ᠬᠡᠦᠬᠡᠳ ᠤᠨ ᠶᠠᠰᠤᠨ ᠤ ᠨᠢᠭᠲᠠᠴᠠ ᠳᠣᠣᠷ᠎ᠠ ᠪᠠᠶᠢᠬᠤ ᠨᠢ ᠺᠠᠯᠼ ᠳᠤᠲᠠᠭᠳᠠᠬᠰᠠᠨ ᠢ ᠬᠠᠷᠠᠭᠤᠯᠵᠤ ᠪᠠᠶᠢᠨ᠎ᠠ ᠦᠦ︖
ᠨᠡᠶᠢᠲᠡᠯᠡᠭᠰᠡᠨ ᠴᠠᠭ᠄
2024/8/9
    ᠶᠠᠰᠤᠨ ᠤ ᠨᠢᠭᠲᠠᠴᠠ ᠨᠢ ᠦᠨᠡᠬᠡᠷ ᠠᠷᠤᠭ ᠶᠠᠰᠤᠨ ᠤ ᠳᠣᠲᠣᠷᠠᠬᠢ ᠺᠠᠯᠼ ᠤᠨ ᠲᠤᠨᠤᠯᠲᠠ ᠶᠢᠨ ᠬᠡᠮᠵᠢᠶ᠎ᠡ ᠶᠢ ᠲᠥᠯᠥᠭᠡᠯᠡᠵᠦ ᠪᠠᠶᠢᠳᠠᠭ ᠂ ᠭᠡᠪᠡᠴᠦ ᠬᠡᠦᠬᠡᠳ ᠪᠣᠯᠤᠨ ᠨᠠᠰᠤᠨ ᠳᠤ ᠬᠦᠷᠦᠭᠰᠡᠳ ᠤᠨ ᠶᠠᠰᠤᠨ ᠤ ᠨᠢᠭᠲᠠᠴᠠ ᠳᠣᠣᠷ᠎ᠠ ᠪᠠᠶᠢᠬᠤ ᠶᠢᠨ ᠤᠬᠠᠭᠳᠠᠬᠤᠨ ᠨᠢ ᠪᠦᠷᠢᠮᠦᠰᠦᠨ ᠠᠳᠠᠯᠢ ᠦᠭᠡᠢ ᠶᠤᠮ ᠃ ᠨᠠᠰᠤᠨ ᠳᠤ ᠬᠦᠷᠦᠭᠰᠡᠳ ᠲᠤ ᠠᠪᠴᠤ ᠬᠡᠯᠡᠪᠡᠯ ᠂ ᠶᠠᠰᠤᠨ ᠤ ᠨᠢᠭᠲᠠᠴᠠ ᠳᠤᠤᠷ᠎ᠠ ᠪᠠᠶᠢᠬᠤ ᠪᠣᠯ ᠺᠠᠯᠼ ᠳᠤᠲᠠᠭᠳᠠᠬᠰᠠᠨ ᠪᠠᠶᠢᠵᠤ ᠮᠡᠳᠡᠨ᠎ᠡ ᠂ ᠭᠡᠪᠡᠴᠦ ᠵᠤᠬᠰᠤᠰᠢ ᠥᠬᠡᠶ ᠦᠰᠦᠨ ᠪᠤᠶᠢᠵᠢᠵᠤ ᠪᠠᠶᠢᠭ᠎ᠠ ᠬᠡᠦᠬᠡᠳ ᠲᠤ ᠠᠪᠴᠤ ᠬᠡᠯᠡᠪᠡᠯ ᠂ ᠶᠠᠰᠤᠨ ᠤ ᠨᠢᠭᠲᠠᠴᠠ ᠳᠤᠤᠷ᠎ᠠ ᠪᠣᠯ ᠺᠠᠯᠼ ᠳᠤᠲᠠᠭᠳᠠᠬᠰᠠᠨ ᠤ ᠢᠯᠡᠷᠡᠯ ᠪᠢᠰᠢ ᠶᠤᠮ ᠂ ᠲᠡᠷᠡ ᠨᠢ ᠬᠠᠷᠢᠨ ᠬᠡᠦᠬᠡᠳ ᠤᠨ ᠥᠰᠥᠯᠲᠡ ᠰᠠᠶᠢᠨ ᠪᠠᠶᠢᠬᠤ ᠶᠢᠨ ᠪᠡᠯᠭᠡ ᠲᠡᠮᠳᠡᠭ ᠪᠠᠶᠢᠵᠤ ᠮᠡᠳᠡᠨ᠎ᠡ ᠃  
ᠢᠷᠡᠯᠲᠡ᠄ ᠠᠷᠠᠳ ᠤᠨ ᠮᠣᠩᠭᠤᠯ ᠰᠦᠯᠵᠢᠶ᠎ᠡ