| ᠨᠠᠮ ᠤᠨ ᠬᠤᠷᠢᠳᠤᠭᠠᠷ ᠬᠤᠭᠤᠴᠠᠭᠠᠨ ᠤ ᠲᠥᠪ ᠬᠤᠷᠢᠶ᠎ᠠ ᠶᠢᠨ ᠭᠤᠷᠪᠠᠳᠤᠭᠠᠷ ᠪᠦᠭᠦᠳᠡ ᠬᠤᠷᠠᠯ ᠠᠴᠠ ᠳᠤᠮᠳᠠᠳᠤ ᠤᠯᠤᠰ ᠤᠨ ᠮᠠᠶ᠋ᠢᠭ ᠤᠨ | ᠣᠳᠣᠬᠢᠴᠢᠯᠠᠯᠲᠠ ᠶᠢ ᠠᠬᠢᠭᠤᠯᠬᠤ ᠳᠤ ᠠᠩᠬᠠᠷᠤᠯ ᠢᠶᠠᠨ ᠲᠥᠪᠯᠡᠷᠡᠭᠦᠯᠵᠦ ᠂ ᠥᠭᠡᠷᠡᠴᠢᠯᠡᠯᠲᠡ ᠶᠢ ᠪᠦᠭᠦ ᠲᠠᠯ᠎ᠠ ᠪᠠᠷ ᠭᠦᠨᠵᠡᠭᠡᠶᠢᠷᠡᠭᠦᠯᠬᠦ ᠳᠤ ᠰᠢᠰᠲ᠋ᠧᠮ ᠲᠠᠢ | ᠪᠠᠶᠢᠷᠢᠯᠠᠭᠤᠯᠤᠯᠲᠠ ᠬᠢᠵᠦ ᠂ ︽ ᠥᠭᠡᠷᠡᠴᠢᠯᠡᠯᠲᠡ ᠶᠢ ᠤᠯᠠᠮ ᠨᠢᠭᠡ ᠠᠯᠬᠤᠮ ᠪᠦᠭᠦ ᠲᠠᠯ᠎ᠠ ᠪᠠᠷ ᠭᠦᠨᠵᠡᠭᠡᠶᠢᠷᠡᠭᠦᠯᠵᠦ ᠂ ᠳᠤᠮᠳᠠᠳᠤ ᠤᠯᠤᠰ ᠤᠨ ᠮᠠᠶ᠋ᠢᠭ ᠤᠨ | ᠣᠳᠣᠬᠢᠴᠢᠯᠠᠯᠲᠠ ᠶᠢ ᠠᠬᠢᠭᠤᠯᠬᠤ ᠲᠤᠬᠠᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠤᠷᠢᠶ᠎ᠠ ᠶᠢᠨ ᠲᠣᠭᠲᠠᠭᠠᠯ ︾ ︵ ᠳᠣᠷᠣᠭᠰᠢ ︽ ᠲᠣᠭᠲᠠᠭᠠᠯ ︾ | ᠭᠡᠵᠦ ᠳᠥᠭᠦᠮᠴᠢᠯᠡᠨ᠎ᠡ ︶ ᠢ ᠬᠢᠨᠠᠨ ᠵᠥᠪᠯᠡᠵᠦ ᠪᠠᠲᠤᠯᠠᠭᠰᠠᠨ ᠨᠢ ᠨᠡᠶᠢᠭᠡᠮ ᠵᠢᠷᠤᠮᠲᠤ ᠣᠳᠣᠬᠢᠴᠢᠯᠠᠭᠰᠠᠨ ᠤᠯᠤᠰ ᠢ ᠪᠦᠭᠦ ᠲᠠᠯ᠎ᠠ ᠪᠠᠷ ᠪᠦᠲᠦᠭᠡᠨ ᠪᠠᠶᠢᠭᠤᠯᠬᠤ ᠰᠢᠨ᠎ᠡ | ᠠᠶᠠᠨ ᠳᠤ ᠬᠥᠰᠢᠶ᠎ᠡ ᠳᠤᠷᠠᠰᠬᠠᠯ ᠤᠨ ᠠᠴᠢ ᠬᠤᠯᠪᠣᠭᠳᠠᠯ ᠲᠠᠢ ᠶᠤᠮ ᠃ ᠨᠠᠮ ᠤᠨ ᠬᠤᠷᠢᠳᠤᠭᠠᠷ ᠬᠤᠭᠤᠴᠠᠭᠠᠨ ᠤ ᠲᠥᠪ ᠬᠤᠷᠢᠶ᠎ᠠ ᠶᠢᠨ ᠭᠤᠷᠪᠠᠳᠤᠭᠠᠷ ᠪᠦᠭᠦᠳᠡ | ᠬᠤᠷᠠᠯ ᠤᠨ ᠵᠣᠷᠢᠭ ᠰᠠᠨᠠᠭ᠎ᠠ ᠶᠢ ᠰᠠᠶᠢᠲᠤᠷ ᠰᠤᠷᠤᠯᠴᠠᠨ ᠲᠤᠭᠤᠰᠢᠯᠠᠭᠤᠯᠬᠤ ᠪᠣᠯ ᠣᠳᠣᠬᠠᠨ ᠤ ᠪᠠ ᠬᠤᠶᠢᠰᠢᠳᠠ ᠶᠢᠨ ᠨᠢᠭᠡ ᠬᠤᠭᠤᠴᠠᠭᠠᠨ ᠤ ᠴᠢᠬᠤᠯᠠ ᠶᠡᠭᠡ | ᠤᠯᠤᠰ ᠲᠦᠷᠦ ᠶᠢᠨ ᠡᠭᠦᠷᠭᠡ ᠮᠥᠨ ᠃ ᠪᠢᠳᠡ ᠣᠷᠣᠨ ᠳᠠᠶᠠᠭᠠᠷ ᠢ ᠬᠥᠲᠥᠯᠥᠨ ᠵᠢᠯᠤᠭᠤᠳᠴᠤ ᠨᠠᠮ ᠤᠨ ᠬᠤᠷᠢᠳᠤᠭᠠᠷ ᠬᠤᠭᠤᠴᠠᠭᠠᠨ ᠤ ᠲᠥᠪ ᠬᠤᠷᠢᠶ᠎ᠠ ᠶᠢᠨ | ᠭᠤᠷᠪᠠᠳᠤᠭᠠᠷ ᠪᠦᠭᠦᠳᠡ ᠬᠤᠷᠠᠯ ᠤᠨ ᠵᠣᠷᠢᠭ ᠰᠠᠨᠠᠭ᠎ᠠ ᠶᠢ ᠪᠦᠭᠦ ᠲᠠᠯ᠎ᠠ ᠪᠠᠷ ᠰᠢᠰᠲ᠋ᠧᠮ ᠲᠠᠢ ᠂ ᠨᠡᠪᠲᠡᠷᠡᠲᠡᠯ᠎ᠡ ᠰᠤᠷᠤᠯᠴᠠᠨ ᠣᠶᠢᠯᠠᠭᠠᠵᠤ ᠂ ᠶᠡᠷᠦᠩᠬᠡᠢ ᠱᠦᠵᠢ | ᠰᠢ ᠶᠢᠨ ᠫᠢᠩ ᠤᠨ ᠥᠪᠥᠷ ᠮᠣᠩᠭᠤᠯ ᠤᠨ ᠲᠤᠬᠠᠢ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠪᠠ ᠳᠤᠮᠳᠠᠳᠤ ᠶᠢᠨ | ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠠᠵᠢᠯ ᠤᠨ ᠭᠤᠣᠯ ᠰᠢᠵᠢᠮ ᠤᠨ ᠲᠣᠭᠤᠷᠢᠨ ᠳᠤ ᠥᠭᠡᠷᠡᠴᠢᠯᠡᠯᠲᠡ ᠶᠢ ᠪᠦᠭᠦ | ᠲᠠᠯ᠎ᠠ ᠪᠠᠷ ᠭᠦᠨᠵᠡᠭᠡᠶᠢᠷᠡᠭᠦᠯᠬᠦ ᠶᠢᠨ ᠥᠷᠭᠡᠴᠡ ᠪᠠ ᠭᠦᠨᠴᠡ ᠲᠡᠶᠢᠰᠢ ᠤᠷᠤᠭᠰᠢᠯᠠᠬᠤ ᠶᠢ ᠠᠬᠢᠭᠤᠯᠵᠤ ᠂ ᠡᠯ᠎ᠡ ᠲᠠᠯ᠎ᠠ ᠶᠢᠨ ᠬᠥᠳᠡᠯᠭᠡᠭᠴᠢ ᠬᠦᠴᠦᠨ ᠠᠮᠢᠵᠢᠷᠠᠯ ᠤᠨ | ᠬᠦᠴᠦᠨ ᠢ ᠬᠥᠭᠵᠢᠭᠡᠵᠦ ᠂ ᠡᠬᠡ ᠤᠯᠤᠰ ᠤᠨ ᠤᠮᠠᠷᠠᠲᠤ ᠶᠢᠨ ᠨᠠᠩ ᠦᠵᠡᠰᠬᠦᠯᠡᠩᠲᠦ ᠰᠠᠶᠢᠬᠠᠨ ᠦᠵᠡᠮᠵᠢ ᠪᠠᠷ ᠳᠤᠮᠳᠠᠳᠤ ᠤᠯᠤᠰ ᠤᠨ ᠮᠠᠶ᠋ᠢᠭ ᠤᠨ | ᠣᠳᠣᠬᠢᠴᠢᠯᠠᠯᠲᠠ ᠶᠢᠨ ᠥᠨᠢᠷ ᠰᠠᠶᠢᠬᠠᠨ ᠦᠵᠡᠮᠵᠢ ᠳᠤ ᠥᠩᠭᠡ ᠭᠠᠯᠪᠢᠷ ᠨᠡᠮᠡᠷᠢᠯᠡᠬᠦ ᠪᠣᠯᠣᠨ᠎ᠠ ᠃ | ᠨᠠᠮ ᠤᠨ ᠬᠤᠷᠢᠳᠤᠭᠠᠷ ᠬᠤᠭᠤᠴᠠᠭᠠᠨ ᠤ ᠲᠥᠪ ᠬᠤᠷᠢᠶ᠎ᠠ ᠶᠢᠨ ᠭᠤᠷᠪᠠᠳᠤᠭᠠᠷ ᠪᠦᠭᠦᠳᠡ ᠬᠤᠷᠠᠯ ᠤᠨ ᠵᠣᠷᠢᠭ ᠰᠠᠨᠠᠭ᠎ᠠ ᠪᠠᠷ ᠦᠵᠡᠯ ᠰᠠᠨᠠᠭ᠎ᠠ ᠪᠣᠯᠣᠨ ᠦᠢᠯᠡ | ᠠᠵᠢᠯᠯᠠᠭ᠎ᠠ ᠪᠠᠨ ᠦᠨᠡᠨ ᠬᠦ ᠨᠢᠭᠡᠳᠬᠡᠨ᠎ᠡ | ᠶᠡᠷᠦᠩᠬᠡᠢ ᠱᠦᠵᠢ ᠰᠢ ᠶᠢᠨ ᠫᠢᠩ ᠤᠨ ᠥᠭᠡᠷᠡᠴᠢᠯᠡᠯᠲᠡ ᠶᠢ ᠪᠦᠭᠦ ᠲᠠᠯ᠎ᠠ ᠪᠠᠷ ᠭᠦᠨᠵᠡᠭᠡᠶᠢᠷᠡᠭᠦᠯᠬᠦ ᠲᠤᠬᠠᠢ ᠠᠯᠢ ᠣᠯᠠᠨ ᠰᠢᠨ᠎ᠡ ᠦᠵᠡᠯ ᠰᠠᠨᠠᠭ᠎ᠠ ᠰᠢᠨ᠎ᠡ | ᠦᠵᠡᠯᠲᠡ ᠰᠢᠨ᠎ᠡ ᠨᠤᠲᠠᠯᠠᠯᠲᠠ ᠶᠢ ᠭᠦᠨᠵᠡᠭᠡᠢ ᠰᠤᠷᠤᠯᠴᠠᠨ ᠨᠡᠪᠲᠡᠷᠡᠲᠡᠯ᠎ᠡ ᠣᠶᠢᠯᠠᠭᠠᠵᠤ ᠴᠢᠭᠯᠡᠯ ᠢᠶᠠᠨ ᠲᠣᠳᠣᠷᠬᠠᠶᠢᠯᠠᠨ᠎ᠠ ᠃ ᠨᠠᠮ ᠤᠨ ᠠᠷᠪᠠᠨ ᠨᠠᠢᠮᠠᠳᠤᠭᠠᠷ ᠶᠡᠭᠡ | ᠬᠤᠷᠠᠯ ᠠᠴᠠ ᠨᠠᠭᠠᠰᠢ ᠂ ᠶᠡᠷᠦᠩᠬᠡᠢ ᠱᠦᠵᠢ ᠰᠢ ᠶᠢᠨ ᠫᠢᠩ ᠥᠭᠡᠷᠡᠴᠢᠯᠡᠯᠲᠡ ᠶᠢ ᠪᠦᠭᠦ ᠲᠠᠯ᠎ᠠ ᠪᠠᠷ ᠭᠦᠨᠵᠡᠭᠡᠶᠢᠷᠡᠭᠦᠯᠬᠦ ᠠᠵᠢᠯ ᠢ ᠪᠡᠶ᠎ᠡ ᠪᠠᠷ ᠢᠶᠠᠨ ᠤᠳᠤᠷᠢᠳᠴᠤ ᠂ | ᠪᠡᠶ᠎ᠡ ᠪᠠᠷ ᠢᠶᠠᠨ ᠪᠠᠶᠢᠷᠢᠯᠠᠭᠤᠯᠵᠤ ᠂ ᠪᠡᠶ᠎ᠡ ᠪᠠᠷ ᠢᠶᠠᠨ ᠠᠬᠢᠭᠤᠯᠵᠤ ᠂ ᠶᠠᠭᠤᠨ ᠳᠤ ᠥᠭᠡᠷᠡᠴᠢᠯᠡᠬᠦ ᠂ ᠶᠠᠭᠤ ᠶᠢ ᠥᠭᠡᠷᠡᠴᠢᠯᠡᠬᠦ ᠂ ᠬᠡᠷᠬᠢᠨ ᠥᠭᠡᠷᠡᠴᠢᠯᠡᠬᠦ ᠵᠡᠷᠭᠡ ᠴᠢᠬᠤᠯᠠ | ᠶᠡᠭᠡ ᠤᠨᠤᠯ ᠤᠨ ᠪᠠ ᠦᠢᠯᠡᠳᠦᠯᠭᠡ ᠶᠢᠨ ᠠᠰᠠᠭᠤᠳᠠᠯ ᠢ ᠰᠢᠨᠵᠢᠯᠡᠬᠦ ᠤᠬᠠᠭᠠᠨᠴᠢ ᠪᠠᠷ ᠬᠠᠷᠢᠭᠤᠯᠵᠤ ᠂ ᠰᠢᠨ᠎ᠡ ᠴᠠᠭ ᠦᠶ᠎ᠡ ᠶᠢᠨ ᠥᠭᠡᠷᠡᠴᠢᠯᠡᠯᠲᠡ ᠶᠢ ᠪᠦᠭᠦ ᠲᠠᠯ᠎ᠠ ᠪᠠᠷ | ᠭᠦᠨᠵᠡᠭᠡᠶᠢᠷᠡᠭᠦᠯᠬᠦ ᠶᠢ ᠬᠥᠲᠥᠯᠥᠨ ᠵᠢᠯᠤᠭᠤᠳᠴᠤ ᠪᠠᠶᠢᠭᠠᠳ ᠲᠡᠦᠬᠡᠲᠦ ᠴᠢᠨᠠᠷᠲᠠᠢ ᠂ ᠬᠤᠪᠢᠰᠬᠠᠯᠲᠤ ᠴᠢᠨᠠᠷᠲᠠᠢ ᠂ ᠡᠭᠦᠳᠦᠯᠲᠡ ᠶᠢᠨ ᠴᠢᠨᠠᠷᠲᠠᠢ ᠠᠮᠵᠢᠯᠲᠠ | ᠣᠯᠣᠭᠰᠠᠨ ᠢᠶᠠᠷ ᠪᠠᠷᠠᠬᠤ ᠦᠭᠡᠢ ᠂ ᠪᠠᠰᠠ ᠥᠭᠡᠷᠡᠴᠢᠯᠡᠯᠲᠡ ᠶᠢ ᠪᠦᠭᠦ ᠲᠠᠯ᠎ᠠ ᠪᠠᠷ ᠭᠦᠨᠵᠡᠭᠡᠶᠢᠷᠡᠭᠦᠯᠬᠦ ᠳᠤ ᠬᠦᠴᠦᠷᠬᠡᠭ ᠶᠡᠭᠡ ᠦᠵᠡᠯ ᠰᠠᠨᠠᠭᠠᠨ ᠤ ᠵᠡᠪᠰᠡᠭ | ᠬᠠᠩᠭᠠᠭᠰᠠᠨ ᠪᠠᠶᠢᠨ᠎ᠠ ᠃ ᠪᠢᠳᠡ ᠶᠡᠷᠦᠩᠬᠡᠢ ᠱᠦᠵᠢ ᠰᠢ ᠶᠢᠨ ᠫᠢᠩ ᠤᠨ ᠥᠭᠡᠷᠡᠴᠢᠯᠡᠯᠲᠡ ᠶᠢ ᠪᠦᠭᠦ ᠲᠠᠯ᠎ᠠ ᠪᠠᠷ ᠭᠦᠨᠵᠡᠭᠡᠶᠢᠷᠡᠭᠦᠯᠬᠦ ᠲᠤᠬᠠᠢ ᠠᠯᠢ ᠣᠯᠠᠨ ᠰᠢᠨ᠎ᠡ | ᠦᠵᠡᠯ ᠰᠠᠨᠠᠭ᠎ᠠ ᠰᠢᠨ᠎ᠡ ᠦᠵᠡᠯᠲᠡ ᠰᠢᠨ᠎ᠡ ᠨᠤᠲᠠᠯᠠᠯᠲᠠ ᠶᠢ ᠭᠦᠨᠵᠡᠭᠡᠢ ᠰᠤᠷᠤᠯᠴᠠᠨ ᠣᠶᠢᠯᠠᠭᠠᠵᠤ ᠂ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ | ᠤᠯᠤᠰ ᠤᠨ ᠣᠨᠴᠠᠯᠢᠭ ᠪᠦᠬᠦᠢ ᠨᠡᠶᠢᠭᠡᠮ ᠵᠢᠷᠤᠮ ᠤᠨ ᠦᠵᠡᠯ ᠰᠠᠨᠠᠭ᠎ᠠ ᠶᠢ ᠰᠤᠷᠤᠯᠴᠠᠨ ᠲᠤᠭᠤᠰᠢᠯᠠᠭᠤᠯᠬᠤ ᠲᠠᠢ ᠤᠶᠠᠯᠳᠤᠭᠤᠯᠵᠤ ᠂ ᠶᠡᠷᠦᠩᠬᠡᠢ ᠱᠦᠵᠢ ᠰᠢ ᠶᠢᠨ | ᠫᠢᠩ ᠤᠨ ᠥᠪᠥᠷ ᠮᠣᠩᠭᠤᠯ ᠤᠨ ᠲᠤᠬᠠᠢ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠪᠠ ᠳᠤᠮᠳᠠᠳᠤ ᠶᠢᠨ | ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠠᠵᠢᠯ ᠤᠨ ᠭᠤᠣᠯ ᠰᠢᠵᠢᠮ ᠲᠠᠢ ᠤᠶᠠᠯᠳᠤᠭᠤᠯᠵᠤ ᠂ ᠲᠡᠭᠦᠨ ᠳᠤ ᠠᠭᠤᠯᠤᠭᠳᠠᠵᠤ | ᠪᠠᠶᠢᠭ᠎ᠠ ᠶᠢᠷᠲᠢᠨᠴᠦ ᠶᠢᠨ ᠦᠵᠡᠯᠲᠡ ᠪᠠ ᠠᠷᠭ᠎ᠠ ᠶᠢᠨ ᠣᠨᠣᠯ ᠢ ᠭᠦᠨᠵᠡᠭᠡᠢ ᠣᠶᠢᠯᠠᠭᠠᠵᠤ ᠂ ᠶᠡᠷᠦᠩᠬᠡᠢ ᠱᠦᠵᠢ ᠰᠢ ᠶᠢᠨ ᠫᠢᠩ ᠤᠨ ᠲᠦᠷᠦ ᠶᠢ ᠵᠠᠰᠠᠵᠤ ᠵᠠᠰᠠᠭ ᠢ | ᠡᠷᠭᠢᠯᠡᠭᠦ ᠭᠦᠨᠵᠡᠭᠡᠢ ᠦᠵᠡᠯ ᠰᠠᠨᠠᠭ᠎ᠠ ᠪᠣᠯᠣᠨ ᠠᠭᠤᠤ ᠶᠡᠭᠡ ᠦᠢᠯᠡᠳᠦᠯᠭᠡ ᠶᠢ ᠭᠦᠨᠵᠡᠭᠡᠢ ᠣᠶᠢᠯᠠᠭᠠᠵᠤ ᠂ ︽ ᠬᠤᠶᠠᠷ ᠢ ᠲᠣᠭᠲᠠᠭᠠᠭᠰᠠᠨ ︾ ᠢ ᠨᠠᠩ | ᠤᠬᠠᠮᠰᠠᠷ ᠠᠴᠠ ᠪᠠᠨ ᠡᠷᠡᠰ ᠬᠦᠷᠢᠶᠡᠯᠡᠵᠦ ᠂ ︽ ᠬᠤᠶᠠᠷ ᠢ ᠬᠠᠮᠠᠭᠠᠯᠠᠬᠤ ︾ ᠶᠢ ᠡᠷᠡᠰ ᠪᠡᠶᠡᠯᠡᠭᠦᠯᠵᠦ ᠂ ᠶᠡᠷᠦᠩᠬᠡᠢ ᠱᠦᠵᠢ ᠰᠢ ᠶᠢᠨ ᠫᠢᠩ ᠤᠨ ᠵᠢᠭᠠᠭᠰᠠᠨ | ᠴᠢᠭᠯᠡᠯ ᠢᠶᠠᠷ ᠥᠭᠡᠷᠡᠴᠢᠯᠡᠯᠲᠡ ᠶᠢ ᠲᠦᠯᠬᠢᠨ ᠤᠷᠤᠭᠰᠢᠯᠠᠭᠤᠯᠤᠨ᠎ᠠ ᠃ | ᠨᠠᠮ ᠤᠨ ᠲᠥᠪ ᠬᠤᠷᠢᠶ᠎ᠠ ᠶᠢᠨ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢ ᠠᠬᠢᠭᠤᠯᠬᠤ ᠪᠠᠷ ᠭᠤᠣᠯ ᠰᠡᠳᠦᠪ ᠪᠣᠯᠭᠠᠨ ᠥᠭᠡᠷᠡᠴᠢᠯᠡᠯᠲᠡ ᠶᠢ | ᠪᠦᠭᠦ ᠲᠠᠯ᠎ᠠ ᠪᠠᠷ ᠭᠦᠨᠵᠡᠭᠡᠶᠢᠷᠡᠭᠦᠯᠬᠦ ᠪᠠᠶᠢᠯᠳᠤᠬᠤ ᠪᠣᠳᠣᠯᠭ᠎ᠠ ᠶᠢᠨ ᠪᠣᠳᠣᠯᠬᠢᠯᠠᠯ ᠢ ᠭᠦᠨᠵᠡᠭᠡᠢ ᠣᠶᠢᠯᠠᠭᠠᠬᠤ ᠳᠤᠮᠳᠠ ᠤᠬᠠᠮᠰᠠᠷ ᠢᠶᠠᠨ ᠴᠢᠩᠭᠠᠳᠬᠠᠨ᠎ᠠ ᠃ ᠨᠠᠮ ᠤᠨ | ᠬᠤᠷᠢᠳᠤᠭᠠᠷ ᠶᠡᠭᠡ ᠬᠤᠷᠠᠯ ᠠᠴᠠ ᠬᠦᠴᠦᠷᠬᠡᠭ ᠤᠯᠤᠰ ᠤᠨ ᠪᠦᠲᠦᠭᠡᠨ ᠪᠠᠶᠢᠭᠤᠯᠤᠯᠲᠠ ᠦᠨᠳᠦᠰᠦᠲᠡᠨ ᠤ ᠰᠡᠷᠭᠦᠨ ᠮᠠᠨᠳᠤᠯᠲᠠ ᠶᠢᠨ ᠵᠢᠷᠤᠭ ᠲᠥᠯᠥᠪᠯᠡᠭᠡ ᠶᠢ | ᠶᠡᠷᠦᠩᠬᠡᠢ ᠳᠤᠨᠢ ᠵᠢᠷᠤᠭᠯᠠᠵᠤ ᠂ ᠨᠠᠮ ᠤᠨ ᠬᠤᠷᠢᠳᠤᠭᠠᠷ ᠬᠤᠭᠤᠴᠠᠭᠠᠨ ᠤ ᠲᠥᠪ ᠬᠤᠷᠢᠶ᠎ᠠ ᠶᠢᠨ ᠬᠤᠶᠠᠳᠤᠭᠠᠷ ᠪᠦᠭᠦᠳᠠ ᠬᠤᠷᠠᠯ ᠠᠴᠠ ᠨᠠᠮ ᠪᠣᠯᠣᠨ ᠲᠦᠷᠦ ᠶᠢᠨ | ᠪᠠᠶᠢᠭᠤᠯᠤᠮᠵᠢ ᠶᠢᠨ ᠥᠭᠡᠷᠡᠴᠢᠯᠡᠯᠲᠡ ᠶᠢ ᠪᠠᠶᠢᠷᠢᠯᠠᠭᠤᠯᠤᠭᠰᠠᠨ ᠤ ᠲᠠᠷᠠᠭ᠎ᠠ ᠨᠠᠮ ᠤᠨ ᠬᠤᠷᠢᠳᠤᠭᠠᠷ ᠬᠤᠭᠤᠴᠠᠭᠠᠨ ᠤ ᠲᠥᠪ ᠬᠤᠷᠢᠶ᠎ᠠ ᠶᠢᠨ ᠭᠤᠷᠪᠠᠳᠤᠭᠠᠷ ᠪᠦᠭᠦᠳᠠ | ᠬᠤᠷᠠᠯ ᠠᠴᠠ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢ ᠠᠬᠢᠭᠤᠯᠬᠤ ᠲᠠᠢ ᠨᠢᠭᠲᠠ ᠤᠶᠠᠯᠳᠤᠭᠤᠯᠵᠤ ᠂ ᠳᠤᠮᠳᠠᠳᠤ ᠤᠯᠤᠰ ᠤᠨ ᠣᠨᠴᠠᠯᠢᠭ ᠲᠠᠢ | ᠨᠡᠶᠢᠭᠡᠮ ᠵᠢᠷᠤᠮ ᠤᠨ ᠪᠠᠶᠢᠭᠤᠯᠤᠯ ᠢ ᠦᠷᠭᠦᠯᠵᠢᠯᠡᠨ ᠲᠡᠭᠦᠯᠳᠡᠷᠵᠢᠭᠦᠯᠬᠦ ᠪᠠ ᠬᠥᠭᠵᠢᠭᠦᠯᠬᠦ ᠂ ᠤᠯᠤᠰ ᠤᠨ ᠵᠠᠰᠠᠯᠲᠠ ᠶᠢᠨ ᠰᠢᠰᠲ᠋ᠧᠮ ᠪᠣᠯᠣᠨ ᠵᠠᠰᠠᠯᠲᠠ ᠶᠢᠨ | ᠴᠢᠳᠠᠪᠤᠷᠢ ᠶᠢᠨ ᠣᠳᠣᠬᠢᠴᠢᠯᠠᠯᠲᠠ ᠶᠢ ᠠᠬᠢᠭᠤᠯᠬᠤ ᠶᠡᠷᠦᠩᠬᠡᠢ ᠬᠠᠷᠠᠯᠲᠠ ᠳᠤ ᠠᠩᠬᠠᠷᠤᠯ ᠢᠶᠠᠨ ᠲᠥᠪᠯᠡᠷᠡᠭᠦᠯᠵᠦ ᠂ ᠥᠭᠡᠷᠡᠴᠢᠯᠡᠯᠲᠡ ᠶᠢ ᠤᠯᠠᠮ ᠨᠢᠭᠡ ᠠᠯᠬᠤᠮ ᠪᠦᠭᠦ | ᠲᠠᠯ᠎ᠠ ᠪᠠᠷ ᠭᠦᠨᠵᠡᠭᠡᠶᠢᠷᠡᠭᠦᠯᠬᠦ ᠲᠤᠬᠠᠢ ᠪᠠᠶᠢᠯᠳᠤᠬᠤ ᠪᠣᠳᠣᠯᠭ᠎ᠠ ᠶᠢᠨ ᠪᠠᠶᠢᠷᠢᠯᠠᠭᠤᠯᠤᠯᠲᠠ ᠬᠢᠵᠡᠢ ᠃ ᠡᠳᠡᠭᠡᠷ ᠴᠢᠬᠤᠯᠠ ᠶᠡᠭᠡ ᠪᠠᠶᠢᠷᠢᠯᠠᠭᠤᠯᠤᠯᠲᠠ ᠨᠢ ᠬᠦᠴᠦᠷᠬᠡᠭ | ᠤᠯᠤᠰ ᠤᠨ ᠪᠦᠲᠦᠭᠡᠨ ᠪᠠᠶᠢᠭᠤᠯᠤᠯᠲᠠ ᠦᠨᠳᠦᠰᠦᠲᠡᠨ ᠤ ᠰᠡᠷᠭᠦᠨ ᠮᠠᠨᠳᠤᠯᠲᠠ ᠶᠢᠨ ᠠᠭᠤᠤ ᠦᠢᠯᠡᠰ ᠢ ᠲᠥᠯᠥᠪᠵᠢᠭᠦᠯᠵᠦ ᠂ ᠳᠤᠮᠳᠠᠳᠤ ᠤᠯᠤᠰ ᠤᠨ ᠮᠠᠶ᠋ᠢᠭ | ᠣᠳᠣᠬᠢᠴᠢᠯᠠᠯᠲᠠ ᠶᠢᠨ ᠶᠡᠭᠡ ᠲᠠᠯ᠎ᠠ ᠶᠢ ᠪᠠᠶᠢᠷᠢᠯᠠᠭᠤᠯᠵᠤ ᠂ ᠨᠠᠮ ᠤᠨ ᠤᠷᠳᠤ ᠬᠤᠭᠤᠴᠠᠭ᠎ᠠ ᠪᠠᠷ ᠲᠦᠷᠦ ᠪᠠᠷᠢᠬᠤ ᠂ ᠤᠯᠤᠰ ᠤᠨ ᠥᠨᠢ ᠤᠳᠠᠭᠠᠨ ᠠᠮᠤᠷ ᠲᠦᠪᠰᠢᠨ | ᠪᠠᠶᠢᠬᠤ ᠶᠢᠨ ᠰᠠᠭᠤᠷᠢ ᠶᠢ ᠴᠣᠭᠴᠠᠯᠠᠵᠤ ᠂ ᠨᠠᠮ ᠪᠣᠯᠣᠨ ᠤᠯᠤᠰ ᠤᠨ ᠠᠵᠢᠯ ᠦᠢᠯᠡᠰ ᠤᠨ ᠲᠣᠭᠲᠠᠭᠤᠨ ᠢᠶᠠᠷ ᠬᠤᠯᠠ ᠠᠶᠠᠯᠠᠬᠤ ᠂ ᠳᠠᠬᠢᠨᠲᠠ ᠭᠡᠷᠡᠯ ᠰᠠᠴᠤᠷᠠᠩᠭᠤᠢ | ᠠᠮᠵᠢᠯᠲᠠ ᠣᠯᠬᠤ ᠶᠢ ᠠᠬᠢᠭᠤᠯᠬᠤ ᠨᠢ ᠯᠠᠪᠲᠠᠢ ᠶᠤᠮ ᠃ ᠪᠢᠳᠡ ᠵᠠᠪᠠᠯ ᠤᠯᠤᠰ ᠲᠦᠷᠦ ᠂ ᠪᠠᠶᠢᠯᠳᠤᠬᠤ ᠪᠣᠳᠣᠯᠭ᠎ᠠ ᠂ ᠪᠦᠭᠦ ᠲᠠᠯ᠎ᠠ ᠶᠢᠨ ᠥᠨᠳᠥᠷᠴᠡ ᠠᠴᠠ | ᠥᠭᠡᠷᠡᠴᠢᠯᠡᠯᠲᠡ ᠶᠢ ᠤᠯᠠᠮ ᠨᠢᠭᠡ ᠠᠯᠬᠤᠮ ᠪᠦᠭᠦ ᠲᠠᠯ᠎ᠠ ᠪᠠᠷ ᠭᠦᠨᠵᠡᠭᠡᠶᠢᠷᠡᠭᠦᠯᠬᠦ ᠶᠢᠨ ᠴᠢᠬᠤᠯᠠ ᠶᠡᠭᠡ ᠠᠴᠢ ᠬᠤᠯᠪᠣᠭᠳᠠᠯ ᠢ ᠲᠠᠨᠢᠵᠤ ᠡᠵᠡᠮᠰᠢᠨ ᠂ ︽ ᠲᠣᠭᠲᠠᠭᠠᠯ ︾ | ᠳᠤ ᠳᠤᠷᠠᠳᠤᠭᠰᠠᠨ ︽ ᠵᠢᠷᠭᠤᠭᠠᠨ ᠵᠠᠶᠢᠯᠠᠰᠢ ᠦᠭᠡᠢ ᠱᠠᠭᠠᠷᠳᠠᠯᠭ᠎ᠠ ︾ ᠪᠠ ᠶᠡᠷᠦᠩᠬᠡᠢ ᠱᠦᠵᠢ ᠰᠢ ᠶᠢᠨ ᠫᠢᠩ ᠤᠨ ᠴᠢᠬᠤᠯᠠᠴᠢᠯᠠᠭᠰᠠᠨ ︽ ᠳᠦᠷᠪᠡᠨ ᠲᠤᠯᠭᠠᠮ | ᠱᠠᠭᠠᠷᠳᠠᠯᠭ᠎ᠠ ︾ ᠶᠢ ᠭᠦᠨᠵᠡᠭᠡᠢ ᠣᠶᠢᠯᠠᠭᠠᠵᠤ ᠂ ︽ ᠶᠠᠭᠤᠨ ᠳᠤ ᠥᠭᠡᠷᠡᠴᠢᠯᠡᠯᠲᠡ ᠬᠢᠬᠦ ︾ ᠲᠠᠯ᠎ᠠ ᠪᠠᠷ ᠲᠠᠨᠢᠯᠲᠠ ᠪᠠᠨ ᠤᠯᠠᠮ ᠨᠢᠭᠡ ᠠᠯᠬᠤᠮ ᠭᠦᠨᠵᠡᠭᠡᠶᠢᠷᠡᠭᠦᠯᠦᠨ ᠂ | ᠳᠡᠭᠡᠳᠦ ᠬᠡᠮᠵᠢᠶᠡᠨ ᠤ ᠤᠯᠤᠰ ᠲᠦᠷᠦ ᠶᠢᠨ ᠤᠬᠠᠮᠰᠠᠷ ᠢᠶᠠᠷ ᠡᠯ᠎ᠡ ᠵᠦᠢᠯ ᠤᠨ ᠠᠵᠢᠯ ᠢᠶᠠᠨ ᠰᠠᠶᠢᠲᠤᠷ ᠬᠢᠬᠦ ᠬᠡᠷᠡᠭᠲᠡᠢ ᠃ | ᠥᠭᠡᠷᠡᠴᠢᠯᠡᠯᠲᠡ ᠶᠢ ᠤᠯᠠᠮ ᠨᠢᠭᠡ ᠠᠯᠬᠤᠮ ᠪᠦᠭᠦ ᠲᠠᠯ᠎ᠠ ᠪᠠᠷ ᠭᠦᠨᠵᠡᠭᠡᠶᠢᠷᠡᠭᠦᠯᠬᠦ ᠲᠤᠬᠠᠢ ᠨᠠᠮ ᠤᠨ ᠬᠤᠷᠢᠳᠤᠭᠠᠷ ᠬᠤᠭᠤᠴᠠᠭᠠᠨ ᠤ ᠲᠥᠪ ᠬᠤᠷᠢᠶ᠎ᠠ ᠶᠢᠨ | ᠭᠤᠷᠪᠠᠳᠤᠭᠠᠷ ᠪᠦᠭᠦᠳᠡ ᠬᠤᠷᠠᠯ ᠤᠨ ᠰᠢᠢᠳᠪᠦᠷᠢᠲᠦ ᠪᠣᠳᠣᠯᠭ᠎ᠠ ᠪᠠᠶᠢᠷᠢᠯᠠᠭᠤᠯᠤᠯᠲᠠ ᠶᠢ ᠣᠨᠣᠪᠴᠢᠲᠠᠶ ᠡᠵᠡᠮᠰᠢᠬᠦ ᠳᠤᠮᠳᠠ ᠨᠠᠶᠢᠳᠠᠪᠤᠷᠢᠵᠢᠭᠤᠯᠤᠯᠲᠠ ᠶᠢ ᠠᠳᠬᠤᠨ᠎ᠠ ᠃ | ︽ ᠲᠣᠭᠲᠠᠭᠠᠯ ︾ ᠨᠢ ᠥᠭᠡᠷᠡᠴᠢᠯᠡᠯᠲᠡ ᠨᠡᠭᠡᠭᠡᠯᠲᠡ ᠬᠢᠭᠰᠡᠨ ᠠᠴᠠ ᠨᠠᠭᠠᠰᠢᠬᠢ ᠢᠯᠠᠩᠭᠤᠶ᠎ᠠ ᠰᠢᠨ᠎ᠡ ᠴᠠᠭ ᠦᠶ᠎ᠡ ᠳᠤ ᠥᠭᠡᠷᠡᠴᠢᠯᠡᠯᠲᠡ ᠶᠢ ᠪᠦᠭᠦ ᠲᠠᠯ᠎ᠠ ᠪᠠᠷ | ᠭᠦᠨᠵᠡᠭᠡᠶᠢᠷᠡᠭᠦᠯᠦᠭᠰᠡᠨ ᠡᠷᠬᠢᠮ ᠨᠠᠨᠳᠢᠨ ᠲᠤᠷᠰᠢᠯᠭ᠎ᠠ ᠶᠢ ᠳ᠋ᠦᠩᠨᠡᠨ ᠬᠡᠷᠡᠭᠯᠡᠵᠦ ᠂ ︽ ᠵᠢᠷᠭᠤᠭ᠎ᠠ ᠶᠢ ᠪᠠᠷᠢᠮᠲᠠᠯᠠᠬᠤ ︾ ᠴᠢᠬᠤᠯᠠ ᠶᠡᠭᠡ ᠵᠠᠷᠴᠢᠮ ᠢ ᠳᠤᠷᠠᠳᠴᠤ ᠂ | ᠥᠭᠡᠷᠡᠴᠢᠯᠡᠯᠲᠡ ᠶᠢ ᠪᠦᠭᠦ ᠲᠠᠯ᠎ᠠ ᠪᠠᠷ ᠭᠦᠨᠵᠡᠭᠡᠶᠢᠷᠡᠭᠦᠯᠬᠦ ᠳᠤ ᠴᠢᠬᠤᠯᠠ ᠵᠢᠷᠤᠮᠯᠠᠯ ᠬᠠᠩᠭᠠᠪᠠ ᠃ ︽ ᠲᠣᠭᠲᠠᠭᠠᠯ ︾ ᠳᠤ ᠳᠤᠷᠠᠳᠤᠭᠰᠠᠨ 300 ᠭᠠᠷᠤᠢ ᠵᠦᠢᠯ ᠤᠨ | ᠴᠢᠬᠤᠯᠠ ᠥᠭᠡᠷᠡᠴᠢᠯᠡᠯᠲᠡ ᠶᠢᠨ ᠠᠷᠭ᠎ᠠ ᠬᠡᠮᠵᠢᠶ᠎ᠡ ᠨᠢ ᠬᠤᠶᠠᠳᠤᠭᠠᠷ ᠵᠠᠭᠤᠨ ᠵᠢᠯ ᠤᠨ ᠲᠡᠮᠡᠴᠡᠬᠦ ᠬᠠᠷᠠᠯᠲᠠ ᠶᠢ ᠪᠡᠶᠡᠯᠡᠭᠦᠯᠬᠦ ᠪᠠᠶᠢᠯᠳᠤᠬᠤ ᠪᠣᠳᠣᠯᠭ᠎ᠠ ᠶᠢᠨ | ᠪᠠᠶᠢᠷᠢᠯᠠᠭᠤᠯᠤᠯᠲᠠ ᠲᠠᠢ ᠣᠷᠭᠠᠨᠢᠭ ᠢᠶᠠᠷ ᠵᠣᠯᠭᠠᠯᠴᠠᠵᠤ ᠂ ᠤᠯᠤᠰ ᠤᠨ ᠳᠣᠲᠣᠭᠠᠳᠤ ᠶᠢᠨ ᠶᠡᠭᠡ ᠣᠷᠴᠢᠯ ᠪᠣᠯᠣᠨ ᠤᠯᠤᠰ ᠤᠨ ᠳᠣᠲᠣᠭᠠᠳᠤ ᠭᠠᠳᠠᠭᠠᠳᠤ ᠶᠢᠨ ᠬᠤᠣᠰ | ᠣᠷᠴᠢᠯ ᠢ ᠥᠨᠳᠥᠷ ᠪᠦᠲᠦᠮᠵᠢᠲᠡᠢ ᠠᠭᠤᠰᠤᠯᠴᠠᠭᠤᠯᠵᠤ ᠂ ᠵᠠᠬ᠎ᠠ ᠳᠡᠯᠭᠡᠭᠦᠷ ᠪᠣᠯᠣᠨ ᠵᠠᠰᠠᠭ ᠤᠨ ᠣᠷᠳᠣᠨ ᠤ ︽ ᠬᠤᠶᠠᠷ ᠭᠠᠷ ︾ ᠤᠨ ᠦᠢᠯᠡᠳᠦᠯ ᠢ ᠤᠯᠠᠮ ᠨᠢᠭᠡ | ᠠᠯᠬᠤᠮ ᠴᠢᠩᠭᠠᠳᠬᠠᠵᠤ ᠂ ︽ ᠬᠤᠶᠠᠷᠯᠠᠬᠤ ᠤᠨᠤᠯ ︾ ᠪᠣᠯᠣᠨ ︽ ᠭᠤᠣᠯᠳᠠᠯᠭᠠᠲᠤ ᠤᠨᠤᠯ ︾ ᠤᠨ ᠬᠤᠪᠢᠰᠤᠩᠭᠤᠢ ᠨᠢᠭᠡᠳᠦᠯ ᠢ ᠢᠯᠡᠷᠡᠭᠦᠯᠵᠦ ᠂ ᠴᠥᠮ | ᠲᠤᠯᠭᠠᠭᠤᠷᠢᠯᠠᠬᠤ ᠴᠢᠨᠠᠷᠲᠠᠢ ᠂ ᠬᠥᠲᠥᠯᠥᠨ ᠳᠠᠭᠠᠭᠤᠯᠬᠤ ᠴᠢᠨᠠᠷᠲᠠᠢ ᠂ ᠵᠣᠬᠢᠴᠠᠩᠭᠤᠢ ᠴᠢᠨᠠᠷᠲᠠᠢ ᠂ ᠤᠷᠢᠳᠴᠢᠯᠠᠬᠤ ᠴᠢᠨᠠᠷᠲᠠᠢ ᠥᠭᠡᠷᠡᠴᠢᠯᠡᠯᠲᠡ ᠪᠣᠯᠣᠨ᠎ᠠ ᠂ | ᠨᠠᠶᠢᠳᠠᠪᠤᠷᠢᠵᠢᠭᠤᠯᠤᠭᠰᠠᠨ ᠤ ᠲᠠᠷᠠᠭ᠎ᠠ ᠯᠠᠪᠲᠠᠢ ᠯᠤᠲᠤ ᠶᠡᠭᠡ ᠶᠡᠷᠦᠩᠬᠡᠶᠢᠯᠡᠭᠰᠡᠨ ᠦᠢᠯᠡᠳᠦᠯ ᠦᠵᠡᠭᠦᠯᠵᠦ ᠂ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ | ᠮᠠᠨᠳᠤᠯᠲᠠ ᠶᠢ ᠬᠥᠲᠥᠯᠥᠨ ᠳᠠᠭᠠᠭᠤᠯᠵᠤ ᠰᠢᠨ᠎ᠡ ᠪᠠᠶᠢᠳᠠᠯ ᠢ ᠲᠠᠰᠤᠷᠠᠯᠳᠠ ᠦᠭᠡᠢ ᠡᠭᠦᠳᠬᠦ ᠪᠣᠯᠣᠨ᠎ᠠ ᠃ ᠪᠢᠳᠡ ᠯᠠᠪᠲᠠᠢ ᠪᠦᠭᠦ ᠬᠦᠴᠦᠨ ᠢᠶᠠᠷ ᠢᠶᠠᠨ ᠴᠢᠷᠮᠠᠶᠢᠵᠤ ᠂ | ᠨᠠᠮ ᠤᠨ ᠲᠥᠪ ᠬᠤᠷᠢᠶ᠎ᠠ ᠶᠢᠨ ᠪᠠᠶᠢᠷᠢᠯᠠᠭᠤᠯᠤᠭᠰᠠᠨ ᠡᠯ᠎ᠡ ᠵᠦᠢᠯ ᠤᠨ ᠥᠭᠡᠷᠡᠴᠢᠯᠡᠯᠲᠡ ᠶᠢᠨ ᠡᠭᠦᠷᠭᠡ ᠶᠢ ᠲᠡᠷᠡ ᠶᠣᠰᠣᠭᠠᠷ ᠨᠢ ᠲᠤᠭᠤᠰᠢᠯᠠᠭᠤᠯᠤᠨ | ᠨᠠᠶᠢᠳᠠᠪᠤᠷᠢᠵᠢᠭᠤᠯᠬᠤ ᠶᠢᠨ ᠬᠠᠮᠲᠤ ᠥᠪᠥᠷ ᠮᠣᠩᠭᠤᠯ ᠤᠨ ᠪᠣᠳᠠᠲᠤ ᠪᠠᠶᠢᠳᠠᠯ ᠲᠠᠢ ᠤᠶᠠᠯᠳᠤᠭᠤᠯᠤᠨ ︽ ᠲᠣᠰ ᠭᠠᠵᠠᠷ ᠤᠨ ᠣᠨᠴᠠᠯᠢᠭ ᠲᠠᠢ ᠥᠭᠡᠷᠡᠴᠢᠯᠡᠯᠲᠡ ᠶᠢ | ᠬᠠᠶᠢᠨ ᠰᠦᠪᠡᠭᠴᠢᠯᠡᠵᠦ ︾ ᠂ ᠶᠡᠭᠡ ᠲᠠᠯ᠎ᠠ ᠶᠢ ᠲᠣᠭᠲᠠᠪᠤᠷᠢᠵᠢᠭᠤᠯᠬᠤ ᠂ ᠬᠤᠪᠢᠷᠠᠯᠲᠠ ᠶᠢ ᠠᠷᠭᠠᠴᠠᠬᠤ ᠂ ᠰᠢᠨ᠎ᠡ ᠪᠠᠶᠢᠳᠠᠯ ᠢ ᠡᠭᠦᠳᠬᠦ ᠳᠤ ᠥᠪᠥᠷ ᠮᠣᠩᠭᠤᠯ ᠤᠨ | ᠬᠦᠴᠦᠨ ᠴᠢᠳᠠᠯ ᠢᠶᠠᠨ ᠡᠷᠭᠦᠨ᠎ᠡ ᠃ | ᠶᠡᠷᠦᠩᠬᠡᠢ ᠱᠦᠵᠢ ᠰᠢ ᠶᠢᠨ ᠫᠢᠩ ᠤᠨ ᠥᠪᠥᠷ ᠮᠣᠩᠭᠤᠯ ᠤᠨ ᠲᠤᠬᠠᠢ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠬᠤ | ᠪᠠ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠠᠵᠢᠯ ᠤᠨ ᠭᠤᠣᠯ ᠰᠢᠵᠢᠮ ᠢ ᠥᠭᠡᠷᠡᠴᠢᠯᠡᠯᠲᠡ ᠶᠢ ᠤᠯᠠᠮ | ᠨᠢᠭᠡ ᠠᠯᠬᠤᠮ ᠪᠦᠭᠦ ᠲᠠᠯ᠎ᠠ ᠪᠠᠷ ᠭᠦᠨᠵᠡᠭᠡᠶᠢᠷᠡᠭᠦᠯᠬᠦ ᠶᠢᠨ ᠡᠯ᠎ᠡ ᠲᠠᠯ᠎ᠠ ᠪᠦᠭᠦ ᠶᠠᠪᠤᠴᠠ ᠳᠤ ᠲᠤᠭᠤᠰᠢᠯᠠᠭᠤᠯᠤᠨ ᠨᠠᠶᠢᠳᠠᠪᠤᠷᠢᠵᠢᠭᠤᠯᠤᠨ᠎ᠠ | ᠶᠡᠷᠦᠩᠬᠡᠢ ᠱᠦᠵᠢ ᠰᠢ ᠶᠢᠨ ᠫᠢᠩ ᠤᠨ ᠥᠪᠥᠷ ᠮᠣᠩᠭᠤᠯ ᠤᠨ ᠲᠤᠬᠠᠢ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠶᠢ ᠰᠤᠷᠤᠯᠴᠠᠨ ᠲᠤᠭᠤᠰᠢᠯᠠᠭᠤᠯᠵᠤ ᠂ | ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠠᠵᠢᠯ ᠤᠨ ᠭᠤᠣᠯ ᠰᠢᠵᠢᠮ ᠢ ᠪᠦᠭᠦ ᠲᠠᠯ᠎ᠠ ᠪᠠᠷ ᠲᠤᠭᠤᠰᠢᠯᠠᠭᠤᠯᠵᠤ ᠂ | ᠶᠡᠷᠦᠩᠬᠡᠢ ᠱᠦᠵᠢ ᠰᠢ ᠶᠢᠨ ᠫᠢᠩ ᠤᠨ ᠥᠪᠥᠷ ᠮᠣᠩᠭᠤᠯ ᠳᠤ ᠲᠤᠰᠢᠶᠠᠭᠰᠠᠨ ︽ ᠲᠠᠪᠤᠨ ᠶᠡᠭᠡ ᠡᠭᠦᠷᠭᠡ ︾ ᠪᠣᠯᠣᠨ ᠵᠢᠱᠢᠶᠡᠴᠢ ᠥᠪᠡᠷᠲᠡᠭᠡᠨ ᠵᠠᠰᠠᠬᠤ ᠣᠷᠣᠨ ᠢ | ᠪᠦᠭᠦ ᠲᠠᠯ᠎ᠠ ᠪᠠᠷ ᠪᠦᠲᠦᠭᠡᠨ ᠪᠠᠶᠢᠭᠤᠯᠬᠤ ᠬᠤᠶᠠᠷ ᠶᠡᠭᠡ ᠶᠠᠪᠤᠳᠠᠯ ᠢ ᠰᠠᠶᠢᠲᠤᠷ ᠬᠢᠬᠦ ᠪᠣᠯ ᠥᠪᠥᠷ ᠮᠣᠩᠭᠤᠯ ᠤᠨ ᠭᠤᠣᠯ ᠡᠭᠦᠷᠭᠡ ᠂ ᠮᠥᠨ ᠴᠦ ᠥᠪᠥᠷ | ᠮᠣᠩᠭᠤᠯ ᠤᠨ ᠬᠠᠮᠤᠭ ᠤᠨ ᠶᠡᠭᠡ ᠪᠣᠳᠠᠲᠤ ᠪᠠᠶᠢᠳᠠᠯ ᠪᠣᠯᠣᠨ᠎ᠠ ᠃ ᠪᠢᠳᠡ ᠡᠨᠡ ᠬᠦ ᠭᠤᠣᠯ ᠡᠭᠦᠷᠭᠡ ᠪᠣᠯᠣᠨ ᠬᠠᠮᠤᠭ ᠤᠨ ᠶᠡᠭᠡ ᠪᠣᠳᠠᠲᠤ ᠪᠠᠶᠢᠳᠠᠯ ᠢ ᠴᠢᠩᠭ᠎ᠠ | ᠡᠵᠡᠮᠳᠡᠵᠦ ᠂ ᠪᠦᠭᠦ ᠣᠷᠣᠨ ᠤ ᠡᠯ᠎ᠡ ᠵᠦᠢᠯ ᠤᠨ ᠠᠵᠢᠯ ᠦᠢᠯᠡᠰ ᠤᠨ ᠬᠥᠭᠵᠢᠯᠲᠡ ᠶᠢ ᠬᠦᠯᠢᠶᠡᠰᠦᠯᠡᠵᠦ ᠪᠠᠶᠢᠭ᠎ᠠ ᠪᠠᠶᠢᠭᠤᠯᠤᠯ ᠲᠣᠭᠲᠠᠴᠠ ᠶᠢᠨ ᠲᠦᠭᠵᠢᠷᠡᠯ ᠢ ᠪᠦᠭᠦ | ᠬᠦᠴᠦᠨ ᠢᠶᠠᠷ ᠢᠶᠠᠨ ᠨᠠᠪᠲᠠᠷᠡᠭᠦᠯᠵᠦ ᠂ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢᠨ ᠪᠦᠲᠦᠭᠡᠨ ᠪᠠᠶᠢᠭᠤᠯᠤᠯᠲᠠ ᠳᠤ ᠰᠢᠨ᠎ᠡ ᠵᠠᠮ ᠨᠡᠭᠡᠭᠡᠬᠦ ᠪᠠᠷ | ᠴᠢᠷᠮᠠᠶᠢᠨ᠎ᠠ ᠃ | ᠴᠢᠨᠠᠷ ᠰᠠᠶᠢᠲᠠᠢ ᠬᠥᠭᠵᠢᠯᠲᠡ ᠳᠤ ᠵᠣᠬᠢᠴᠠᠭᠰᠠᠨ ᠠᠵᠤ ᠠᠬᠤᠢ ᠶᠢᠨ ᠪᠠᠶᠢᠷᠢᠰᠢᠯ ᠢ ᠲᠦᠷᠭᠡᠳᠬᠡᠨ ᠪᠠᠶᠢᠭᠤᠯᠤᠨ᠎ᠠ ᠃ ᠨᠠᠮ ᠤᠨ ᠬᠤᠷᠢᠳᠤᠭᠠᠷ ᠶᠡᠭᠡ ᠬᠤᠷᠠᠯ ᠤᠨ | ᠢᠯᠡᠳᠬᠡᠯ ᠪᠠ ︽ ᠲᠣᠭᠲᠠᠭᠠᠯ ︾ ᠳᠤ ᠴᠥᠮ ᠳᠠᠪᠠᠭᠤᠯᠢᠭ ᠢᠶᠠᠨ ᠬᠠᠷᠢᠯᠴᠠᠨ ᠨᠥᠬᠦᠪᠦᠷᠢᠯᠡᠭᠰᠡᠨ ᠣᠷᠣᠨ ᠪᠦᠰᠡ ᠶᠢᠨ ᠠᠵᠤ ᠠᠬᠤᠢ ᠶᠢᠨ ᠪᠠᠶᠢᠷᠢᠰᠢᠯ ᠢ ᠪᠠᠶᠢᠭᠤᠯᠬᠤ | ᠬᠡᠷᠡᠭᠲᠡᠢ ᠭᠡᠵᠦ ᠱᠠᠭᠠᠷᠳᠠᠵᠠᠢ ᠃ ᠪᠢᠳᠡ ᠭᠠᠵᠠᠷ ᠣᠷᠣᠨ ᠤ ᠪᠣᠳᠠᠲᠤ ᠪᠠᠶᠢᠳᠠᠯ ᠳᠤ ᠰᠠᠭᠤᠷᠢᠯᠠᠨ ᠂ ᠬᠠᠷᠢᠴᠠᠭᠤᠯᠤᠭᠰᠠᠨ ᠳᠠᠪᠠᠭᠤᠯᠢᠭ ᠢᠶᠠᠨ ᠪᠠᠳᠠᠷᠠᠭᠤᠯᠵᠤ ᠂ ᠣᠨᠴᠠᠯᠢᠭ | ᠳᠠᠪᠠᠭᠤᠯᠢᠭ ᠪᠦᠬᠦᠢ ᠣᠳᠣᠬᠢᠴᠢᠯᠠᠭᠰᠠᠨ ᠠᠵᠤ ᠦᠢᠯᠡᠰ ᠤᠨ ᠰᠢᠰᠲ᠋ᠧᠮ ᠢ ᠪᠦᠲᠦᠭᠡᠨ ᠪᠠᠶᠢᠭᠤᠯᠬᠤ ᠳᠤ ᠠᠩᠬᠠᠷᠤᠯ ᠢᠶᠠᠨ ᠲᠥᠪᠯᠡᠷᠡᠭᠦᠯᠦᠨ ᠠᠵᠤ ᠦᠢᠯᠡᠰ ᠤᠨ | ᠪᠠᠶᠢᠷᠢᠰᠢᠭᠤᠯᠤᠯᠲᠠ ᠪᠠᠨ ᠰᠢᠯᠢᠳᠡᠭᠵᠢᠭᠦᠯᠵᠦ ᠂ ᠰᠢᠨ᠎ᠡ ᠡᠨᠧᠷᠭᠢ ᠂ ᠰᠢᠨ᠎ᠡ ᠮᠠᠲ᠋ᠧᠷᠢᠶᠠᠯ ᠂ ᠣᠲᠣ ᠦᠶ᠎ᠡ ᠶᠢᠨ ᠲᠣᠨᠣᠭᠯᠠᠯ ᠦᠢᠯᠡᠳᠬᠦ ᠂ ᠠᠮᠢᠳᠤ ᠪᠣᠳᠠᠰ ᠤᠨ ᠡᠮ | ᠡᠮᠨᠡᠯᠭᠡ ᠂ ᠠᠭᠠᠷ ᠤᠨ ᠠᠶᠠᠯᠠᠯ ᠰᠠᠨᠰᠠᠷ ᠤᠨ ᠠᠶᠠᠯᠠᠯ ᠂ ᠵᠣᠬᠢᠶᠠᠮᠠᠯ ᠣᠶᠤᠨ ᠴᠢᠳᠠᠪᠤᠷᠢ ᠂ ᠰᠢᠨ᠎ᠡ ᠨᠢᠭᠡ ᠦᠶ᠎ᠡ ᠶᠢᠨ ᠮᠡᠳᠡᠭᠡ ᠵᠠᠩᠭᠢ ᠶᠢᠨ ᠮᠡᠷᠭᠡᠵᠢᠯ ᠵᠡᠷᠭᠡ ᠰᠢᠨ᠎ᠡ ᠪᠠᠷ | ᠮᠠᠨᠳᠤᠭᠰᠠᠨ ᠠᠵᠤ ᠦᠢᠯᠡᠰ ᠢ ᠪᠤᠶᠢᠵᠢᠭᠤᠯᠤᠨ ᠪᠤᠵᠠᠭᠠᠶᠢᠷᠠᠭᠤᠯᠬᠤ ᠲᠣᠭᠲᠠᠴᠠ ᠶᠢ ᠲᠡᠭᠦᠯᠳᠡᠷᠵᠢᠭᠦᠯᠦᠨ ᠠᠬᠢᠭᠤᠯᠵᠤ ᠂ ᠨᠡᠭᠦᠷᠡᠰᠦ ᠂ ᠲᠡᠮᠦᠷᠯᠢᠭ ᠬᠠᠶᠢᠯᠤᠭᠤᠯᠬᠤ ᠂ | ᠬᠢᠮᠢ ᠶᠢᠨ ᠠᠵᠤ ᠦᠢᠯᠡᠳᠪᠦᠷᠢ ᠵᠡᠷᠭᠡ ᠤᠯᠠᠮᠵᠢᠯᠠᠯᠲᠤ ᠠᠵᠤ ᠦᠢᠯᠡᠰ ᠢ ᠥᠭᠡᠷᠡᠴᠢᠯᠡᠨ ᠳᠡᠭᠡᠭᠰᠢᠯᠡᠭᠦᠯᠭᠦ ᠡᠷᠴᠢᠮ ᠢᠶᠠᠨ ᠴᠢᠩᠭᠠᠷᠠᠭᠤᠯᠵᠤ ᠂ ᠢᠷᠡᠭᠡᠳᠦᠢ ᠶᠢᠨ ᠠᠵᠤ | ᠦᠢᠯᠡᠰ ᠂ ᠦᠢᠯᠡᠴᠢᠯᠡᠭᠡᠨ ᠤ ᠦᠢᠯᠡᠰ ᠂ ᠰᠣᠶᠣᠯ ᠵᠢᠭᠤᠯᠴᠢᠯᠠᠯ ᠤᠨ ᠠᠵᠤ ᠦᠢᠯᠡᠰ ᠤᠨ ᠴᠢᠨᠠᠷ ᠰᠠᠶᠢᠲᠠᠢ ᠬᠥᠭᠵᠢᠯᠲᠡ ᠶᠢ ᠳᠡᠮᠵᠢᠬᠦ ᠲᠥᠷᠥ ᠶᠢᠨ ᠪᠣᠳᠣᠯᠭ᠎ᠠ ᠶᠢ | ᠪᠦᠷᠢᠨᠰᠢᠭᠦᠯᠵᠦ ᠂ ᠡᠯ᠎ᠡ ᠲᠥᠷᠥᠯ ᠤᠨ ᠲᠡᠷᠢᠭᠦᠨ ᠤ ᠦᠢᠯᠡᠳᠪᠦᠷᠢᠯᠡᠯ ᠤᠨ ᠡᠯᠧᠮᠧᠨ᠋ᠲ ᠤᠨ ᠰᠢᠨ᠎ᠡ ᠴᠢᠨᠠᠷ ᠤᠨ ᠦᠢᠯᠡᠳᠪᠦᠷᠢᠯᠡᠯ ᠤᠨ ᠬᠦᠴᠦᠨ ᠢ ᠬᠥᠭᠵᠢᠭᠦᠯᠬᠦ | ᠲᠡᠶᠢᠰᠢ ᠲᠥᠪᠯᠡᠷᠡᠬᠦ ᠶᠢ ᠠᠬᠢᠭᠤᠯᠤᠨ᠎ᠠ ᠃ ᠡᠭᠦᠨ ᠤ ᠬᠠᠮᠲᠤ ᠡᠷᠴᠢᠮᠵᠢᠭᠦᠯᠬᠦ ᠲᠥᠪᠯᠡᠷᠡᠭᠦᠯᠬᠦ ᠬᠥᠭᠵᠢᠯᠲᠡ ᠶᠢ ᠠᠬᠢᠭᠤᠯᠬᠤ ᠶᠢᠨ ᠲᠣᠭᠤᠷᠢᠨ ᠳᠤ ᠬᠥᠮᠥᠨ ᠠᠮᠠ ᠂ | ᠤᠰᠤᠨ ᠠᠰᠢᠭᠯᠠᠯᠲᠠ ᠂ ᠵᠠᠮ ᠬᠠᠷᠢᠯᠴᠠᠭ᠎ᠠ ᠂ ᠪᠠᠷᠠᠭᠠᠨ ᠤ ᠭᠦᠢᠯᠭᠡᠭᠡ ᠵᠡᠷᠭᠡ ᠪᠠᠶᠢᠷᠢᠰᠢᠭᠤᠯᠤᠯᠲᠠ ᠶᠢ ᠰᠢᠯᠢᠳᠡᠭᠵᠢᠭᠦᠯᠵᠦ ᠂ ᠬᠤᠳᠠ ᠬᠥᠳᠡᠭᠡ ᠂ ᠣᠷᠣᠨ ᠪᠦᠰᠡ ᠶᠢᠨ | ᠪᠠᠶᠢᠷᠢᠰᠢᠭᠤᠯᠤᠯᠲᠠ ᠶᠢ ᠵᠣᠬᠢᠴᠠᠩᠭᠤᠢ ᠪᠠᠷ ᠬᠥᠭᠵᠢᠭᠦᠯᠦᠨ ᠰᠢᠯᠢᠳᠡᠭᠵᠢᠭᠦᠯᠬᠦ ᠶᠢ ᠠᠬᠢᠭᠤᠯᠬᠤ ᠳᠤ ᠠᠩᠬᠠᠷᠤᠯ ᠢᠶᠠᠨ ᠲᠥᠪᠯᠡᠷᠡᠭᠦᠯᠵᠦ ᠂ ᠡᠯ᠎ᠡ ᠲᠠᠯ᠎ᠠ ᠶᠢᠨ ᠳᠠᠪᠠᠭᠤᠯᠢᠭ | ᠡᠬᠢ ᠪᠠᠶᠠᠯᠢᠭ ᠢ ᠭᠤᠣᠯᠳᠠᠯᠭ᠎ᠠ ᠲᠠᠢ ᠬᠦᠷᠢᠶ᠎ᠡ ᠲᠡᠶᠢᠰᠢ ᠨᠢᠭᠡᠳᠦᠯᠲᠡᠢ ᠲᠥᠯᠥᠪᠯᠡᠨ ᠨᠡᠶᠢᠳᠬᠡᠬᠦ ᠶᠢ ᠠᠬᠢᠭᠤᠯᠤᠨ᠎ᠠ ᠃ ᠵᠢᠷᠤᠮᠵᠢᠭᠤᠨ ᠪᠥᠭᠡᠳ ᠡᠮᠬᠢ ᠵᠢᠷᠤᠮ ᠲᠠᠢ ᠂ | ᠲᠡᠯᠢᠢᠭᠦ ᠲᠠᠯᠪᠢᠬᠤ ᠨᠢ ᠵᠣᠬᠢᠰᠲᠠᠢ ᠂ ᠣᠷᠴᠢᠯ ᠨᠢ ᠰᠠᠭᠠᠳ ᠦᠭᠡᠢ ᠂ ᠠᠮᠢᠵᠢᠷᠠᠯ ᠤᠨ ᠬᠦᠴᠦᠨ ᠢᠶᠠᠷ ᠪᠢᠯᠬᠠᠮ᠎ᠠ ᠠᠵᠤ ᠠᠬᠤᠢ ᠶᠢᠨ ᠬᠥᠭᠵᠢᠯᠲᠡ ᠶᠢᠨ ᠪᠠᠶᠢᠷᠢᠰᠢᠯ ᠢ | ᠲᠦᠷᠭᠡᠳᠬᠡᠨ ᠪᠠᠶᠢᠭᠤᠯᠬᠤ ᠪᠠᠷ ᠳᠠᠮᠵᠢᠭᠤᠯᠤᠨ ᠡᠯ᠎ᠡ ᠵᠦᠢᠯ ᠤᠨ ᠠᠵᠢᠯ ᠢ ᠶᠡᠷᠦᠩᠬᠡᠢ ᠱᠦᠵᠢ ᠰᠢ ᠶᠢᠨ ᠫᠢᠩ ᠪᠣᠯᠣᠨ ᠨᠠᠮ ᠤᠨ ᠲᠥᠪ ᠬᠤᠷᠢᠶ᠎ᠠ ᠠᠴᠠ ᠥᠪᠥᠷ | ᠮᠣᠩᠭᠤᠯ ᠳᠤ ᠣᠯᠭᠤᠭᠰᠠᠨ ᠪᠠᠶᠢᠯᠳᠤᠬᠤ ᠪᠣᠳᠣᠯᠭ᠎ᠠ ᠶᠢᠨ ᠪᠠᠶᠢᠷᠢ ᠲᠣᠭᠲᠠᠭᠠᠯᠲᠠ ᠯᠤᠭ᠎ᠠ ᠨᠢᠭᠡᠳᠦᠯᠲᠡᠢ ᠪᠠᠶᠢᠯᠭᠠᠬᠤ ᠂ ᠪᠦᠭᠦ ᠤᠯᠤᠰ ᠤᠨ ᠨᠢᠭᠡᠳᠦᠯᠲᠡᠢ ᠲᠣᠮᠣ ᠵᠠᠬ᠎ᠠ | ᠳᠡᠯᠭᠡᠭᠦᠷ ᠢ ᠪᠦᠲᠦᠭᠡᠨ ᠪᠠᠶᠢᠭᠤᠯᠬᠤ ᠱᠠᠭᠠᠷᠳᠠᠯᠭ᠎ᠠ ᠯᠤᠭ᠎ᠠ ᠵᠣᠯᠭᠠᠭᠤᠯᠬᠤ ᠶᠢ ᠦᠨᠡᠨ ᠬᠦ ᠪᠠᠲᠤᠯᠠᠨ᠎ᠠ ᠃ | ᠰᠢᠰᠲ᠋ᠧᠮ ᠤᠨ ᠦᠵᠡᠯᠲᠡ ᠪᠠᠷ ︽ ᠲᠠᠪᠤᠨ ᠶᠡᠭᠡ ᠡᠭᠦᠷᠭᠡ ︾ ᠶᠢᠨ ᠠᠵᠢᠯ ᠤᠨ ᠰᠢᠰᠲ᠋ᠧᠮ ᠢ ᠰᠢᠯᠢᠳᠡᠭᠵᠢᠭᠦᠯᠬᠦ ᠶᠢ ᠪᠠᠷᠢᠮᠲᠠᠯᠠᠨ᠎ᠠ ᠃ ᠥᠪᠥᠷ ᠮᠣᠩᠭᠤᠯ ᠢ ᠮᠠᠨ ᠤ | ᠤᠯᠤᠰ ᠤᠨ ᠤᠮᠠᠷᠠᠲᠤ ᠶᠢᠨ ᠴᠢᠬᠤᠯᠠ ᠠᠮᠢ ᠠᠬᠤᠢ ᠶᠢᠨ ᠠᠮᠤᠷ ᠲᠦᠪᠰᠢᠨ ᠤ ᠬᠠᠯᠬᠠᠪᠴᠢ ᠂ ᠡᠬᠡ ᠤᠯᠤᠰ ᠤᠨ ᠤᠮᠠᠷᠠᠲᠤ ᠶᠢᠨ ᠠᠮᠤᠷ ᠲᠦᠪᠰᠢᠨ ᠲᠣᠭᠲᠠᠭᠤᠨ ᠤ | ᠬᠠᠯᠬᠠᠪᠴᠢ ᠂ ᠤᠯᠤᠰ ᠤᠨ ᠴᠢᠬᠤᠯᠠ ᠡᠨᠧᠷᠭᠢ ᠪᠠ ᠪᠠᠶᠢᠯᠳᠤᠬᠤ ᠪᠣᠳᠣᠯᠭ᠎ᠠ ᠶᠢᠨ ᠡᠬᠢ ᠪᠠᠶᠠᠯᠢᠭ ᠤᠨ ᠰᠠᠭᠤᠷᠢᠨ ᠂ ᠤᠯᠤᠰ ᠤᠨ ᠴᠢᠬᠤᠯᠠ ᠮᠠᠯ ᠤᠨ ᠠᠰᠢᠭ ᠰᠢᠮ᠎ᠡ | ᠲᠠᠷᠢᠶᠠᠯᠠᠩ ᠤᠨ ᠪᠦᠲᠦᠭᠡᠭᠳᠡᠬᠦᠨ ᠤ ᠦᠢᠯᠡᠳᠪᠦᠷᠢᠯᠡᠯ ᠤᠨ ᠰᠠᠭᠤᠷᠢᠨ ᠂ ᠮᠠᠨ ᠤ ᠤᠯᠤᠰ ᠤᠨ ᠤᠮᠠᠷᠠᠰᠢ ᠨᠡᠭᠡᠭᠡᠯᠲᠡ ᠬᠢᠬᠦ ᠴᠢᠬᠤᠯᠠ ᠪᠠᠬᠢᠯᠡᠯᠲᠡ ᠪᠣᠯᠭᠠᠨ ᠪᠦᠲᠦᠭᠡᠨ | ᠪᠠᠶᠢᠭᠤᠯᠬᠤ ᠪᠣᠯ ᠶᠡᠷᠦᠩᠬᠡᠢ ᠱᠦᠵᠢ ᠰᠢ ᠶᠢᠨ ᠫᠢᠩ ᠤᠨ ᠥᠪᠥᠷ ᠮᠣᠩᠭᠤᠯ ᠳᠤ ᠣᠯᠭᠤᠭᠰᠠᠨ ᠪᠠᠶᠢᠯᠳᠤᠬᠤ ᠪᠣᠳᠣᠯᠭ᠎ᠠ ᠶᠢᠨ ᠪᠠᠶᠢᠷᠢ ᠲᠣᠭᠲᠠᠭᠠᠯᠲᠠ ᠪᠠ ᠴᠢᠬᠤᠯᠠ | ᠶᠡᠭᠡ ᠬᠠᠷᠢᠭᠤᠴᠠᠯᠭ᠎ᠠ ᠪᠣᠯᠣᠨ᠎ᠠ ᠂ ᠪᠢᠳᠡ ᠥᠭᠡᠷᠡᠴᠢᠯᠡᠯᠲᠡ ᠶᠢ ᠠᠳᠬᠤᠵᠤ ᠬᠥᠭᠵᠢᠯᠲᠡ ᠶᠢ ᠠᠬᠢᠭᠤᠯᠬᠤ ᠳᠤ ᠡᠷᠬᠡᠪᠰᠢ ᠡᠭᠦᠨ ᠢ ᠴᠢᠩᠭ᠎ᠠ ᠵᠢᠷᠤᠮᠯᠠᠨ ᠥᠷᠨᠢᠭᠦᠯᠬᠦ | ᠬᠡᠷᠡᠭᠲᠡᠢ ᠃ ᠠᠮᠢ ᠠᠬᠤᠢ ᠶᠢᠨ ᠠᠮᠤᠷ ᠲᠦᠪᠰᠢᠨ ᠤ ᠬᠠᠯᠬᠠᠪᠴᠢ ᠶᠢᠨ ᠲᠠᠯ᠎ᠠ ᠪᠠᠷ ᠂ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠶᠢᠨ ︽ ᠨᠢᠭᠡ ᠵᠢᠷᠤᠭ ︾ ᠤᠨ | ᠬᠠᠮᠢᠶᠠᠷᠤᠯᠲᠠ ᠶᠢ ᠭᠦᠨᠵᠡᠭᠡᠶᠢᠷᠡᠭᠦᠯᠵᠦ ᠂ ᠡᠯᠡᠰᠦᠷᠬᠡᠭᠵᠢᠯ ᠢ ᠰᠡᠷᠭᠡᠶᠢᠯᠡᠵᠦ ᠡᠯᠡᠰᠦ ᠶᠢ ᠵᠠᠰᠠᠬᠤ ᠭᠤᠷᠪᠠᠨ ᠶᠡᠭᠡ ᠪᠡᠯᠭᠡ ᠲᠡᠮᠳᠡᠭ ᠤᠨ ᠴᠢᠨᠠᠷᠲᠠᠢ ᠳᠠᠶᠢᠯᠠᠯᠳᠤᠭᠠᠨ ᠢ | ᠠᠬᠢᠭᠤᠯᠬᠤ ᠂ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠶᠢᠨ ᠦᠷ᠎ᠡ ᠪᠦᠲᠦᠭᠡᠯ ᠢ ᠣᠷᠳᠣ ᠬᠤᠭᠤᠴᠠᠭ᠎ᠠ ᠪᠠᠷ ᠪᠦᠲᠦᠮᠵᠢᠲᠡᠶ ᠬᠠᠮᠢᠶᠠᠷᠤᠨ ᠬᠠᠮᠠᠭᠠᠯᠠᠬᠤ ᠂ ᠣᠶ | ᠰᠢᠭᠤᠢ ᠨᠤᠲᠤᠭ ᠪᠡᠯᠴᠢᠭᠡᠷ ᠨᠤᠭᠤ ᠭᠠᠵᠠᠷ ᠲᠠᠷᠢᠶᠠᠨ ᠭᠠᠵᠠᠷ ᠢ ᠬᠠᠮᠠᠭᠠᠯᠠᠵᠤ ᠬᠢᠨᠠᠨ ᠬᠠᠮᠢᠶᠠᠷᠬᠤ ᠂ ᠨᠤᠲᠤᠭ ᠪᠡᠯᠴᠢᠭᠡᠷ ᠲᠤ ᠬᠡᠲᠦᠷᠡᠲᠡᠯ᠎ᠡ ᠮᠠᠯᠵᠢᠭᠰᠠᠨ ᠠᠰᠠᠭᠤᠳᠠᠯ ᠢ | ᠰᠢᠢᠳᠪᠦᠷᠢᠯᠡᠬᠦ ᠂ ᠬᠥᠬᠡ ᠣᠭᠲᠠᠷᠭᠤᠢ ᠬᠥᠬᠡᠮᠳᠦᠭ ᠤᠰᠤ ᠠᠷᠢᠭᠤᠨ ᠬᠥᠷᠥᠰᠥ ᠶᠢ ᠬᠠᠮᠠᠭᠠᠯᠠᠬᠤ ᠳᠠᠶᠢᠯᠠᠯᠳᠤᠭᠠᠨ ᠢ ᠰᠠᠶᠢᠲᠤᠷ ᠬᠢᠬᠦ ᠵᠡᠷᠭᠡ ᠳᠦᠷᠢᠮ ᠲᠣᠭᠲᠠᠴᠠ ᠶᠢ | ᠪᠠᠶᠢᠭᠤᠯᠤᠨ ᠪᠦᠷᠢᠨᠰᠢᠭᠦᠯᠵᠦ ᠂ ᠦᠵᠡᠰᠬᠦᠯᠡᠩᠲᠦ ᠰᠠᠶᠢᠬᠠᠨ ᠥᠪᠥᠷ ᠮᠣᠩᠭᠤᠯ ᠢ ᠪᠦᠲᠦᠭᠡᠨ ᠪᠠᠶᠢᠭᠤᠯᠬᠤ ᠳᠤ ᠪᠠᠲᠤ ᠪᠠᠬᠢ ᠳᠦᠷᠢᠮ ᠤᠨ ᠪᠠᠲᠤᠯᠠᠭ᠎ᠠ ᠬᠠᠩᠭᠠᠨ᠎ᠠ ᠃ | ᠠᠮᠤᠷ ᠲᠦᠪᠰᠢᠨ ᠲᠣᠭᠲᠠᠭᠤᠨ ᠤ ᠬᠠᠯᠬᠠᠪᠴᠢ ᠶᠢᠨ ᠲᠠᠯ᠎ᠠ ᠪᠠᠷ ᠂ ᠤᠯᠤᠰ ᠤᠨ ᠠᠮᠤᠷ ᠲᠦᠪᠰᠢᠨ ᠢ ᠬᠠᠮᠠᠭᠠᠯᠠᠬᠤ ︽ 1 + 8 ︾ ᠠᠵᠢᠯᠯᠠᠭᠠᠨ ᠤ ᠲᠣᠭᠲᠠᠴᠠ ᠶᠢ | ᠰᠢᠯᠢᠳᠡᠭᠵᠢᠭᠦᠯᠦᠨ ᠂ ᠠᠶᠤᠯ ᠦᠭᠡᠢ ᠦᠢᠯᠡᠳᠪᠦᠷᠢᠯᠡᠯ ᠂ ᠨᠡᠶᠢᠭᠡᠮ ᠤᠨ ᠵᠠᠰᠠᠯᠲᠠ ᠂ ᠵᠠᠰᠠᠭ ᠤᠨ ᠣᠷᠳᠣᠨ ᠤ ᠥᠷᠢ ᠥᠭᠴᠡᠭᠡ ᠶᠢᠨ ᠬᠠᠮᠢᠶᠠᠷᠤᠯᠲᠠ ᠂ ᠮᠥᠩᠭᠦᠨ | ᠭᠦᠢᠯᠭᠡᠭᠡᠨ ᠤ ᠠᠶᠤᠯ ᠲᠦᠭᠰᠢᠭᠦᠷᠢ ᠶᠢ ᠰᠡᠷᠭᠡᠶᠢᠯᠡᠬᠦ ᠵᠡᠷᠭᠡ ᠬᠦᠷᠢᠶᠡᠨ ᠳᠠᠬᠢ ᠳᠦᠷᠢᠮ ᠲᠣᠭᠲᠠᠴᠠ ᠶᠢ ᠦᠷᠭᠦᠯᠵᠢᠯᠡᠨ ᠲᠡᠭᠦᠯᠳᠡᠷᠵᠢᠭᠦᠯᠵᠦ ᠂ ᠴᠢᠨᠠᠷ ᠰᠠᠶᠢᠲᠠᠢ | ᠬᠥᠭᠵᠢᠯᠲᠡ ᠪᠠ ᠥᠨᠳᠥᠷ ᠲᠦᠪᠰᠢᠨ ᠪᠦᠬᠦᠢ ᠠᠮᠤᠷ ᠲᠦᠪᠰᠢᠨ ᠤ ᠰᠠᠶᠢᠨ ᠰᠠᠶᠢᠬᠠᠨ ᠦᠢᠯᠡᠳᠦᠯᠴᠡᠯ ᠢ ᠠᠬᠢᠭᠤᠯᠤᠨ᠎ᠠ ᠃ ᠡᠨᠧᠷᠭᠢ ᠪᠠ ᠪᠠᠶᠢᠯᠳᠤᠬᠤ ᠪᠣᠳᠣᠯᠭ᠎ᠠ ᠶᠢᠨ | ᠡᠬᠢ ᠪᠠᠶᠠᠯᠢᠭ ᠤᠨ ᠰᠠᠭᠤᠷᠢᠨ ᠤ ᠲᠠᠯ᠎ᠠ ᠪᠠᠷ ᠂ ᠡᠨᠧᠷᠭᠢ ᠶᠢᠨ ᠡᠬᠢ ᠪᠠᠶᠠᠯᠢᠭ ᠤᠨ ᠬᠠᠩᠭᠠᠯᠭ᠎ᠠ ᠶᠢ ᠪᠠᠲᠤᠯᠠᠬᠤ ᠪᠠ ᠨᠡᠭᠡᠭᠡᠨ ᠠᠰᠢᠭᠯᠠᠬᠤ ᠲᠣᠭᠲᠠᠴᠠ ᠶᠢ | ᠦᠷᠭᠦᠯᠵᠢᠯᠡᠨ ᠲᠡᠭᠦᠯᠳᠡᠷᠵᠢᠭᠦᠯᠵᠦ ᠂ ᠬᠤᠪᠣᠷ ᠰᠢᠷᠣᠢ ᠶᠢ ᠰᠤᠳᠤᠯᠤᠨ ᠨᠡᠭᠡᠭᠡᠬᠦ ᠰᠢᠨ᠎ᠡ ᠮᠠᠶ᠋ᠢᠭ ᠤᠨ ᠲᠣᠭᠲᠠᠴᠠ ᠶᠢ ᠪᠦᠷᠢᠨᠰᠢᠭᠦᠯᠵᠦ ᠂ ᠰᠤᠳᠤᠯᠭᠠᠨ ᠤ ᠬᠦᠷᠢᠶ᠎ᠡ ᠪᠠ | ᠴᠢᠭᠯᠡᠯ ᠢ ᠥᠷᠭᠡᠳᠬᠡᠨ ᠂ ᠬᠤᠪᠣᠷ ᠰᠢᠷᠣᠢ ᠶᠢᠨ ᠠᠵᠤ ᠦᠢᠯᠡᠰ ᠬᠢᠭᠡᠳ ᠰᠢᠨ᠎ᠡ ᠮᠠᠲ᠋ᠧᠷᠢᠶᠠᠯ ᠂ ᠰᠢᠨ᠎ᠡ ᠡᠨᠧᠷᠭᠢ ᠶᠢᠨ ᠡᠪᠴᠡᠯᠳᠦᠨ ᠬᠥᠭᠵᠢᠬᠦ ᠶᠢ ᠠᠬᠢᠭᠤᠯᠤᠨ᠎ᠠ ᠃ | ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠲᠦᠭᠡᠭᠳᠡᠬᠦᠨ ᠤ ᠦᠢᠯᠡᠳᠪᠦᠷᠢᠯᠡᠯ ᠤᠨ ᠰᠠᠭᠤᠷᠢᠨ ᠤ ᠲᠠᠯ᠎ᠠ ᠪᠠᠷ ᠂ ︽ ᠭᠠᠵᠠᠷ ᠰᠢᠷᠣᠢ ᠂ ᠤᠰᠤ ᠂ ᠦᠷ᠎ᠡ ᠪᠠ ᠠᠮᠤ | ᠪᠤᠳᠠᠭ᠎ᠠ ᠂ ᠮᠢᠬ᠎ᠠ ᠂ ᠰᠦ ︾ ᠶᠢᠨ ᠲᠣᠭᠤᠷᠢᠨ ᠳᠤ ᠮᠠᠯ ᠠᠵᠤ ᠠᠬᠤᠢ ᠲᠠᠷᠢᠶᠠᠯᠠᠩ ᠤᠨ ᠬᠥᠭᠵᠢᠯᠲᠡ ᠶᠢᠨ ᠪᠣᠭᠤᠮᠢ ᠬᠢᠵᠠᠭᠠᠷᠯᠠᠯ ᠢ ᠰᠢᠪᠲᠤᠯᠬᠤ ᠲᠥᠷᠥ ᠶᠢᠨ | ᠪᠣᠳᠣᠯᠭ᠎ᠠ ᠶᠢᠨ ᠠᠷᠭ᠎ᠠ ᠬᠡᠮᠵᠢᠶ᠎ᠡ ᠶᠢ ᠲᠣᠭᠲᠠᠭᠠᠵᠤ ᠂ ᠲᠥᠬᠦᠭᠡᠷᠦᠮᠵᠢᠲᠦ ᠲᠠᠷᠢᠶᠠᠯᠠᠩ ᠂ ᠬᠠᠰᠢᠶᠠᠯᠠᠨ ᠲᠡᠵᠢᠭᠡᠵᠦ ᠠᠷᠠᠴᠢᠯᠠᠬᠤ ᠂ ᠬᠦᠷᠢᠶ᠎ᠡ ᠬᠠᠰᠢᠶᠠᠨ ᠤ ᠠᠵᠤ | ᠠᠬᠤᠢ ᠶᠢᠨ ᠬᠥᠭᠵᠢᠯᠲᠡ ᠶᠢ ᠳᠡᠮᠵᠢᠵᠦ ᠂ ᠮᠠᠯ ᠠᠵᠤ ᠠᠬᠤᠢ ᠲᠠᠷᠢᠶᠠᠯᠠᠩ ᠤᠨ ᠦᠢᠯᠡᠳᠪᠦᠷᠢᠯᠡᠯ ᠂ ᠡᠳ᠋ᠰᠢᠭᠦᠯᠦᠨ ᠪᠤᠯᠪᠠᠰᠤᠷᠠᠭᠤᠯᠬᠤ ᠂ ᠭᠦᠢᠯᠭᠡᠭᠡ ᠂ ᠦᠢᠯᠡᠴᠢᠯᠡᠭᠡ | ᠵᠡᠷᠭᠡ ᠪᠦᠭᠦ ᠠᠵᠤ ᠦᠢᠯᠡᠰ ᠤᠨ ᠬᠡᠯᠬᠢᠶ᠎ᠡ ᠶᠢᠨ ᠬᠥᠭᠵᠢᠯᠲᠡ ᠶᠢᠨ ᠲᠥᠷᠥ ᠶᠢᠨ ᠪᠣᠳᠣᠯᠭ᠎ᠠ ᠶᠢᠨ ᠪᠠᠲᠤᠯᠠᠭ᠎ᠠ ᠶᠢ ᠴᠢᠩᠭᠠᠷᠠᠭᠤᠯᠤᠨ᠎ᠠ ᠃ ᠤᠮᠠᠷᠠᠰᠢ ᠨᠡᠭᠡᠭᠡᠯᠲᠡ ᠬᠢᠬᠦ | ᠪᠠᠬᠢᠯᠡᠯᠲᠡ ᠶᠢᠨ ᠲᠠᠯ᠎ᠠ ᠪᠠᠷ ᠂ ᠳᠤᠮᠳᠠᠳᠤ ᠤᠯᠤᠰ ︵ ᠥᠪᠥᠷ ᠮᠣᠩᠭᠤᠯ ︶ ᠤᠨ ᠴᠢᠯᠦᠭᠡᠲᠦ ᠠᠷᠠᠯᠵᠢᠶᠠᠨ ᠤ ᠲᠤᠷᠰᠢᠯᠲᠠ ᠶᠢᠨ ᠣᠷᠣᠨ ᠢ ᠲᠦᠷᠭᠡᠳᠬᠡᠨ ᠡᠭᠦᠳᠦᠨ | ᠪᠠᠶᠢᠭᠤᠯᠵᠤ ᠂ ︽ ᠪᠣᠭᠤᠮᠲᠠ + ᠳᠣᠲᠣᠷ᠎ᠠ ᠭᠠᠵᠠᠷ ︾ ᠤᠨ ᠬᠤᠯᠪᠤᠭᠠᠯᠠᠨ ᠬᠥᠳᠡᠯᠦᠯᠴᠡᠬᠦ ᠬᠥᠭᠵᠢᠯᠲᠡ ᠶᠢᠨ ᠲᠣᠭᠲᠠᠴᠠ ᠶᠢ ᠲᠡᠭᠦᠯᠳᠡᠷᠵᠢᠭᠦᠯᠦᠨ ᠂ ᠤᠯᠤᠰ ᠤᠨ | ᠳᠣᠲᠣᠭᠠᠳᠤ ᠶᠢᠨ ᠪᠤᠰᠤᠳ ᠭᠠᠵᠠᠷ ᠣᠷᠣᠨ ᠯᠤᠭ᠎ᠠ ᠶᠢᠨ ᠬᠠᠮᠲᠤᠷᠠᠯᠴᠠᠭᠠᠨ ᠤ ᠲᠣᠭᠲᠠᠴᠠ ᠶᠢ ᠪᠦᠷᠢᠨᠰᠢᠭᠦᠯᠵᠦ ᠂ ᠤᠯᠤᠰ ᠤᠨ ᠳᠣᠲᠣᠭᠠᠳᠤ ᠶᠢᠨ ᠶᠡᠭᠡ ᠣᠷᠴᠢᠯ ᠪᠠ | ᠤᠯᠤᠰ ᠤᠨ ᠳᠣᠲᠣᠭᠠᠳᠤ ᠭᠠᠳᠠᠭᠠᠳᠤ ᠶᠢᠨ ᠬᠤᠣᠰ ᠣᠷᠴᠢᠯ ᠳᠤ ᠠᠭᠤᠰᠤᠯᠴᠠᠬᠤ ᠳᠤ ᠨᠠᠩ ᠰᠠᠶᠢᠨ ᠦᠢᠯᠡᠴᠢᠯᠡᠨ᠎ᠡ ᠃ | ᠵᠢᠱᠢᠶᠡᠴᠢ ᠥᠪᠡᠷᠲᠡᠭᠡᠨ ᠵᠠᠰᠠᠬᠤ ᠣᠷᠣᠨ ᠢ ᠪᠦᠭᠦ ᠲᠠᠯ᠎ᠠ ᠪᠠᠷ ᠪᠦᠲᠦᠭᠡᠨ ᠪᠠᠶᠢᠭᠤᠯᠬᠤ ᠠᠵᠢᠯ ᠢ ᠤᠯᠠᠮ ᠨᠢᠭᠡ ᠠᠯᠬᠤᠮ ᠭᠦᠨᠵᠡᠭᠡᠶᠢᠷᠡᠭᠦᠯᠦᠨ | ᠪᠣᠳᠠᠲᠠᠶᠢᠵᠢᠭᠤᠯᠬᠤ ᠶᠢ ᠠᠬᠢᠭᠤᠯᠤᠨ᠎ᠠ ᠃ ᠶᠡᠷᠦᠩᠬᠡᠢ ᠱᠦᠵᠢ ᠰᠢ ᠶᠢᠨ ᠫᠢᠩ ᠥᠪᠥᠷ ᠮᠣᠩᠭᠤᠯ ᠢ ᠰᠢᠨ᠎ᠡ ᠴᠠᠭ ᠦᠶ᠎ᠡ ᠳᠤ ᠵᠢᠱᠢᠶᠡᠴᠢ ᠥᠪᠡᠷᠲᠡᠭᠡᠨ ᠵᠠᠰᠠᠬᠤ | ᠣᠷᠣᠨ ᠤ ᠡᠷᠬᠢᠮ ᠳᠡᠭᠡᠳᠦ ᠢᠷᠠᠭᠤ ᠠᠯᠳᠠᠷ ᠢᠶᠠᠨ ᠦᠷᠭᠦᠯᠵᠢᠯᠡᠨ ᠪᠠᠲᠤᠯᠠᠬᠤ ᠬᠡᠷᠡᠭᠲᠡᠢ ᠭᠡᠵᠦ ᠱᠠᠭᠠᠷᠳᠠᠪᠠ ᠃ ᠨᠢᠳᠤᠨᠤᠨ ᠵᠢᠯ ᠥᠪᠡᠷᠲᠡᠭᠡᠨ ᠵᠠᠰᠠᠬᠤ ᠣᠷᠣᠨ ᠤ | ᠨᠠᠮ ᠤᠨ ᠬᠤᠷᠢᠶ᠎ᠠ ︽ ᠵᠢᠱᠢᠶᠡᠴᠢ ᠥᠪᠡᠷᠲᠡᠭᠡᠨ ᠵᠠᠰᠠᠬᠤ ᠣᠷᠣᠨ ᠢ ᠪᠦᠭᠦ ᠲᠠᠯ᠎ᠠ ᠪᠠᠷ ᠪᠦᠲᠦᠭᠡᠨ ᠪᠠᠶᠢᠭᠤᠯᠬᠤ ᠲᠤᠬᠠᠢ ᠲᠣᠭᠲᠠᠭᠠᠯ ︾ ᠢ ᠲᠣᠭᠲᠠᠭᠠᠨ ᠨᠡᠶᠢᠲᠡᠯᠡᠵᠦ ᠂ | ︽ ᠲᠤᠯᠤᠭᠠᠨ ᠲᠠᠯ᠎ᠠ ᠪᠠᠷ ᠵᠢᠱᠢᠶᠡᠴᠢ ᠪᠤᠯᠬᠤ ︾ ᠬᠠᠷᠠᠯᠲᠠ ᠪᠠ ᠡᠭᠦᠷᠭᠡ ᠶᠢ ᠳᠤᠷᠠᠳᠪᠠ ᠂ ᠪᠢᠳᠡ ᠬᠠᠮᠢᠶ᠎ᠠ ᠪᠦᠬᠦᠢ ᠬᠦᠷᠢᠶᠡᠨ ᠤ ᠥᠭᠡᠷᠡᠴᠢᠯᠡᠯᠲᠡ ᠶᠢᠨ ᠠᠷᠭ᠎ᠠ | ᠬᠡᠮᠵᠢᠶ᠎ᠡ ᠶᠢ ᠲᠠᠰᠤᠷᠠᠯᠲᠠ ᠦᠭᠡᠢ ᠨᠠᠷᠢᠯᠢᠭᠵᠢᠭᠤᠯᠵᠤ ᠂ ︽ ᠵᠢᠱᠢᠶᠡᠴᠢ ︾ ᠨᠢᠭᠡ ᠪᠦᠷᠢ ᠶᠢ ᠯᠠᠪᠳᠠᠭᠤᠨ ᠪᠠᠲᠤᠲᠠᠢ ᠪᠥᠭᠡᠳ ᠭᠦᠨᠵᠡᠭᠡᠢ ᠬᠢᠬᠦ ᠪᠠᠷ ᠴᠢᠷᠮᠠᠶᠢᠨ᠎ᠠ ᠃ | ᠦᠵᠡᠯ ᠰᠠᠨᠠᠭ᠎ᠠ ᠪᠠᠷ ᠬᠥᠲᠥᠯᠥᠨ ᠳᠠᠭᠠᠭᠤᠯᠬᠤ ᠳᠦᠷᠢᠮ ᠲᠣᠭᠲᠠᠴᠠ ᠶᠢ ᠲᠡᠭᠦᠯᠳᠡᠷᠵᠢᠭᠦᠯᠦᠨ ᠴᠢᠩᠭᠠᠳᠬᠠᠵᠤ ᠂ ︽ ᠨᠠᠮ ᠤᠨ ᠠᠴᠢ ᠳᠤ ᠲᠠᠯᠠᠷᠬᠠᠬᠤ ᠂ ᠨᠠᠮ ᠤᠨ | ᠦᠭᠡ ᠶᠢ ᠰᠣᠨᠣᠰᠬᠤ ᠂ ᠨᠠᠮ ᠢᠶᠠᠨ ᠳᠠᠭᠠᠬᠤ ︾ ᠣᠯᠠᠨ ᠲᠦᠮᠡᠨᠴᠢ ᠬᠥᠮᠦᠵᠢᠯ ᠢ ᠪᠠᠶᠢᠩᠭᠤᠵᠢᠭᠤᠯᠤᠨ ᠥᠷᠨᠢᠭᠦᠯᠵᠦ ᠂ ︽ ᠵᠢᠷᠭᠤᠭᠠᠨ ᠥᠭᠦᠯᠡᠪᠦᠷᠢ ᠦᠭᠡ ᠶᠢᠨ | ᠪᠣᠳᠠᠲᠤ ᠶᠠᠪᠤᠳᠠᠯ ᠪᠠ ᠶᠣᠰᠣ ᠵᠦᠢ ︾ ᠶᠢᠨ ᠲᠡᠦᠬᠡ ᠶᠢᠨ ᠮᠠᠲ᠋ᠧᠷᠢᠶᠠᠯ ᠢ ᠠᠭᠤᠳᠠᠯᠤᠨ ᠡᠮᠬᠢᠳᠬᠡᠬᠦ ᠪᠠ ᠤᠬᠠᠭᠤᠯᠤᠨ ᠲᠠᠶᠢᠯᠪᠤᠷᠢᠯᠠᠬᠤ ᠲᠣᠭᠲᠠᠴᠠ ᠶᠢ ᠪᠦᠷᠢᠨᠰᠢᠭᠦᠯᠵᠦ ᠂ | ᠥᠷᠭᠡᠨ ᠣᠯᠠᠨ ᠨᠠᠮ ᠤᠨ ᠭᠡᠰᠢᠭᠦᠨ ᠺᠠᠳ᠋ᠷ ᠣᠯᠠᠨ ᠲᠦᠮᠡᠨ ᠢ ᠬᠥᠲᠥᠯᠥᠨ ᠵᠢᠯᠤᠭᠤᠳᠴᠤ ᠪᠠᠶᠢᠭᠠᠳ ᠶᠡᠷᠦᠩᠬᠡᠢ ᠱᠦᠵᠢ ᠰᠢ ᠶᠢᠨ ᠫᠢᠩ ᠢ ᠨᠠᠩ ᠴᠢᠩ | ᠰᠡᠳᠬᠢᠯ ᠠᠴᠠ ᠪᠠᠨ ᠳᠠᠭᠠᠵᠤ ᠰᠢᠨ᠎ᠡ ᠠᠶᠠᠨ ᠳᠤ ᠡᠷᠡᠯᠬᠡᠭᠯᠡᠨ ᠤᠷᠤᠭᠰᠢᠯᠠᠭᠤᠯᠤᠨ᠎ᠠ ᠃ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ | ᠪᠠᠲᠤ ᠴᠣᠭᠴᠠᠯᠠᠬᠤ ᠵᠢᠱᠢᠶ᠎ᠡ ᠦᠵᠡᠭᠦᠯᠭᠦ ᠣᠷᠣᠨ ᠢ ᠪᠦᠭᠦ ᠲᠠᠯ᠎ᠠ ᠪᠠᠷ ᠪᠠᠶᠢᠭᠤᠯᠵᠤ ᠂ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠡᠭᠦᠳᠦᠨ ᠪᠠᠶᠢᠭᠤᠯᠤᠯᠲᠠ ᠶᠢ | ᠭᠦᠨᠵᠡᠭᠡᠢ ᠥᠷᠨᠢᠭᠦᠯᠵᠦ ᠂ ᠦᠨᠳᠦᠰᠦᠲᠡᠨ ᠨᠦᠭᠦᠳ ᠤᠨ ᠥᠷᠭᠡᠨ ᠳᠡᠯᠭᠡᠷ ᠶᠠᠪᠤᠯᠴᠠᠭ᠎ᠠ ᠂ ᠪᠦᠭᠦ ᠲᠠᠯ᠎ᠠ ᠶᠢᠨ ᠰᠣᠯᠢᠯᠴᠠᠭ᠎ᠠ ᠂ ᠭᠦᠨᠵᠡᠭᠡᠢ ᠠᠭᠤᠰᠤᠯᠴᠠᠯ ᠢ | ᠠᠬᠢᠭᠤᠯᠤᠨ᠎ᠠ ᠃ ᠦᠨᠳᠦᠰᠦᠨ ᠠᠷᠠᠳ ᠤᠨ ᠠᠮᠢᠳᠤᠷᠠᠯ ᠤᠨ ᠪᠠᠲᠤᠯᠠᠭ᠎ᠠ ᠶᠢᠨ ᠬᠢᠷᠢ ᠬᠡᠮᠵᠢᠶ᠎ᠡ ᠶᠢ ᠲᠣᠭᠲᠠᠭᠤᠨ ᠢᠶᠠᠷ ᠳᠡᠭᠡᠭᠰᠢᠯᠡᠭᠦᠯᠭᠦ ᠲᠣᠭᠲᠠᠴᠠ ᠶᠢ | ᠲᠡᠭᠦᠯᠳᠡᠷᠵᠢᠭᠦᠯᠵᠦ ᠂ ᠠᠵᠢᠯ ᠣᠯᠭᠤᠯᠲᠠ ᠂ ᠡᠮᠴᠢᠯᠡᠭᠡ ᠂ ᠨᠢᠯᠬᠠᠰ ᠢ ᠪᠤᠶᠢᠵᠢᠭᠤᠯᠬᠤ ᠂ ᠨᠠᠰᠤᠵᠢᠯ ᠤᠨ ᠠᠰᠠᠷᠠᠮᠵᠢ ᠂ ᠨᠡᠶᠢᠭᠡᠮ ᠤᠨ ᠪᠠᠲᠤᠯᠠᠭ᠎ᠠ ᠵᠡᠷᠭᠡ ᠲᠠᠯ᠎ᠠ ᠶᠢᠨ | ᠲᠥᠷᠥ ᠶᠢᠨ ᠪᠣᠳᠣᠯᠭ᠎ᠠ ᠶᠢ ᠦᠷᠭᠦᠯᠵᠢᠯᠡᠨ ᠪᠦᠷᠢᠨᠰᠢᠭᠦᠯᠵᠦ ᠂ ᠦᠨᠳᠦᠰᠦᠲᠡᠨ ᠨᠦᠭᠦᠳ ᠤᠨ ᠣᠯᠠᠨ ᠲᠦᠮᠡᠨ ᠤ ᠨᠠᠩ ᠥᠷᠭᠡᠨ ᠳᠡᠯᠭᠡᠷ ᠢᠶᠠᠷ ᠬᠠᠮᠲᠤ ᠪᠠᠷ ᠣᠷᠣᠰᠢᠨ | ᠰᠠᠭᠤᠷᠢᠰᠢᠵᠤ ᠬᠠᠮᠲᠤ ᠪᠠᠷ ᠰᠤᠷᠤᠯᠴᠠᠬᠤ ᠂ ᠬᠠᠮᠲᠤ ᠪᠠᠷ ᠪᠠᠶᠢᠭᠤᠯᠵᠤ ᠬᠠᠮᠲᠤ ᠪᠠᠷ ᠡᠳ᠋ᠯᠡᠬᠦ ᠂ ᠬᠠᠮᠲᠤ ᠪᠠᠷ ᠠᠵᠢᠯᠯᠠᠵᠤ ᠬᠠᠮᠲᠤ ᠪᠠᠷ ᠵᠢᠷᠭᠠᠬᠤ ᠶᠢ ᠠᠬᠢᠭᠤᠯᠤᠨ᠎ᠠ ᠃ | ᠬᠢᠯᠢ ᠬᠢᠵᠠᠭᠠᠷ ᠢ ᠰᠠᠬᠢᠨ ᠬᠠᠮᠠᠭᠠᠯᠠᠵᠤ ᠬᠢᠯᠢ ᠬᠢᠵᠠᠭᠠᠷ ᠢ ᠪᠠᠬᠢᠵᠢᠭᠦᠯᠵᠦ ᠬᠢᠯᠢ ᠬᠢᠵᠠᠭᠠᠷ ᠢ ᠬᠥᠭᠵᠢᠭᠦᠯᠦᠨ ᠮᠠᠨᠳᠤᠭᠤᠯᠬᠤ ᠲᠥᠷᠥ ᠶᠢᠨ ᠪᠣᠳᠣᠯᠭ᠎ᠠ ᠠᠷᠭ᠎ᠠ | ᠬᠡᠮᠵᠢᠶ᠎ᠡ ᠶᠢ ᠲᠡᠭᠦᠯᠳᠡᠷᠵᠢᠭᠦᠯᠵᠦ ᠂ ᠦᠨᠳᠦᠰᠦᠨ ᠱᠠᠲᠤᠨ ᠤ ᠵᠠᠰᠠᠯᠲᠠ ᠶᠢᠨ ᠳᠤᠲᠠᠭᠤᠳᠠᠯ ᠢ ᠬᠦᠴᠦᠯᠡᠨ ᠨᠥᠬᠦᠪᠦᠷᠢᠯᠡᠵᠦ ᠂ ᠬᠢᠯᠢ ᠬᠢᠵᠠᠭᠠᠷ ᠤᠨ ᠲᠣᠭᠲᠠᠭᠤᠨ | ᠪᠠᠶᠢᠳᠠᠯ ᠢ ᠪᠠᠶᠢᠩᠭᠤ ᠴᠣᠭᠴᠠᠯᠠᠵᠤ ᠪᠠᠶᠢᠩᠭᠤ ᠪᠠᠬᠢᠵᠢᠭᠦᠯᠬᠦ ᠶᠢ ᠦᠨᠡᠨ ᠬᠦ ᠪᠠᠲᠤᠯᠠᠨ᠎ᠠ ᠃ ᠤᠮᠠᠷᠠᠲᠤ ᠬᠢᠯᠢ ᠶᠢᠨ ᠰᠣᠶᠣᠯ ᠢ ᠰᠤᠳᠤᠯᠤᠨ ᠲᠠᠶᠢᠯᠪᠤᠷᠢᠯᠠᠬᠤ ᠂ ᠵᠣᠬᠢᠶᠠᠨ | ᠪᠦᠲᠦᠭᠡᠵᠦ ᠦᠢᠯᠡᠳᠪᠦᠷᠢᠯᠡᠬᠦ ᠂ ᠤᠯᠠᠮᠵᠢᠯᠠᠨ ᠳᠡᠯᠭᠡᠷᠡᠭᠦᠯᠵᠦ ᠬᠡᠷᠡᠭᠯᠡᠬᠦ ᠂ ᠲᠤᠯᠭᠠᠭᠤᠷᠢᠯᠠᠵᠤ ᠪᠠᠲᠤᠯᠠᠬᠤ ᠲᠣᠭᠲᠠᠴᠠ ᠶᠢ ᠪᠦᠷᠢᠨᠰᠢᠭᠦᠯᠵᠦ ᠂ ᠨᠡᠶᠢᠭᠡᠮ ᠵᠢᠷᠤᠮ ᠤᠨ | ᠭᠤᠣᠯᠯᠠᠭᠴᠢ ᠦᠷᠳᠡᠭ ᠤᠨ ᠦᠵᠡᠯᠲᠡ ᠶᠢ ᠬᠠᠤᠯᠢ ᠪᠠᠷ ᠵᠠᠰᠠᠬᠤ ᠪᠠᠶᠢᠭᠤᠯᠤᠯᠲᠠ ᠳᠤ ᠠᠭᠤᠰᠤᠯᠴᠠᠭᠤᠯᠬᠤ ᠂ ᠨᠡᠶᠢᠭᠡᠮ ᠤᠨ ᠬᠥᠭᠵᠢᠯᠲᠡ ᠳᠤ ᠠᠭᠤᠰᠤᠯᠴᠠᠭᠤᠯᠬᠤ ᠂ | ᠨᠡᠶᠢᠭᠡᠮ ᠤᠨ ᠠᠮᠢᠳᠤᠷᠠᠯ ᠳᠤ ᠠᠭᠤᠰᠤᠯᠴᠠᠭᠤᠯᠬᠤ ᠠᠵᠢᠯ ᠤᠨ ᠲᠣᠭᠲᠠᠴᠠ ᠶᠢ ᠲᠡᠭᠦᠯᠳᠡᠷᠵᠢᠭᠦᠯᠵᠦ ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠤᠶᠤᠨ | ᠰᠠᠨᠠᠭᠠᠨ ᠤ ᠭᠡᠷ ᠣᠷᠣᠨ ᠢ ᠰᠠᠶᠢᠲᠤᠷ ᠴᠣᠭᠴᠠᠯᠠᠨ᠎ᠠ ᠃ ᠰᠤᠷᠲᠠᠯ ᠢ ᠬᠤᠪᠢᠷᠠᠭᠤᠯᠬᠤ ᠂ ᠰᠢᠨ᠎ᠡ ᠰᠤᠷᠲᠠᠯ ᠢ ᠪᠤᠢ ᠪᠤᠯᠭᠠᠬᠤ ᠶᠢ ᠴᠥᠬᠦᠷᠡᠰᠢ ᠦᠭᠡᠢ ᠪᠠᠷᠢᠮᠲᠠᠯᠠᠵᠤ ᠂ ︽ | ᠭᠤᠷᠪᠠᠨ ᠤᠯᠠᠨ ᠭᠤᠷᠪᠠᠨ ᠴᠥᠭᠡᠨ ᠭᠤᠷᠪᠠᠨ ᠤᠳᠠᠭᠠᠨ ︾ ᠪᠠ ︽ ᠤᠳᠠᠭᠠᠨ ᠪᠦᠳᠦᠭᠦᠯᠢᠭ ᠬᠡᠶᠢᠰᠪᠦᠷᠢ ︾ ᠪᠠᠶᠢᠬᠤ ᠠᠰᠠᠭᠤᠳᠠᠯ ᠢ ᠰᠢᠢᠳᠪᠦᠷᠢᠯᠡᠬᠦ ᠲᠣᠭᠲᠠᠴᠠ ᠶᠢ | ᠲᠡᠭᠦᠯᠳᠡᠷᠵᠢᠭᠦᠯᠵᠦ ᠂ ᠰᠤᠷᠲᠠᠯ ᠤᠨ ᠪᠠᠶᠢᠭᠤᠯᠤᠯᠲᠠ ᠶᠢ ᠪᠠᠶᠢᠩᠭᠤᠵᠢᠭᠤᠯᠤᠨ ᠤᠷᠳᠤ ᠬᠤᠭᠤᠴᠠᠭ᠎ᠠ ᠪᠦᠲᠦᠮᠵᠢᠲᠡᠢ ᠪᠤᠯᠭᠠᠬᠤ ᠶᠢ ᠠᠬᠢᠭᠤᠯᠤᠨ᠎ᠠ ᠃ ᠨᠠᠮ ᠤᠨ | ᠳᠣᠲᠣᠭᠠᠳᠤ ᠶᠢᠨ ᠬᠢᠨᠠᠯᠲᠠ ᠲᠠᠯᠪᠢᠬᠤ ᠲᠣᠭᠲᠠᠴᠠ ᠶᠢ ᠲᠡᠭᠦᠯᠳᠡᠷᠵᠢᠭᠦᠯᠵᠦ ᠂ ᠨᠠᠮ ᠤᠨ ᠭᠡᠰᠢᠭᠦᠨ ᠤ ᠬᠥᠮᠦᠵᠢᠯ ᠬᠠᠮᠢᠶᠠᠷᠤᠯᠲᠠ ᠂ ᠦᠢᠯᠡᠳᠦᠯ ᠢ ᠪᠠᠳᠠᠷᠠᠭᠤᠯᠬᠤ ᠪᠠ | ᠰᠤᠯᠠ ᠵᠠᠳᠠᠭᠠᠢ ᠪᠠᠶᠢᠬᠤ ᠦᠨᠳᠦᠰᠦᠨ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠶᠢ ᠴᠡᠭᠴᠡᠯᠡᠬᠦ ᠪᠠᠶᠢᠩᠭᠤᠵᠢᠭᠰᠠᠨ ᠲᠣᠭᠲᠠᠴᠠ ᠶᠢ ᠲᠡᠭᠦᠯᠳᠡᠷᠵᠢᠭᠦᠯᠵᠦ ᠂ | ᠨᠠᠮ ᠤᠨ ᠨᠢᠭᠲᠠᠷᠠᠯ ᠤᠨ ᠬᠦᠴᠦᠨ ᠪᠠ ᠲᠠᠶᠢᠴᠢᠨ ᠬᠦᠴᠦᠨ ᠢ ᠦᠷᠭᠦᠯᠵᠢᠯᠡᠨ ᠴᠢᠩᠭᠠᠷᠠᠭᠤᠯᠤᠨ᠎ᠠ ᠃ | ᠵᠠᠬ᠎ᠠ ᠳᠡᠯᠭᠡᠭᠦᠷ ᠤᠨ ᠤᠬᠠᠮᠰᠠᠷ ᠢ ᠬᠦᠴᠦᠯᠡᠨ ᠴᠢᠩᠭᠠᠳᠬᠠᠵᠤ ᠂ ᠵᠠᠬ᠎ᠠ ᠳᠡᠯᠭᠡᠭᠦᠷ ᠤᠨ ᠲᠣᠭᠲᠠᠴᠠ ᠶᠢᠨ ᠦᠢᠯᠡᠳᠦᠯ ᠢ ᠨᠡᠩ ᠰᠠᠶᠢᠲᠤᠷ ᠪᠠᠳᠠᠷᠠᠭᠤᠯᠤᠨ᠎ᠠ | ᠶᠡᠷᠦᠩᠬᠡᠢ ᠱᠦᠵᠢ ᠰᠢ ᠶᠢᠨ ᠫᠢᠩ ᠂ ᠥᠭᠡᠷᠡᠴᠢᠯᠡᠯᠲᠡ ᠪᠣᠯ ᠠᠰᠠᠭᠤᠳᠠᠯ ᠤᠨ ᠭᠡᠳᠡᠷᠭᠦ ᠰᠢᠬᠠᠯᠲᠠ ᠠᠴᠠ ᠪᠤᠶ ᠪᠣᠯᠤᠭᠰᠠᠨ ᠮᠥᠷᠲᠡᠭᠡᠨ ᠠᠰᠠᠭᠤᠳᠠᠯ ᠢ ᠲᠠᠰᠤᠷᠠᠯᠲᠠ | ᠦᠭᠡᠢ ᠰᠢᠢᠳᠪᠦᠷᠢᠯᠡᠬᠦ ᠳᠤᠮᠳᠠ ᠭᠦᠨᠵᠡᠭᠡᠶᠢᠷᠡᠳᠡᠭ ᠭᠡᠵᠦ ᠵᠢᠭᠠᠵᠤ ᠭᠠᠷᠭᠠᠪᠠ ᠃ ᠥᠪᠥᠷ ᠮᠣᠩᠭᠤᠯ ᠳᠤ ᠠᠪᠴᠤ ᠬᠡᠯᠡᠪᠡᠯ ᠂ ᠣᠳᠣᠬᠠᠨ ᠤ ᠬᠠᠮᠤᠭ ᠤᠨ ᠲᠤᠯᠭᠠᠮ | ᠠᠰᠠᠭᠤᠳᠠᠯ ᠪᠣᠯ ︽ ᠥᠨᠳᠥᠷ ᠲᠦᠪᠰᠢᠨ ᠪᠦᠬᠦᠢ ᠨᠡᠶᠢᠭᠡᠮ ᠵᠢᠷᠤᠮ ᠤᠨ ᠵᠠᠬ᠎ᠠ ᠳᠡᠯᠭᠡᠭᠦᠷ ᠤᠨ ᠠᠵᠤ ᠠᠬᠤᠢ ᠶᠢᠨ ᠪᠠᠶᠢᠭᠤᠯᠤᠮᠵᠢ ᠶᠢ ᠪᠠᠶᠢᠭᠤᠯᠬᠤ ︾ ᠲᠤᠬᠠᠢ | ᠨᠠᠮ ᠤᠨ ᠲᠥᠪ ᠬᠤᠷᠢᠶ᠎ᠠ ᠶᠢᠨ ᠱᠠᠭᠠᠷᠳᠠᠯᠭ᠎ᠠ ᠶᠣᠰᠣᠭᠠᠷ ᠵᠠᠬ᠎ᠠ ᠳᠡᠯᠭᠡᠭᠦᠷᠴᠢᠯᠡᠭᠰᠡᠨ ᠠᠷᠭ᠎ᠠ ᠪᠠᠷᠢᠯ ᠳᠤ ᠲᠦᠰᠢᠭᠯᠡᠨ ︽ ᠭᠤᠷᠪᠠᠨ ᠲᠦᠪᠰᠢᠨ ︾ ᠢ ᠳᠡᠭᠡᠭᠰᠢᠯᠡᠭᠦᠯᠭᠦ | ᠶᠠᠪᠤᠳᠠᠯ ᠪᠣᠯᠣᠨ᠎ᠠ ᠃ | ᠵᠠᠬ᠎ᠠ ᠳᠡᠯᠭᠡᠭᠦᠷᠴᠢᠯᠡᠭᠰᠡᠨ ᠠᠷᠭ᠎ᠠ ᠪᠠᠷᠢᠯ ᠳᠤ ᠲᠦᠰᠢᠭᠯᠡᠨ ᠠᠵᠤ ᠠᠬᠤᠢ ᠶᠢᠨ ᠬᠥᠭᠵᠢᠯᠲᠡ ᠶᠢᠨ ᠬᠢᠷᠢ ᠬᠡᠮᠵᠢᠶ᠎ᠡ ᠶᠢ ᠳᠡᠭᠡᠭᠰᠢᠯᠡᠭᠦᠯᠦᠨ᠎ᠡ ᠃ ︽ ᠲᠣᠭᠲᠠᠭᠠᠯ ︾ | ᠳᠤ ᠂ ︽ ᠨᠡᠩ ᠲᠥᠪ ᠭᠤᠣᠯᠴᠢ ᠂ ᠨᠡᠩ ᠠᠮᠢᠵᠢᠷᠠᠯ ᠤᠨ ᠬᠦᠴᠦᠨ ᠲᠠᠢ ᠵᠠᠬ᠎ᠠ ᠳᠡᠯᠭᠡᠭᠦᠷ ᠤᠨ ᠣᠷᠴᠢᠨ ᠲᠣᠭᠤᠷᠢᠨ ᠢ ᠡᠭᠦᠳᠴᠦ ᠂ ᠡᠬᠢ ᠪᠠᠶᠠᠯᠢᠭ ᠢ | ᠲᠣᠬᠢᠷᠠᠭᠤᠯᠬᠤ ᠦᠷ᠎ᠡ ᠪᠦᠲᠦᠮᠵᠢ ᠶᠢ ᠬᠠᠮᠤᠭ ᠤᠨ ᠰᠢᠯᠢᠳᠡᠭᠵᠢᠭᠦᠯᠬᠦ ᠪᠠ ᠦᠷ᠎ᠡ ᠠᠰᠢᠭ ᠢ ᠬᠠᠮᠤᠭ ᠤᠨ ᠶᠡᠭᠡ ᠪᠤᠯᠭᠠᠬᠤ ᠶᠢ ᠪᠡᠶᠡᠯᠡᠭᠦᠯᠬᠦ ᠬᠡᠷᠡᠭᠲᠡᠢ ︾ ᠭᠡᠵᠦ | ᠴᠢᠬᠤᠯᠠᠴᠢᠯᠠᠪᠠ ᠃ ᠪᠢᠳᠡ ᠠᠵᠤ ᠠᠬᠤᠢ ᠶᠢᠨ ᠠᠵᠢᠯᠯᠠᠭ᠎ᠠ ᠥᠷᠨᠢᠭᠦᠯᠬᠦ ᠳᠤ ᠵᠠᠪᠠᠯ ᠦᠷ᠎ᠡ ᠠᠰᠢᠭ ᠢ ᠨᠠᠩ ᠴᠢᠬᠤᠯᠠᠴᠢᠯᠠᠵᠤ ᠂ ᠤᠯᠤᠰ ᠤᠨ ᠬᠥᠭᠵᠢᠯᠲᠡ ᠶᠢᠨ ᠶᠡᠭᠡ | ᠲᠠᠯ᠎ᠠ ᠳᠤ ᠪᠠᠲᠤᠯᠠᠨ ᠦᠢᠯᠡᠴᠢᠯᠡᠬᠦ ᠤᠷᠢᠲᠠᠯ ᠳᠣᠣᠷ᠎ᠠ ᠬᠠᠤᠯᠢ ᠲᠣᠭᠲᠠᠭᠠᠯ ᠶᠣᠰᠣᠭᠠᠷ ᠣᠷᠣᠨ ᠨᠤᠲᠤᠭ ᠲᠤ ᠢᠯᠡᠭᠦᠬᠡᠨ ᠠᠰᠢᠭ ᠬᠦᠷᠲᠡᠭᠡᠵᠦ ᠂ ᠠᠷᠠᠳ ᠣᠯᠠᠨ ᠳᠤ | ᠢᠯᠡᠭᠦᠬᠡᠨ ᠪᠤᠶᠠᠨ ᠦᠢᠯᠡᠳᠴᠦ ᠂ ᠦᠷ᠎ᠡ ᠬᠤᠶᠢᠴᠢᠰ ᠲᠠᠭᠠᠨ ᠢᠯᠡᠭᠦᠬᠡᠨ ᠥᠪ ᠬᠥᠷᠥᠩᠭᠡ ᠬᠤᠷᠠᠮᠳᠤᠭᠤᠯᠵᠤ ᠥᠭᠬᠦ ᠬᠡᠷᠡᠭᠲᠡᠢ ᠃ ᠨᠠᠷᠢᠨ ᠪᠤᠳᠤᠬᠤ ᠤᠬᠠᠮᠰᠠᠷ ᠢᠶᠠᠨ | ᠦᠨᠡᠨ ᠬᠦ ᠴᠢᠩᠭᠠᠳᠬᠠᠵᠤ ᠂ ᠡᠨᠧᠷᠭᠢ ᠂ ᠴᠠᠭᠢᠯᠭᠠᠨ ᠬᠦᠴᠦ ᠂ ᠭᠠᠵᠠᠷ ᠰᠢᠷᠣᠢ ᠂ ᠳ᠋ᠠᠶᠢᠲ᠋ᠠ ᠵᠡᠷᠭᠡ ᠡᠯᠧᠮᠧᠨ᠋ᠲ ᠢ ᠵᠠᠬ᠎ᠠ ᠳᠡᠯᠭᠡᠭᠦᠷᠴᠢᠯᠡᠨ ᠲᠣᠬᠢᠷᠠᠭᠤᠯᠬᠤ | ᠥᠭᠡᠷᠡᠴᠢᠯᠡᠯᠲᠡ ᠶᠢ ᠶᠡᠭᠡ ᠪᠠᠷ ᠠᠬᠢᠭᠤᠯᠵᠤ ᠂ ᠭᠠᠳᠠᠭᠠᠳᠤ ᠠᠴᠠ ᠣᠷᠣᠭᠤᠯᠵᠤ ᠢᠷᠡᠭᠰᠡᠨ ᠪᠥᠭᠡᠮ ᠲᠠᠸᠠᠷ ᠢ ᠬᠤᠷᠰᠢᠨ ᠡᠵᠡᠩᠨᠡᠬᠦ ᠲᠣᠭᠲᠠᠴᠠ ᠶᠢ ᠰᠦᠪᠡᠭᠴᠢᠯᠡᠨ | ᠪᠠᠶᠢᠭᠤᠯᠵᠤ ᠂ ᠲᠥᠪ ᠪᠠ ᠣᠷᠣᠨ ᠨᠤᠲᠤᠭ ᠤᠨ ᠬᠠᠮᠲᠤᠷᠠᠯᠴᠠᠭᠠᠨ ᠤ ᠲᠣᠭᠲᠠᠴᠠ ᠶᠢ ᠰᠢᠯᠢᠳᠡᠭᠵᠢᠭᠦᠯᠬᠦ ᠶᠢ ᠠᠬᠢᠭᠤᠯᠵᠤ ᠂ ᠠᠷᠭ᠎ᠠ ᠪᠦᠭᠦᠨ ᠢ ᠰᠦᠪᠡᠭᠴᠢᠯᠡᠨ ᠠᠵᠤ | ᠠᠬᠤᠢ ᠶᠢᠨ ᠳᠣᠲᠣᠭᠠᠳᠤ ᠭᠠᠳᠠᠭᠠᠳᠤ ᠡᠷᠭᠢᠯᠲᠡ ᠶᠢ ᠰᠢᠯᠤᠭᠤᠳᠬᠠᠵᠤ ᠂ ᠠᠵᠤ ᠠᠬᠤᠢ ᠶᠢᠨ ᠨᠡᠮᠡᠭᠳᠡᠯ ᠤᠨ ᠳᠣᠲᠣᠭᠠᠳᠤ ᠬᠥᠳᠡᠯᠭᠡᠬᠦ ᠬᠦᠴᠦᠨ ᠪᠠ ᠠᠮᠢᠵᠢᠷᠠᠯ ᠤᠨ | ᠬᠦᠴᠦᠨ ᠢ ᠲᠠᠰᠤᠷᠠᠯᠳᠠ ᠦᠭᠡᠢ ᠬᠥᠭᠵᠢᠭᠡᠨ᠎ᠡ ᠃ | ᠵᠠᠬ᠎ᠠ ᠳᠡᠯᠭᠡᠭᠦᠷᠴᠢᠯᠡᠭᠰᠡᠨ ᠠᠷᠭ᠎ᠠ ᠪᠠᠷᠢᠯ ᠳᠤ ᠲᠦᠰᠢᠭᠯᠡᠨ ᠨᠡᠶᠢᠭᠡᠮ ᠤᠨ ᠵᠠᠰᠠᠯᠲᠠ ᠶᠢᠨ ᠲᠦᠪᠰᠢᠨ ᠢ ᠳᠡᠭᠡᠭᠰᠢᠯᠡᠭᠦᠯᠦᠨ᠎ᠠ ᠃ ᠲᠥᠪ ᠭᠤᠣᠯᠴᠢ ᠡᠮᠬᠢ | ᠵᠢᠷᠤᠮ ᠲᠠᠢ ᠨᠡᠶᠢᠭᠡᠮ ᠤᠨ ᠣᠷᠴᠢᠨ ᠨᠥᠬᠦᠴᠡᠯ ᠢ ᠪᠤᠢ ᠪᠤᠯᠭᠠᠬᠤ ᠳᠤ ᠵᠠᠰᠠᠭ ᠵᠠᠬᠢᠷᠭᠠᠨ ᠤ ᠠᠷᠭ᠎ᠠ ᠪᠠᠷᠢᠯ ᠢᠶᠠᠷ ︽ ᠬᠠᠮᠢᠶᠠᠷᠬᠤ ︾ ᠴᠢᠬᠤᠯᠠᠲᠠᠢ ᠮᠥᠷᠲᠡᠭᠡᠨ ᠪᠠᠰᠠ | ᠵᠠᠬ᠎ᠠ ᠳᠡᠯᠭᠡᠭᠦᠷ ᠤᠨ ᠲᠣᠭᠲᠠᠴᠠ ᠪᠠᠷ ︽ ᠵᠢᠯᠤᠭᠤᠳᠬᠤ ︾ ᠴᠢᠬᠤᠯᠠᠲᠠᠢ ᠶᠤᠮ ᠃ ᠪᠢᠳᠡ ︽ ᠲᠣᠭᠲᠠᠭᠠᠯ ︾ ᠳᠠᠬᠢ ︽ ᠭᠤᠣᠯ ᠪᠤᠯᠬᠤ ᠵᠠᠬ᠎ᠠ ᠳᠡᠯᠭᠡᠭᠦᠷ ᠤᠨ | ᠬᠠᠩᠭᠠᠯᠭ᠎ᠠ ᠬᠡᠷᠡᠭᠴᠡᠭᠡ ᠶᠢᠨ ᠬᠠᠷᠢᠴᠠᠭ᠎ᠠ ᠪᠠᠷ ᠡᠯᠧᠮᠧᠨ᠋ᠲ ᠤᠨ ᠦᠨ᠎ᠡ ᠬᠠᠩᠰᠢ ᠶᠢᠨ ᠲᠣᠭᠲᠠᠴᠠ ᠶᠢ ᠲᠣᠭᠲᠠᠭᠠᠬᠤ ︾ ᠲᠤᠬᠠᠢ ᠪᠠᠶᠢᠷᠢᠯᠠᠭᠤᠯᠤᠯᠲᠠ ᠶᠢᠨ ᠱᠠᠭᠠᠷᠳᠠᠯᠭ᠎ᠠ | ᠶᠣᠰᠣᠭᠠᠷ ᠵᠠᠬ᠎ᠠ ᠳᠡᠯᠭᠡᠭᠦᠷ ᠤᠨ ᠨᠡᠶᠢᠭᠡᠮ ᠤᠨ ᠵᠠᠰᠠᠯᠲᠠ ᠳᠤᠮᠳᠠᠬᠢ ᠡᠯᠧᠮᠧᠨ᠋ᠲ ᠤᠨ ᠬᠥᠰᠢᠭᠦᠷᠭᠡ ᠶᠢᠨ ᠦᠢᠯᠡᠳᠦᠯ ᠢ ᠭᠦᠢᠴᠡᠳ ᠪᠠᠳᠠᠷᠠᠭᠤᠯᠵᠤ ᠂ ᠱᠠᠲᠤᠴᠢ ᠴᠢᠨᠠᠷᠲᠠᠢ | ᠦᠨ᠎ᠡ ᠬᠠᠩᠰᠢ ᠶᠢᠨ ᠲᠣᠭᠲᠠᠴᠠ ᠶᠢ ᠲᠡᠭᠦᠯᠳᠡᠷᠵᠢᠭᠦᠯᠬᠦ ᠂ ᠭᠤᠣᠯᠳᠠᠯᠭ᠎ᠠ ᠲᠠᠢ ᠬᠦᠷᠢᠶᠡᠨ ᠤ ᠦᠨ᠎ᠡ ᠬᠠᠩᠰᠢ ᠶᠢᠨ ᠥᠭᠡᠷᠡᠴᠢᠯᠡᠯᠲᠡ ᠶᠢ ᠭᠦᠨᠵᠡᠭᠡᠶᠢᠷᠡᠭᠦᠯᠬᠦ ᠵᠡᠷᠭᠡ ᠪᠠᠷ | ᠳᠠᠮᠵᠢᠭᠤᠯᠤᠨ ᠤᠯᠠᠨ ᠲᠦᠮᠡᠨ ᠤ ᠡᠬᠢ ᠪᠠᠶᠠᠯᠢᠭ ᠢ ᠠᠷᠪᠢᠯᠠᠬᠤ ᠶᠢ ᠱᠠᠯᠠᠪᠳᠠᠭᠤᠯᠵᠤ ᠂ ᠬᠥᠮᠥᠰ ᠤᠨ ᠳᠦᠷᠢᠮ ᠰᠠᠬᠢᠯᠭ᠎ᠠ ᠶᠢ ᠵᠢᠷᠤᠮᠯᠠᠬᠤ ᠶᠢ ᠬᠥᠲᠥᠯᠥᠨ | ᠵᠢᠯᠤᠭᠤᠳᠴᠤ ᠂ ᠡᠭᠦᠨ ᠤ ᠤᠯᠠᠮ ᠢᠶᠠᠷ ᠨᠡᠶᠢᠭᠡᠮ ᠤᠨ ᠡᠮᠬᠢ ᠳᠢᠭᠯᠢᠮ ᠢ ᠰᠢᠯᠢᠳᠡᠭᠵᠢᠭᠦᠯᠦᠨ᠎ᠡ ᠃ | ᠵᠠᠬ᠎ᠠ ᠳᠡᠯᠭᠡᠭᠦᠷᠴᠢᠯᠡᠬᠦ ᠠᠷᠭ᠎ᠠ ᠪᠠᠷᠢᠯ ᠳᠤ ᠲᠦᠰᠢᠭᠯᠡᠨ ᠣᠯᠠᠨ ᠲᠦᠮᠡᠨ ᠳᠤ ᠦᠢᠯᠡᠴᠢᠯᠡᠬᠦ ᠬᠢᠷᠢ ᠬᠡᠮᠵᠢᠶ᠎ᠡ ᠪᠠᠨ ᠳᠡᠭᠡᠭᠰᠢᠯᠡᠭᠦᠯᠦᠨ᠎ᠠ ᠃ ᠠᠷᠠᠳ ᠤᠨ | ᠠᠮᠢᠳᠤᠷᠠᠯ ᠤᠨ ᠴᠢᠨᠠᠷ ᠴᠢᠨᠰᠠᠭ᠎ᠠ ᠶᠢ ᠳᠡᠭᠡᠭᠰᠢᠯᠡᠭᠦᠯᠵᠦ ᠂ ᠤᠯᠠᠨ ᠨᠡᠶᠢᠲᠡ ᠶᠢᠨ ᠦᠨᠳᠦᠰᠦᠨ ᠦᠢᠯᠡᠴᠢᠯᠡᠭᠡᠨ ᠤ ᠲᠡᠩᠴᠡᠭᠦᠷᠢᠲᠦ ᠴᠢᠨᠠᠷ ᠪᠠ ᠪᠣᠯᠣᠮᠵᠢᠲᠤ ᠴᠢᠨᠠᠷ ᠢ | ᠴᠢᠩᠭᠠᠳᠬᠠᠬᠤ ᠪᠣᠯ ︽ ᠲᠣᠭᠲᠠᠭᠠᠯ ︾ ᠳᠤ ᠳᠤᠷᠠᠳᠤᠭᠰᠠᠨ ᠴᠢᠬᠤᠯᠠ ᠬᠠᠷᠠᠯᠲᠠ ᠮᠥᠨ ᠃ ᠪᠢᠳᠡ ︽ ᠨᠡᠶᠢᠲᠡ ᠶᠢᠨ ᠠᠰᠠᠷᠠᠮᠵᠢ + ᠵᠠᠬ᠎ᠠ ᠳᠡᠯᠭᠡᠭᠦᠷ ︾ ᠤᠨ | ᠡᠵᠡᠩᠨᠡᠯᠲᠡ ᠶᠢᠨ ᠵᠠᠭᠪᠤᠷ ᠢ ᠢᠳᠡᠪᠬᠢᠲᠡᠢ ᠰᠦᠪᠡᠭᠴᠢᠯᠡᠨ ᠲᠡᠭᠦᠯᠳᠡᠷᠵᠢᠭᠦᠯᠵᠦ ᠂ ᠨᠡᠩ ᠤᠯᠠᠨ ᠡᠵᠡᠩᠨᠡᠯᠲᠡ ᠶᠢᠨ ᠭᠤᠣᠯ ᠴᠣᠭᠴᠠ ᠶᠢ ᠲᠠᠲᠠᠵᠤ ᠰᠤᠷᠭᠠᠨ ᠬᠥᠮᠦᠵᠢᠯ ᠂ | ᠡᠮᠴᠢᠯᠡᠭᠡ ᠂ ᠨᠠᠰᠤᠵᠢᠯ ᠤᠨ ᠠᠰᠠᠷᠠᠮᠵᠢ ᠂ ᠰᠣᠶᠣᠯ ᠵᠡᠷᠭᠡ ᠤᠯᠠᠨ ᠨᠡᠶᠢᠲᠡ ᠶᠢᠨ ᠦᠢᠯᠡᠰ ᠲᠤ ᠪᠡᠯᠡ ᠣᠷᠣᠭᠤᠯᠵᠤ ᠂ ᠤᠯᠠᠨ ᠲᠦᠮᠡᠨ ᠤ ᠤᠯᠠᠨ ᠶᠠᠩᠵᠤᠲᠤ | ᠥᠪᠡᠷᠮᠢᠴᠡ ᠂ ᠴᠢᠨᠠᠷ ᠰᠠᠶᠢᠲᠠᠢ ᠦᠢᠯᠡᠴᠢᠯᠡᠭᠡᠨ ᠤ ᠬᠡᠷᠡᠭᠴᠡᠭᠡ ᠶᠢ ᠨᠡᠩ ᠰᠠᠶᠢᠲᠤᠷ ᠬᠠᠩᠭᠠᠨ᠎ᠠ ᠃ ᠲᠥᠷᠥ ᠶᠢᠨ ᠪᠣᠳᠣᠯᠭ᠎ᠠ ᠶᠢ ᠲᠣᠭᠲᠠᠭᠠᠨ ᠬᠡᠷᠡᠭᠵᠢᠭᠦᠯᠬᠦ ᠳᠡᠭᠡᠨ | ᠵᠠᠬ᠎ᠠ ᠳᠡᠯᠭᠡᠭᠦᠷᠴᠢᠯᠡᠭᠰᠡᠨ ᠠᠷᠭ᠎ᠠ ᠪᠠᠷᠢᠯ ᠳᠤ ᠢᠯᠡᠭᠦᠬᠡᠨ ᠲᠦᠰᠢᠭᠯᠡᠵᠦ ᠣᠯᠠᠨ ᠲᠦᠮᠡᠨ ᠢ ᠬᠥᠲᠥᠯᠥᠨ ᠵᠢᠯᠤᠭᠤᠳᠴᠤ ᠠᠵᠤ ᠠᠬᠤᠢ ᠶᠢᠨ ᠪᠦᠲᠦᠭᠡᠨ ᠪᠠᠶᠢᠭᠤᠯᠤᠯᠲᠠ | ᠪᠠ ᠨᠡᠶᠢᠭᠡᠮ ᠤᠨ ᠵᠠᠰᠠᠯᠲᠠ ᠳᠤ ᠣᠷᠣᠯᠴᠠᠭᠤᠯᠵᠤ ᠂ ᠣᠯᠠᠨ ᠢᠶᠠᠷ ᠢᠶᠠᠨ ᠬᠢᠬᠦ ᠶᠢᠨ ᠳᠤᠮᠳᠠ ᠡᠯ᠎ᠡ ᠲᠥᠷᠥᠯ ᠤᠨ ᠬᠥᠭᠵᠢᠯᠲᠡ ᠶᠢᠨ ᠦᠷ᠎ᠡ ᠪᠦᠲᠦᠭᠡᠯ ᠢ ᠡᠳ᠋ᠯᠡᠭᠦᠯᠦᠨ᠎ᠡ ᠃ | | ᠣᠯᠠᠨ ᠵᠦᠢᠯ ᠤᠨ ᠠᠷᠭ᠎ᠠ ᠬᠡᠮᠵᠢᠶ᠎ᠡ ᠶᠢ ᠵᠡᠷᠭᠡ ᠪᠠᠷ ᠬᠡᠷᠡᠭᠯᠡᠵᠦ ᠨᠠᠮ ᠤᠨ ᠬᠤᠷᠢᠳᠤᠭᠠᠷ ᠬᠤᠭᠤᠴᠠᠭᠠᠨ ᠤ ᠲᠥᠪ ᠬᠤᠷᠢᠶ᠎ᠠ ᠶᠢᠨ ᠭᠤᠷᠪᠠᠳᠤᠭᠠᠷ ᠪᠦᠭᠦᠳᠡ | ᠬᠤᠷᠠᠯ ᠤᠨ ᠵᠣᠷᠢᠭ ᠰᠠᠨᠠᠭ᠎ᠠ ᠶᠢ ᠪᠣᠳᠠᠲᠠᠢ ᠳᠤ ᠨᠠᠶᠢᠳᠠᠪᠤᠷᠢᠵᠢᠭᠤᠯᠬᠤ ᠶᠢ ᠪᠠᠲᠤᠯᠠᠨ᠎ᠠ | ᠨᠠᠮ ᠤᠨ ᠬᠤᠷᠢᠳᠤᠭᠠᠷ ᠬᠤᠭᠤᠴᠠᠭᠠᠨ ᠤ ᠲᠥᠪ ᠬᠤᠷᠢᠶ᠎ᠠ ᠶᠢᠨ ᠭᠤᠷᠪᠠᠳᠤᠭᠠᠷ ᠪᠦᠭᠦᠳᠡ ᠬᠤᠷᠠᠯ ᠤᠨ ᠵᠣᠷᠢᠭ ᠰᠠᠨᠠᠭ᠎ᠠ ᠶᠢ ᠲᠤᠭᠤᠰᠢᠯᠠᠭᠤᠯᠤᠨ | ᠨᠠᠶᠢᠳᠠᠪᠤᠷᠢᠵᠢᠭᠤᠯᠬᠤ ᠳᠤ ᠂ ᠡᠷᠬᠡᠪᠰᠢ ᠨᠢᠭᠡᠳᠦᠯᠲᠡᠢ ᠲᠥᠯᠥᠪᠯᠡᠬᠦ ᠂ ᠪᠦᠬᠦᠯᠢ ᠴᠣᠭᠴᠠ ᠪᠠᠷ ᠲᠥᠯᠥᠪᠯᠡᠬᠦ ᠶᠢ ᠴᠢᠩᠭᠠᠳᠬᠠᠵᠤ ᠂ ᠡᠯ᠎ᠡ ᠵᠦᠢᠯ ᠤᠨ ᠠᠵᠢᠯ ᠢ | ᠰᠢᠰᠲ᠋ᠧᠮ ᠲᠠᠢ ᠠᠬᠢᠭᠤᠯᠵᠤ ᠂ ᠬᠥᠭᠵᠢᠯᠲᠡ ᠶᠢ ᠠᠳᠬᠤᠵᠤ ᠥᠭᠡᠷᠡᠴᠢᠯᠡᠯᠲᠡ ᠶᠢ ᠠᠬᠢᠭᠤᠯᠬᠤ ᠦᠷ᠎ᠡ ᠠᠰᠢᠭ ᠢ ᠬᠠᠮᠤᠭ ᠤᠨ ᠶᠡᠭᠡ ᠪᠤᠯᠭᠠᠬᠤ ᠪᠠᠷ ᠴᠢᠷᠮᠠᠶᠢᠨ᠎ᠠ ᠃ | ᠨᠠᠮ ᠤᠨ ᠪᠠᠶᠢᠭᠤᠯᠤᠯᠲᠠ ᠶᠢ ᠴᠢᠩᠭᠠᠳᠬᠠᠨ᠎ᠠ ᠃ ᠨᠠᠮ ᠤᠨ ᠪᠠᠶᠢᠭᠤᠯᠤᠯᠲᠠ ᠪᠣᠯ ᠠᠯᠢᠪᠠ ᠠᠵᠢᠯ ᠢ ᠬᠢᠬᠦ ᠶᠢᠨ ᠰᠠᠭᠤᠷᠢ ᠮᠥᠨ ᠃ ᠪᠢᠳᠡ ᠭᠤᠣᠯ ᠰᠡᠳᠦᠪᠲᠦ | ᠬᠥᠮᠦᠵᠢᠯ ᠤᠨ ᠦᠷ᠎ᠡ ᠪᠦᠲᠦᠭᠡᠯ ᠢ ᠪᠠᠬᠢᠵᠢᠭᠦᠯᠦᠨ ᠥᠷᠭᠡᠳᠬᠡᠬᠦ ᠲᠠᠢ ᠤᠶᠠᠯᠳᠤᠭᠤᠯᠵᠤ ᠂ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ | ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠶᠢ ᠦᠷᠭᠦᠯᠵᠢᠯᠡᠨ ᠰᠠᠶᠢᠲᠤᠷ ᠰᠤᠷᠤᠯᠴᠠᠨ ᠣᠶᠢᠯᠠᠭᠠᠵᠤ ᠨᠡᠪᠳᠡᠷᠡᠳᠡᠯ᠎ᠠ ᠡᠵᠡᠮᠰᠢᠵᠦ ᠪᠣᠳᠠᠲᠠᠶᠢᠵᠢᠭᠤᠯᠵᠤ ᠂ | ᠨᠠᠮ ᠤᠨ ᠭᠡᠰᠢᠭᠦᠨ ᠺᠠᠳ᠋ᠷ ᠢ ᠵᠣᠬᠢᠶᠠᠨ ᠪᠠᠶᠢᠭᠤᠯᠤᠨ ᠶᠡᠷᠦᠩᠬᠡᠢ ᠱᠦᠵᠢ ᠰᠢ ᠶᠢᠨ ᠫᠢᠩ ᠤᠨ ᠨᠠᠮ ᠤᠨ ᠬᠤᠷᠢᠳᠤᠭᠠᠷ ᠬᠤᠭᠤᠴᠠᠭᠠᠨ ᠤ ᠲᠥᠪ ᠬᠤᠷᠢᠶ᠎ᠠ ᠶᠢᠨ | ᠭᠤᠷᠪᠠᠳᠤᠭᠠᠷ ᠪᠦᠭᠦᠳᠡ ᠬᠤᠷᠠᠯ ᠳᠡᠭᠡᠷᠡᠬᠢ ᠴᠢᠬᠤᠯᠠ ᠶᠠᠷᠢᠶᠠᠨ ᠤ ᠵᠣᠷᠢᠭ ᠰᠠᠨᠠᠭ᠎ᠠ ᠶᠢ ᠭᠦᠨᠵᠡᠭᠡᠢ ᠰᠤᠷᠤᠯᠴᠠᠭᠤᠯᠵᠤ ᠂ ᠡᠭᠦᠨ ᠤ ᠳᠤᠮᠳᠠ ᠠᠴᠠ ᠬᠦᠴᠢᠷ | ᠠᠰᠠᠭᠤᠳᠠᠯ ᠢ ᠰᠢᠢᠳᠪᠦᠷᠢᠯᠡᠬᠦ ᠂ ᠠᠵᠢᠯ ᠢᠶᠠᠨ ᠰᠠᠶᠢᠵᠢᠷᠠᠭᠤᠯᠬᠤ ᠰᠡᠳᠬᠢᠮᠵᠢ ᠪᠠ ᠠᠷᠭ᠎ᠠ ᠶᠢ ᠲᠠᠰᠤᠷᠠᠯᠲᠠ ᠦᠭᠡᠢ ᠰᠦᠪᠡᠭᠴᠢᠯᠡᠨ᠎ᠡ ᠃ ᠰᠢᠨ᠎ᠡ ᠴᠠᠭ ᠦᠶ᠎ᠡ ᠠᠴᠠ | ᠨᠠᠭᠠᠰᠢᠬᠢ ᠶᠡᠷᠦᠩᠬᠡᠢ ᠱᠦᠵᠢ ᠰᠢ ᠶᠢᠨ ᠫᠢᠩ ᠤᠨ ᠥᠭᠡᠷᠡᠴᠢᠯᠡᠯᠲᠡ ᠶᠢ ᠪᠦᠭᠦ ᠲᠠᠯ᠎ᠠ ᠪᠠᠷ ᠭᠦᠨᠵᠡᠭᠡᠶᠢᠷᠡᠭᠦᠯᠬᠦ ᠶᠢ ᠬᠥᠲᠥᠯᠥᠨ ᠠᠬᠢᠭᠤᠯᠵᠤ ᠣᠯᠣᠭᠰᠠᠨ ᠲᠡᠦᠬᠡᠲᠦ | ᠴᠢᠨᠠᠷᠲᠠᠢ ᠠᠮᠵᠢᠯᠲᠠ ᠪᠦᠲᠦᠮᠵᠢ ᠪᠣᠯᠣᠨ ᠥᠭᠡᠷᠡᠴᠢᠯᠡᠯᠲᠡ ᠶᠢ ᠤᠯᠠᠮ ᠨᠢᠭᠡ ᠠᠯᠬᠤᠮ ᠪᠦᠭᠦ ᠲᠠᠯ᠎ᠠ ᠪᠠᠷ ᠭᠦᠨᠵᠡᠭᠡᠶᠢᠷᠡᠭᠦᠯᠦᠭᠰᠡᠨ ᠰᠢᠢᠳᠪᠦᠷᠢᠲᠦ ᠪᠣᠳᠣᠯᠭ᠎ᠠ | ᠪᠠᠶᠢᠷᠢᠯᠠᠭᠤᠯᠤᠯᠲᠠ ᠶᠢ ᠰᠤᠷᠤᠯᠴᠠᠨ ᠤᠬᠠᠭᠤᠯᠬᠤ ᠶᠢ ᠦᠨᠳᠦᠰᠦᠨ ᠱᠠᠲᠤᠨ ᠤ ᠨᠠᠮ ᠤᠨ ᠵᠣᠬᠢᠶᠠᠨ ᠪᠠᠶᠢᠭᠤᠯᠤᠯᠲᠠ ᠶᠢᠨ ︽ ᠨᠠᠮ ᠤᠨ ᠠᠴᠢ ᠳᠤ ᠲᠠᠯᠠᠷᠬᠠᠵᠤ ᠂ | ᠨᠠᠮ ᠤᠨ ᠦᠭᠡ ᠶᠢ ᠰᠣᠨᠣᠰᠴᠤ ᠂ ᠨᠠᠮ ᠢᠶᠠᠨ ᠳᠠᠭᠠᠬᠤ ︾ ᠤᠯᠠᠨ ᠲᠦᠮᠡᠨᠴᠢ ᠬᠥᠮᠦᠵᠢᠯ ᠥᠷᠨᠢᠭᠦᠯᠬᠦ ᠶᠢᠨ ᠴᠢᠬᠤᠯᠠ ᠠᠭᠤᠯᠭ᠎ᠠ ᠪᠤᠯᠭᠠᠵᠤ ᠂ ᠥᠷᠭᠡᠨ ᠤᠯᠠᠨ | ᠨᠠᠮ ᠤᠨ ᠭᠡᠰᠢᠭᠦᠨ ᠺᠠᠳ᠋ᠷ ᠤᠯᠠᠨ ᠲᠦᠮᠡᠨ ᠢ ᠬᠥᠲᠥᠯᠥᠨ ᠳᠠᠭᠠᠭᠤᠯᠵᠤ ᠨᠠᠮ ᠤᠨ ᠠᠴᠢ ᠶᠢ ᠦᠨᠡᠨ ᠰᠡᠳᠬᠢᠯ ᠠᠴᠠ ᠪᠠᠨ ᠣᠶᠢᠯᠠᠭᠠᠵᠤ ᠂ ᠨᠠᠮ ᠤᠨ ᠰᠠᠶᠢᠨ ᠢ | ᠮᠡᠳᠡᠭᠦᠯᠦᠨ᠎ᠡ ᠃ ᠨᠠᠮ ᠤᠨ ᠰᠠᠬᠢᠯᠭ᠎ᠠ ᠪᠠᠲᠤ ᠶᠢᠨ ᠰᠤᠷᠤᠯᠴᠠᠯᠭ᠎ᠠ ᠬᠥᠮᠦᠵᠢᠯ ᠂ ᠬᠡᠯᠪᠡᠷᠢᠴᠢ ᠦᠵᠡᠯ ᠢ ᠴᠡᠭᠴᠡᠯᠡᠨ ᠵᠠᠰᠠᠵᠤ ᠦᠨᠳᠦᠰᠦᠨ ᠱᠠᠲᠤᠨ ᠤ ᠳᠠᠷᠤᠭᠠᠰᠤ ᠶᠢ | ᠬᠥᠩᠭᠡᠷᠡᠭᠦᠯᠬᠦ ᠂ ᠣᠯᠠᠨ ᠲᠦᠮᠡᠨ ᠤ ᠳᠡᠷᠭᠡᠳᠡᠬᠢ ᠲᠥᠪ ᠪᠤᠰᠤ ᠰᠤᠷᠲᠠᠯ ᠪᠣᠯᠣᠨ ᠢᠯᠵᠢᠷᠡᠯ ᠤᠨ ᠠᠰᠠᠭᠤᠳᠠᠯ ᠢ ᠴᠡᠭᠴᠡᠯᠡᠨ ᠵᠠᠰᠠᠬᠤ ᠶᠢ ᠪᠠᠶᠢᠩᠭᠤᠵᠢᠭᠤᠯᠤᠨ ᠤᠷᠳᠤ | ᠬᠤᠭᠤᠴᠠᠭ᠎ᠠ ᠪᠦᠲᠦᠮᠵᠢᠳᠠᠢ ᠰᠠᠶᠢᠲᠤᠷ ᠠᠳᠬᠤᠵᠤ ᠂ ᠢᠯᠵᠢᠷᠡᠯ ᠢ ᠡᠰᠡᠷᠭᠦᠴᠡᠵᠦ ᠠᠷᠢᠭᠤᠨ ᠴᠢᠬᠡᠴᠢ ᠶᠢ ᠡᠷᠭᠢᠮᠯᠡᠭᠦ ᠡᠷᠴᠢᠮ ᠢ ᠴᠢᠩᠭᠠᠷᠠᠭᠤᠯᠵᠤ ᠂ ︽ | ᠢᠯᠵᠢᠷᠡᠬᠦ ᠠᠴᠠ ᠵᠢᠷᠦᠬᠡᠰᠢᠶᠡᠬᠦ ᠂ ᠢᠯᠵᠢᠷᠡᠵᠦ ᠪᠤᠯᠬᠤ ᠦᠭᠡᠢ ᠂ ᠢᠯᠵᠢᠷᠡᠬᠦ ᠶᠢ ᠪᠤᠳᠤᠬᠤ ᠦᠭᠡᠢ ︾ ᠶᠢ ᠨᠢᠭᠡ ᠴᠣᠭᠴᠠᠵᠢᠭᠤᠯᠤᠨ ᠠᠬᠢᠭᠤᠯᠬᠤ ᠂ ᠲᠥᠪ ᠪᠤᠰᠤ | ᠰᠤᠷᠲᠠᠯ ᠪᠣᠯᠣᠨ ᠢᠯᠵᠢᠷᠡᠯ ᠤᠨ ᠠᠰᠠᠭᠤᠳᠠᠯ ᠢ ᠪᠠᠶᠢᠴᠠᠭᠠᠵᠤ ᠵᠠᠰᠠᠬᠤ ᠵᠡᠷᠭᠡ ᠲᠣᠭᠲᠠᠴᠠ ᠶᠢ ᠲᠡᠭᠦᠯᠳᠡᠷᠵᠢᠭᠦᠯᠵᠦ ᠂ ᠬᠡᠷᠡᠭ ᠢᠶᠠᠷ ᠥᠭᠡᠷᠡᠴᠢᠯᠡᠯᠲᠡ ᠶᠢ ᠠᠬᠢᠭᠤᠯᠬᠤ ᠂ | ᠬᠡᠷᠡᠭ ᠢᠶᠠᠷ ᠵᠠᠰᠠᠯᠲᠠ ᠶᠢ ᠠᠬᠢᠭᠤᠯᠬᠤ ᠶᠢ ᠭᠦᠨᠵᠡᠭᠡᠶᠢᠷᠡᠭᠦᠯᠵᠦ ᠂ ᠰᠤᠷᠲᠠᠯ ᠴᠢᠬᠡᠴᠢ ᠣᠪᠣᠷ ᠲᠥᠪ ᠤᠯᠤᠰ ᠲᠥᠷᠥ ᠶᠢᠨ ᠠᠮᠢ ᠠᠬᠤᠢ ᠶᠢ ᠤᠯᠠᠮ ᠨᠢᠭᠡ ᠠᠯᠬᠤᠮ ᠪᠤᠶ | ᠪᠣᠯᠭᠠᠨ᠎ᠠ ᠃ | ᠵᠠᠰᠠᠯᠲᠠ ᠶᠢ ᠰᠢᠯᠢᠳᠡᠭᠵᠢᠭᠦᠯᠦᠨ᠎ᠡ ᠃ ︽ ᠲᠣᠭᠲᠠᠭᠠᠯ ︾ ᠳᠤ ᠂ ︽ ᠨᠡᠶᠢᠭᠡᠮ ᠤᠨ ᠵᠠᠰᠠᠯᠲᠠ ᠶᠢᠨ ᠪᠠᠶᠢᠭᠤᠯᠤᠯ ᠲᠣᠭᠲᠠᠴᠠ ᠪᠠ ᠠᠷᠭ᠎ᠠ ᠪᠠᠷᠢᠯ ᠤᠨ ᠲᠠᠯ᠎ᠠ ᠪᠠᠷ | ᠰᠢᠨ᠎ᠡ ᠶᠢ ᠡᠭᠦᠳᠴᠦ ︾ ᠂ ︽ ᠤᠯᠤᠰ ᠤᠨ ᠵᠠᠰᠠᠯᠲᠠ ᠪᠠ ᠨᠡᠶᠢᠭᠡᠮ ᠤᠨ ᠬᠥᠭᠵᠢᠯᠲᠡ ᠶᠢ ᠨᠡᠩ ᠰᠠᠶᠢᠨ ᠵᠣᠬᠢᠴᠠᠭᠤᠯᠬᠤ ︾ ᠶᠢ ᠠᠬᠢᠭᠤᠯᠬᠤ ᠬᠡᠷᠡᠭᠲᠡᠢ ᠭᠡᠵᠦ | ᠳᠤᠷᠠᠳᠪᠠ ᠃ ᠪᠢᠳᠡ ᠨᠠᠮ ᠤᠨ ᠳᠣᠲᠣᠭᠠᠳᠤ ᠳᠤ ᠣᠷᠣᠰᠢᠵᠤ ᠪᠠᠶᠢᠭ᠎ᠠ ᠠᠰᠠᠭᠤᠳᠠᠯ ᠢ ᠴᠢᠩᠭ᠎ᠠ ᠴᠡᠭᠴᠡᠯᠡᠨ ᠵᠠᠰᠠᠬᠤ ᠶᠢᠨ ᠵᠡᠷᠭᠡ ᠪᠠᠷ ᠨᠡᠶᠢᠭᠡᠮ ᠤᠨ ᠳᠠᠪᠬᠤᠷᠭ᠎ᠠ ᠶᠢᠨ | ᠮᠠᠰᠢ ᠤᠯᠠᠨ ᠠᠷᠬᠠᠭ ᠭᠡᠮ ᠢ ᠶᠡᠭᠡ ᠬᠦᠴᠦ ᠣᠷᠣᠭᠤᠯᠤᠨ ᠴᠡᠭᠴᠡᠯᠡᠨ ᠵᠠᠰᠠᠵᠤ ᠂ ᠬᠤᠳᠠ ᠬᠥᠳᠡᠭᠡ ᠶᠢᠨ ᠬᠤᠭ ᠨᠣᠪᠰᠢ ᠶᠢ ᠰᠢᠢᠳᠪᠦᠷᠢᠯᠡᠬᠦ ᠂ ᠪᠠᠷᠢᠯᠭ᠎ᠠ ᠶᠢᠨ ᠵᠠᠬ᠎ᠠ | ᠳᠡᠯᠭᠡᠭᠦᠷ ᠤᠨ ᠡᠮᠬᠢ ᠳᠢᠭᠯᠢᠮ ᠂ ᠠᠶᠤᠯᠲᠠᠢ ᠬᠠᠶᠠᠭᠳᠠᠮᠠᠯ ᠪᠣᠳᠠᠰ ᠤᠨ ᠬᠠᠮᠢᠶᠠᠷᠤᠯᠲᠠ ᠂ ᠣᠷᠴᠢᠨ ᠲᠣᠭᠤᠷᠢᠨ ᠤ ᠬᠢᠨᠠᠨ ᠬᠡᠮᠵᠢᠯᠲᠡ ᠶᠢᠨ ᠲᠤᠭ᠎ᠠ ᠪᠠᠷᠢᠮᠲᠠ ᠂ ᠤᠢ | ᠰᠢᠭᠤᠢ ᠨᠤᠲᠤᠭ ᠪᠡᠯᠴᠢᠭᠡᠷ ᠢ ᠰᠦᠢᠳᠬᠡᠬᠦ ᠵᠡᠷᠭᠡ ᠬᠦᠷᠢᠶᠡᠨ ᠤ ᠠᠰᠠᠭᠤᠳᠠᠯ ᠢ ᠲᠥᠪᠯᠡᠷᠡᠭᠦᠯᠦᠨ ᠴᠡᠭᠴᠡᠯᠡᠨ ᠵᠠᠰᠠᠬᠤ ᠲᠤᠰᠬᠠᠢ ᠠᠵᠢᠯᠯᠠᠭ᠎ᠠ ᠶᠢ ᠭᠦᠨᠵᠡᠭᠡᠢ | ᠠᠬᠢᠭᠤᠯᠵᠤ ᠂ ᠨᠡᠶᠢᠭᠡᠮ ᠤᠨ ᠡᠮᠬᠢ ᠳᠢᠭᠯᠢᠮ ᠢ ᠰᠠᠮᠠᠭᠤᠷᠠᠭᠤᠯᠤᠭᠰᠠᠨ ᠲᠣᠪᠤᠶᠢᠮ᠎ᠠ ᠠᠰᠠᠭᠤᠳᠠᠯ ᠢ ᠦᠷᠭᠦᠯᠵᠢᠯᠡᠨ ᠴᠡᠭᠴᠡᠯᠡᠨ ᠵᠠᠰᠠᠵᠤ ᠂ ᠬᠠᠤᠯᠢ ᠴᠠᠭᠠᠵᠠ ᠳᠦᠷᠢᠮ | ᠲᠣᠭᠲᠠᠭᠠᠯ ᠢ ᠵᠥᠷᠢᠴᠡᠭᠰᠡᠨ ᠬᠥᠮᠥᠨ ᠪᠣᠯᠣᠨ ᠬᠡᠷᠡᠭ ᠶᠠᠪᠤᠳᠠᠯ ᠳᠤ ᠬᠠᠤᠯᠢ ᠶᠣᠰᠣᠭᠠᠷ ᠴᠢᠩᠭ᠎ᠠ ᠴᠣᠬᠢᠯᠲᠠ ᠥᠭᠴᠦ ᠂ ︽ ᠴᠥᠭᠡᠨ ᠲᠣᠭᠠᠨ ᠤ ᠬᠥᠮᠥᠨ ᠢ | ᠰᠢᠢᠳᠬᠡᠵᠦ ᠂ ᠶᠡᠭᠡ ᠬᠡᠪᠴᠢᠶ᠎ᠡ ᠪᠠᠷ ᠰᠦᠷᠳᠡᠭᠦᠯᠵᠦ ᠂ ᠪᠦᠭᠦ ᠨᠡᠶᠢᠭᠡᠮ ᠢ ᠬᠥᠮᠥᠵᠢᠭᠦᠯᠬᠦ ︾ ᠦᠷ᠎ᠡ ᠪᠦᠲᠦᠮᠵᠢ ᠶᠢ ᠴᠢᠷᠮᠠᠶᠢᠨ ᠪᠡᠶᠡᠯᠡᠭᠦᠯᠦᠨ᠎ᠡ ᠃ ᠠᠰᠠᠭᠤᠳᠠᠯ ᠠᠮᠠᠷᠬᠠᠨ | ᠡᠭᠦᠰᠬᠦ ᠤᠯᠠᠨ ᠡᠭᠦᠰᠬᠦ ᠦᠨᠳᠦᠰᠦ ᠰᠤᠷᠪᠤᠯᠵᠢ ᠶᠢ ᠭᠦᠨᠵᠡᠭᠡᠢ ᠵᠠᠳᠠᠯᠤᠨ ᠰᠢᠨᠵᠢᠯᠡᠵᠦ ᠂ ᠪᠠᠶᠢᠭᠤᠯᠤᠯ ᠲᠣᠭᠲᠠᠴᠠ ᠠᠴᠠ ᠭᠠᠷᠳᠠᠵᠤ ᠠᠯᠳᠠᠭ᠎ᠠ ᠳᠤᠲᠠᠭᠳᠠᠯ ᠢ | ᠵᠠᠯᠠᠷᠠᠭᠤᠯᠵᠤ ᠂ ᠨᠡᠶᠢᠭᠡᠮ ᠤᠨ ᠵᠥᠷᠢᠴᠡᠯ ᠢ ᠠᠷᠢᠯᠭᠠᠬᠤ ᠂ ᠨᠡᠶᠢᠭᠡᠮ ᠤᠨ ᠡᠮᠬᠢ ᠵᠢᠷᠤᠮ ᠢ ᠬᠠᠮᠠᠭᠠᠯᠠᠬᠤ ᠵᠡᠷᠭᠡ ᠰᠠᠭᠤᠷᠢ ᠴᠢᠨᠠᠷᠲᠠᠢ ᠠᠵᠢᠯ ᠢ ᠯᠠᠪᠳᠠᠭᠤᠨ ᠪᠠᠲᠤᠲᠠᠢ | ᠰᠠᠶᠢᠲᠤᠷ ᠬᠢᠵᠦ ᠂ ᠬᠥᠮᠥᠨ ᠪᠦᠭᠦᠨ ᠳᠦᠷᠢᠮ ᠲᠣᠭᠲᠠᠭᠠᠯ ᠢ ᠵᠢᠷᠤᠮᠯᠠᠨ ᠬᠠᠤᠯᠢ ᠶᠢ ᠰᠠᠬᠢᠬᠤ ᠂ ᠤᠴᠢᠷ ᠶᠠᠪᠤᠳᠠᠯ ᠪᠦᠭᠦᠨ ᠢ ᠳᠦᠷᠢᠮ ᠲᠣᠭᠲᠠᠭᠠᠯ ᠶᠣᠰᠣᠭᠠᠷ | ᠰᠢᠢᠳᠪᠦᠷᠢᠯᠡᠬᠦ ᠂ ᠨᠡᠶᠢᠭᠡᠮ ᠡᠮᠬᠢ ᠵᠢᠷᠤᠮ ᠲᠠᠢ ᠰᠠᠶᠢᠨ ᠰᠠᠶᠢᠬᠠᠨ ᠪᠠᠶᠢᠳᠠᠯ ᠲᠠᠢ ᠪᠤᠯᠬᠤ ᠶᠢ ᠠᠬᠢᠭᠤᠯᠤᠨ᠎ᠠ ᠃ | ᠠᠶᠤᠯ ᠲᠦᠭᠰᠢᠭᠦᠷᠢ ᠶᠢ ᠰᠡᠷᠭᠡᠶᠢᠯᠡᠨ᠎ᠡ ᠃ ᠶᠡᠷᠦᠩᠬᠡᠢ ᠱᠦᠵᠢ ᠰᠢ ᠶᠢᠨ ᠫᠢᠩ ᠬᠦᠨᠳᠦ ᠶᠡᠭᠡ ᠠᠶᠤᠯ ᠲᠦᠭᠰᠢᠭᠦᠷᠢ ᠶᠢ ᠰᠡᠷᠭᠡᠶᠢᠯᠡᠨ ᠠᠷᠢᠯᠭᠠᠬᠤ ᠲᠤᠬᠠᠢ ᠤᠯᠠᠨ | ᠤᠳᠠᠭ᠎ᠠ ᠴᠢᠬᠤᠯᠠ ᠵᠢᠭᠠᠪᠤᠷᠢ ᠥᠭᠪᠡ ᠃ ᠪᠢᠳᠡ ᠶᠡᠷᠦᠩᠬᠡᠢ ᠱᠦᠵᠢ ᠰᠢ ᠶᠢᠨ ᠫᠢᠩ ᠤᠨ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠶᠢ ᠭᠦᠨᠵᠡᠭᠡᠢ ᠣᠶᠢᠯᠠᠭᠠᠵᠤ ᠂ | ᠠᠶᠤᠯ ᠲᠦᠭᠰᠢᠭᠦᠷᠢ ᠶᠢ ᠰᠡᠷᠭᠡᠶᠢᠯᠡᠬᠦ ᠡᠨᠡ ᠬᠦ ᠬᠥᠪᠴᠢ ᠶᠢ ᠢᠮᠠᠭᠲᠠ ᠴᠢᠩᠭᠠᠯᠠᠵᠤ ᠂ ᠦᠵᠡᠯ ᠤᠬᠠᠮᠰᠠᠷ ᠤᠨ ᠭᠡᠯᠪᠡᠷᠢ ᠶᠢᠨ ᠬᠦᠷᠢᠶᠡᠨ ᠳᠠᠬᠢ ᠬᠢᠨᠠᠨ ᠬᠠᠷᠭᠤᠭᠤᠯᠬᠤ ᠂ | ᠠᠶᠤᠯ ᠲᠦᠭᠰᠢᠭᠦᠷᠢ ᠶᠢ ᠪᠠᠶᠢᠴᠠᠭᠠᠬᠤ ᠂ ᠪᠠᠴᠢᠮ ᠪᠠᠶᠢᠳᠠᠯ ᠢ ᠠᠷᠭᠠᠴᠠᠨ ᠰᠢᠢᠳᠪᠦᠷᠢᠯᠡᠬᠦ ᠵᠡᠷᠭᠡ ᠲᠣᠭᠲᠠᠴᠠ ᠶᠢ ᠤᠯᠠᠮ ᠨᠢᠭᠡ ᠠᠯᠬᠤᠮ ᠲᠡᠭᠦᠯᠳᠡᠷᠵᠢᠭᠦᠯᠵᠦ ᠂ ᠠᠶᠤᠯ | ᠦᠭᠡᠢ ᠦᠢᠯᠡᠳᠪᠦᠷᠢᠯᠡᠯ ᠤᠨ ᠭᠡᠮ ᠰᠣᠭᠤᠭ ᠢ ᠪᠠᠶᠢᠴᠠᠭᠠᠵᠤ ᠴᠡᠭᠴᠡᠯᠡᠨ ᠵᠠᠰᠠᠬᠤ ᠂ ᠭᠠᠵᠠᠷ ᠣᠷᠣᠨ ᠤ ᠬᠤᠭᠤᠷᠣᠨᠳᠤ ᠰᠣᠯᠪᠢᠴᠠᠭᠤᠯᠤᠨ ᠬᠠᠤᠯᠢ ᠬᠡᠷᠡᠭᠵᠢᠭᠦᠯᠬᠦ | ᠡᠷᠴᠢᠮ ᠢᠶᠠᠨ ᠦᠷᠭᠦᠯᠵᠢᠯᠡᠨ ᠴᠢᠩᠭᠠᠷᠠᠭᠤᠯᠵᠤ ᠂ ᠪᠠᠶᠢᠭᠠᠯᠢ ᠶᠢᠨ ᠭᠠᠮᠰᠢᠭ ᠢ ᠤᠷᠢᠳᠴᠢᠯᠠᠨ ᠰᠡᠷᠡᠮᠵᠢᠯᠡᠭᠦᠯᠭᠦ ᠪᠠ ᠪᠠᠴᠢᠮ ᠪᠠᠶᠢᠳᠠᠯ ᠢ ᠠᠷᠭᠠᠴᠠᠬᠤ ᠲᠣᠭᠲᠠᠴᠠ ᠶᠢ | ᠪᠦᠷᠢᠨᠰᠢᠭᠦᠯᠵᠦ ᠂ ᠥᠷᠢ ᠥᠭᠴᠡᠭᠡᠨ ᠤ ᠮᠥᠩᠭᠦᠨ ᠭᠦᠢᠯᠭᠡᠭᠡ ᠂ ᠭᠡᠷ ᠭᠠᠵᠠᠷ ᠤᠨ ᠬᠥᠷᠥᠩᠭᠡ ᠂ ᠠᠮᠢ ᠠᠬᠤᠢ ᠣᠷᠴᠢᠨ ᠲᠣᠭᠤᠷᠢᠨ ᠤ ᠬᠠᠮᠠᠭᠠᠯᠠᠯᠲᠠ ᠂ ᠢᠳᠡᠭᠡᠨ ᠪᠠ | ᠡᠮ ᠤᠨ ᠵᠦᠢᠯᠡᠰ ᠤᠨ ᠠᠮᠤᠷ ᠲᠦᠪᠰᠢᠨ ᠵᠡᠷᠭᠡ ᠬᠦᠷᠢᠶᠡᠨ ᠳᠠᠬᠢ ᠠᠶᠤᠯ ᠲᠦᠭᠰᠢᠭᠦᠷᠢ ᠶᠢ ᠪᠦᠲᠦᠮᠵᠢᠲᠡᠶ ᠰᠡᠷᠭᠡᠶᠢᠯᠡᠨ ᠠᠷᠢᠯᠭᠠᠵᠤ ᠂ ᠠᠮᠤᠷ ᠲᠦᠪᠰᠢᠨ | ᠬᠥᠭᠵᠢᠯᠲᠡ ᠶᠢᠨ ᠬᠤᠷᠢᠭ᠎ᠠ ᠱᠤᠭᠤᠮ ᠢ ᠪᠠᠲᠤ ᠰᠠᠬᠢᠨ᠎ᠠ ᠃ | ᠡᠷᠴᠢ ᠵᠣᠷᠢᠭ ᠢᠶᠠᠨ ᠬᠥᠪᠴᠢᠯᠡᠨ᠎ᠡ ᠃ ︽ ᠲᠣᠭᠲᠠᠭᠠᠯ ︾ ᠳᠤ ︽ ︿ ᠭᠤᠷᠪᠠ ᠶᠢ ᠢᠯᠭᠠᠬᠤ ﹀ ᠶᠢ ᠨᠠᠶᠢᠳᠠᠪᠤᠷᠢᠵᠢᠭᠤᠯᠵᠤ ᠂ ᠺᠠᠳ᠋ᠷᠴᠤᠳ ᠤᠨ ᠵᠠᠮ ᠨᠡᠭᠡᠭᠡᠨ | ᠤᠷᠤᠭᠰᠢᠯᠠᠬᠤ ᠂ ᠠᠵᠢᠯ ᠬᠢᠵᠦ ᠦᠢᠯᠡᠰ ᠪᠣᠰᠬᠠᠬᠤ ᠶᠢ ᠵᠣᠷᠢᠭᠵᠢᠭᠤᠯᠤᠨ᠎ᠠ ︾ ᠭᠡᠵᠦ ᠳᠤᠷᠠᠳᠪᠠ ᠃ ᠪᠢᠳᠡ ᠰᠢᠨ᠎ᠡ ᠶᠢ ᠡᠭᠦᠳᠬᠦ ᠰᠣᠶᠣᠯ ᠢ ᠢᠳᠡᠪᠬᠢᠲᠡᠢ | ᠪᠤᠶᠢᠵᠢᠭᠤᠯᠵᠤ ᠂ ᠮᠣᠩᠭᠤᠯ ᠮᠣᠷᠢᠨ ᠤ ᠵᠣᠷᠢᠭ ᠰᠠᠨᠠᠭ᠎ᠠ ᠶᠢ ᠶᠡᠭᠡ ᠪᠠᠷ ᠪᠠᠳᠠᠷᠠᠭᠤᠯᠵᠤ ᠂ ᠥᠭᠡᠷᠡᠴᠢᠯᠡᠯᠲᠡ ᠬᠢᠵᠦ ᠰᠢᠨ᠎ᠡ ᠶᠢ ᠡᠭᠦᠳᠬᠦ ᠶᠢ ᠬᠢᠵᠠᠭᠠᠷᠯᠠᠵᠤ ᠪᠠᠶᠢᠭ᠎ᠠ | ᠬᠠᠭᠤᠴᠢᠨ ᠳᠦᠷᠢᠮ ᠲᠣᠭᠲᠠᠭᠠᠯ ᠢ ᠪᠦᠭᠦ ᠲᠠᠯ᠎ᠠ ᠪᠠᠷ ᠠᠷᠢᠯᠭᠠᠵᠤ ᠂ ᠥᠭᠡᠷᠡᠴᠢᠯᠡᠭᠴᠢ ᠳᠤ ᠬᠠᠷᠢᠭᠤᠴᠠᠬᠤ ᠂ ᠰᠢᠨ᠎ᠡ ᠶᠢ ᠡᠭᠦᠳᠦᠭᠴᠢ ᠳᠤ ᠬᠠᠷᠢᠭᠤᠴᠠᠬᠤ ᠳᠦᠷᠢᠮ ᠤᠨ | ᠪᠠᠲᠤᠯᠠᠭ᠎ᠠ ᠶᠢ ᠲᠡᠭᠦᠯᠳᠡᠷᠵᠢᠭᠦᠯᠵᠦ ᠂ ᠵᠣᠷᠢᠭᠲᠠᠢ ᠰᠡᠳᠬᠢᠵᠦ ᠵᠣᠷᠢᠭᠲᠠᠢ ᠬᠢᠬᠦ ᠮᠥᠷᠲᠡᠭᠡᠨ ᠠᠵᠢᠯ ᠶᠠᠪᠤᠳᠠᠯ ᠪᠦᠲᠦᠭᠡᠵᠦ ᠳᠡᠶᠢᠯᠭᠦ ᠬᠥᠮᠥᠰ ᠢ ᠵᠣᠷᠢᠭᠲᠠᠢ ᠳᠡᠪᠰᠢᠭᠦᠯᠵᠦ | ᠴᠢᠬᠤᠯᠠᠴᠢᠯᠠᠨ ᠬᠡᠷᠡᠭᠯᠡᠵᠦ ᠂ ᠬᠠᠶᠢᠨ ᠰᠦᠪᠡᠭᠴᠢᠯᠡᠯᠲᠡ ᠬᠢᠭᠰᠡᠨ ᠠᠴᠠ ᠪᠣᠯᠵᠤ ᠠᠯᠳᠠᠰᠢ ᠭᠠᠷᠤᠭᠰᠠᠨ ᠪᠠᠶᠢᠪᠠᠯ ᠠᠭᠤᠴᠢᠯᠠᠬᠤ ᠶᠣᠰᠣᠲᠠᠢ ᠶᠢ ᠨᠢ ᠠᠭᠤᠴᠢᠯᠠᠵᠤ ᠂ ᠠᠯᠢ | ᠴᠢᠳᠠᠬᠤ ᠪᠠᠷ ᠪᠠᠭᠲᠠᠭᠠᠨ᠎ᠠ ᠃ ᠶᠡᠷᠦᠩᠬᠡᠢ ᠱᠦᠵᠢ ᠰᠢ ᠶᠢᠨ ᠫᠢᠩ ᠤᠨ ︽ ᠺᠠᠳ᠋ᠷ ᠢ ᠵᠣᠷᠢᠭᠲᠠᠢ ᠬᠢᠯᠭᠡᠬᠦ ᠂ ᠣᠷᠣᠨ ᠨᠤᠲᠤᠭ ᠢ ᠵᠣᠷᠢᠭᠲᠠᠢ ᠬᠢᠯᠭᠡᠬᠦ ᠂ ᠠᠵᠤ | ᠠᠬᠤᠶᠢᠯᠠᠯ ᠢ ᠵᠣᠷᠢᠭᠲᠠᠢ ᠬᠢᠯᠭᠡᠬᠦ ᠂ ᠤᠯᠠᠨ ᠲᠦᠮᠡᠨ ᠤ ᠵᠣᠷᠢᠭᠲᠠᠢ ᠡᠭᠦᠳᠦᠨ ᠪᠦᠲᠦᠭᠡᠬᠦ ᠶᠢ ᠠᠬᠢᠭᠤᠯᠬᠤ ᠬᠡᠷᠡᠭᠲᠡᠢ ︾ ᠭᠡᠬᠦ ᠴᠢᠬᠤᠯᠠ ᠱᠠᠭᠠᠷᠳᠠᠯᠭ᠎ᠠ ᠶᠢ ᠨᠠᠷᠢᠨ | ᠬᠢᠨᠠᠮᠠᠭᠠᠢ ᠨᠠᠶᠢᠳᠠᠪᠤᠷᠢᠵᠢᠭᠤᠯᠵᠤ ᠂ ᠠᠷᠭ᠎ᠠ ᠪᠦᠭᠦᠨ ᠢ ᠰᠦᠪᠡᠭᠴᠢᠯᠡᠨ ᠡᠯ᠎ᠡ ᠲᠠᠯ᠎ᠠ ᠶᠢᠨ ᠠᠵᠢᠯ ᠬᠢᠵᠦ ᠦᠢᠯᠡᠰ ᠪᠣᠰᠬᠠᠬᠤ ᠢᠳᠡᠪᠬᠢᠵᠢᠯ ᠢ ᠲᠠᠶᠢᠴᠢᠯᠠᠵᠦ ᠂ ᠬᠥᠮᠥᠨ | ᠪᠦᠭᠦᠨ ᠢ ᠵᠣᠷᠢᠭᠵᠢᠭᠤᠯᠵᠤ ᠠᠵᠢᠯ ᠬᠢᠬᠦ ᠳᠤᠷᠠᠲᠠᠢ ᠂ ᠪᠤᠰᠤᠳ ᠢ ᠬᠠᠪᠰᠤᠷᠤᠨ ᠠᠵᠢᠯ ᠶᠠᠪᠤᠳᠠᠯ ᠪᠦᠲᠦᠭᠡᠬᠦ ᠳᠤᠷᠠᠲᠠᠢ ᠪᠤᠯᠭᠠᠵᠤ ᠂ ᠥᠷᠭᠡᠨ ᠤᠯᠠᠨ ᠨᠠᠮ ᠤᠨ | ᠭᠡᠰᠢᠭᠦᠨ ᠺᠠᠳ᠋ᠷᠴᠤᠳ ᠤᠨ ᠡᠭᠦᠷᠭᠡ ᠲᠤᠰᠢᠶᠠᠯ ᠢᠶᠠᠨ ᠭᠦᠢᠴᠡᠳᠬᠡᠬᠦ ᠂ ᠬᠠᠷᠢᠭᠤᠴᠠᠯᠭ᠎ᠠ ᠡᠭᠦᠷᠭᠡᠯᠡᠨ ᠠᠵᠢᠯ ᠶᠠᠪᠤᠳᠠᠯ ᠬᠢᠬᠦ ᠶᠢ ᠠᠬᠢᠭᠤᠯᠵᠤ ᠂ ᠡᠯ᠎ᠡ ᠲᠦᠷᠦᠯ ᠤᠨ | ᠠᠵᠤ ᠠᠬᠤᠶᠢᠯᠠᠯ ᠤᠨ ᠬᠢᠨ ᠭᠤᠣᠯ ᠠᠵᠢᠯ ᠳᠠᠭᠠᠨ ᠠᠩᠬᠠᠷᠤᠯ ᠢᠶᠠᠨ ᠲᠥᠪᠯᠡᠷᠡᠭᠦᠯᠵᠦ ᠂ ᠳᠣᠲᠣᠷ ᠲᠠᠮᠢᠷ ᠢᠶᠠᠨ ᠪᠤᠯᠪᠠᠰᠤᠷᠠᠭᠤᠯᠵᠤ ᠂ ᠨᠡᠩ ᠶᠡᠭᠡ ᠬᠥᠭᠵᠢᠯᠲᠡ ᠶᠢ | ᠴᠢᠷᠮᠠᠶᠢᠨ ᠪᠡᠶᠡᠯᠡᠭᠦᠯᠵᠦ ᠂ ᠦᠨᠳᠦᠰᠦᠨ ᠱᠠᠲᠤᠨ ᠤ ᠨᠢᠭᠡᠴᠢ ᠶᠢᠨ ᠬᠢᠨ ᠴᠢᠷᠮᠠᠶᠢᠨ ᠠᠵᠢᠯᠯᠠᠵᠤ ᠂ ᠲᠡᠷᠢᠭᠦᠨ ᠤ ᠬᠢ ᠪᠤᠯᠬᠤ ᠪᠠᠷ ᠴᠢᠷᠮᠠᠶᠢᠬᠤ ᠰᠠᠶᠢᠨ ᠰᠠᠶᠢᠬᠠᠨ ᠬᠡᠪ | ᠰᠤᠷᠲᠠᠯ ᠢ ᠪᠤᠢ ᠪᠤᠯᠭᠠᠬᠤ ᠬᠡᠷᠡᠭᠲᠡᠢ ᠃ ᠡᠯ᠎ᠡ ᠱᠠᠲᠤᠨ ᠤ ᠨᠠᠮ ᠤᠨ ᠬᠤᠷᠢᠶ᠎ᠠ ᠪᠣᠯᠣᠨ ᠵᠠᠰᠠᠭ ᠤᠨ ᠣᠷᠳᠣᠨ ᠲᠠᠯᠪᠢᠬᠤ ᠶᠣᠰᠣᠲᠠᠢ ᠠᠵᠢᠯ ᠤᠨ ᠡᠷᠬᠡ ᠪᠠᠨ ᠲᠠᠯᠪᠢᠵᠤ ᠂ | ᠬᠠᠩᠭᠠᠬᠤ ᠶᠣᠰᠣᠲᠠᠢ ᠦᠢᠯᠡᠴᠢᠯᠡᠭᠡ ᠶᠢ ᠰᠠᠶᠢᠲᠤᠷ ᠬᠠᠩᠭᠠᠬᠤ ᠶᠢ ᠠᠬᠢᠭᠤᠯᠵᠤ ᠂ ᠦᠨᠳᠦᠰᠦᠨ ᠱᠠᠲᠤ ᠪᠣᠯᠣᠨ ᠠᠵᠤ ᠠᠬᠤᠶᠢᠯᠠᠯ ᠤᠨ ᠵᠣᠷᠢᠭᠲᠠᠢ ᠪᠠᠷ ᠠᠵᠢᠯ | ᠶᠠᠪᠤᠳᠠᠯ ᠬᠢᠬᠦ ᠳᠤ ᠨᠥᠬᠦᠴᠡᠯ ᠪᠦᠷᠢᠯᠳᠦᠭᠦᠯᠦᠨ ᠳᠡᠮᠵᠢᠯᠭᠡ ᠦᠵᠡᠭᠦᠯᠵᠦ ᠂ ᠪᠦᠭᠦ ᠣᠷᠣᠨ ᠳᠤ ᠠᠵᠢᠯ ᠶᠠᠪᠤᠳᠠᠯ ᠬᠢᠬᠦ ᠨᠢ ᠢᠷᠠᠭᠤ ᠠᠯᠳᠠᠷᠲᠠᠢ ᠂ ᠠᠵᠢᠯ ᠶᠠᠪᠤᠳᠠᠯ | ᠥᠯᠥ ᠬᠢᠬᠦ ᠨᠢ ᠢᠴᠢᠭᠦᠷᠢᠲᠡᠢ ᠪᠠᠶᠢᠬᠤ ᠠᠭᠤᠷ ᠠᠮᠢᠰᠬᠤᠯ ᠢ ᠪᠤᠶ ᠪᠤᠯᠭᠠᠵᠤ ᠂ ᠬᠥᠮᠥᠨ ᠪᠦᠭᠦᠨ ᠠᠵᠢᠯ ᠬᠢᠵᠦ ᠦᠢᠯᠡᠰ ᠪᠣᠰᠬᠠᠬᠤ ᠂ ᠭᠡᠷ ᠪᠦᠯᠢ ᠪᠣᠯᠭᠠᠨ ᠰᠠᠬᠢᠨ | ᠪᠡᠷᠡᠯᠡᠵᠦ ᠬᠠᠷᠢᠯᠴᠠᠨ ᠬᠠᠪᠰᠤᠷᠤᠯᠴᠠᠬᠤ ᠂ ᠣᠯᠠᠨ ᠢᠶᠠᠷ ᠢᠶᠠᠨ ᠬᠠᠮᠲᠤ ᠠᠵᠢᠯᠯᠠᠵᠤ ᠬᠠᠮᠲᠤ ᠬᠢᠵᠦ ᠬᠠᠮᠲᠤ ᠪᠠᠷ ᠠᠮᠵᠢᠯᠲᠠ ᠪᠦᠲᠦᠮᠵᠢ ᠶᠢ ᠡᠳ᠋ᠯᠡᠬᠦ ᠪᠠᠶᠢᠳᠠᠯ ᠢ | ᠪᠦᠷᠢᠯᠳᠦᠭᠦᠯᠦᠨ᠎ᠡ ᠃ | ︵ ᠤᠭ ᠵᠣᠬᠢᠶᠠᠯ 2024 ᠣᠨ ᠤ 9 ᠰᠠᠷ᠎ᠠ ᠶᠢᠨ 9 ᠤ ᠡᠳᠦᠷ ᠤᠨ ︽ ᠰᠤᠷᠤᠯᠴᠠᠯᠭ᠎ᠠ ᠶᠢᠨ ᠴᠠᠭ ᠰᠣᠨᠢᠨ ︾ ᠳᠤ ᠨᠡᠶᠢᠲᠡᠯᠡᠭᠳᠡᠵᠡᠢ ︶ | | |