠰᠢᠷᠠᠭᠤᠯᠤᠨ᠎ᠠ ᠃   6. ᠰᠡᠳᠭᠢᠴᠡ ᠶᠢᠨ ᠵᠦᠪᠯᠡᠯᠭᠡ ᠬᠦᠯᠢᠶᠡᠬᠦ ᠄ ᠥᠪᠡᠷ ᠢ ᠪᠠᠨ ᠲᠠᠶᠢᠪᠤᠰᠢᠷᠠᠭᠤᠯᠵᠤ ᠳᠡᠶᠢᠯᠬᠦ ᠦᠭᠡᠢ ᠪᠠᠶᠢᠳᠠᠯ ᠳᠣᠣᠷ᠎ᠠ ᠰᠡᠳᠬᠢᠴᠡ ᠵᠠᠰᠠᠯ ᠤᠨ ᠬᠦᠮᠦᠰ ᠠᠴᠠ ᠲᠤᠰᠠᠯᠠᠮᠵᠢ ᠬᠦᠰᠡᠵᠦ ᠪᠤᠯᠤᠨ᠎ᠠ ᠃  
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ