| ᠰᠦ ᠶᠢᠨ ᠲᠥᠷᠥᠯ ᠪᠣᠯ ᠨᠢᠭᠡ ᠵᠦᠢᠯ ᠤᠨ ᠰᠢᠮ᠎ᠡ ᠲᠡᠵᠢᠭᠡᠯ ᠤᠨ ᠪᠦᠷᠢᠯᠳᠦᠬᠦᠨ ᠢᠶᠠᠷ ᠪᠦᠷᠢᠨ ᠭᠦᠢᠴᠡᠳ ᠂ ᠪᠦᠷᠢᠯᠳᠦᠬᠦᠨ ᠤ ᠬᠠᠷᠢᠴᠠᠯ ᠨᠢ ᠲᠣᠬᠢᠷᠠᠮᠵᠢᠲᠠᠶ ᠂ | ᠰᠢᠩᠭᠡᠭᠡᠬᠦ ᠳᠤ ᠬᠢᠯᠪᠠᠷ ᠂ ᠰᠢᠮ᠎ᠡ ᠲᠡᠵᠢᠭᠡᠯ ᠤᠨ ᠥᠷᠲᠡᠭ ᠢᠶᠠᠷ ᠥᠨᠳᠥᠷ ᠪᠠᠶᠢᠭᠠᠯᠢ ᠶᠢᠨ ᠢᠳᠡᠭᠡᠨ ᠪᠣᠯᠤᠨ᠎ᠠ ᠂ ᠡᠭᠦᠨ ᠳᠤ ᠰᠢᠯᠢᠳᠡᠭ ᠤᠭᠤᠷᠠᠭ ᠂ ᠺᠠᠯᠼ ᠂ ᠮᠠᠭᠨᠢ ᠂ | ᠺᠠᠯᠢ ᠂ ᠴᠠᠶᠢᠷ ᠂ ᠰᠧᠯᠧᠨ ᠵᠢᠴᠢ ᠸᠢᠲ᠋ᠠᠮᠢᠨ B 2 ᠵᠡᠷᠭᠡ ᠰᠢᠮ᠎ᠡ ᠲᠡᠵᠢᠭᠡᠯ ᠤᠨ ᠡᠳ᠋ ᠡᠯᠪᠡᠭ ᠠᠭᠤᠯᠤᠭᠳᠠᠵᠤ ᠪᠠᠶᠢᠳᠠᠭ ᠃ ᠰᠦ ᠶᠢᠨ ᠲᠥᠷᠥᠯ ᠤᠨ ᠤᠭᠤᠷᠠᠭ ᠲᠤ | ᠠᠭᠤᠯᠤᠭᠳᠠᠬᠤ ᠵᠠᠪᠠᠯ ᠬᠡᠷᠡᠭᠰᠡᠬᠦ ᠰᠢᠪᠲᠦᠷᠲᠦ ᠬᠦᠴᠢᠯ ᠤᠨ ᠬᠠᠷᠢᠴᠠᠯ ᠨᠢ ᠬᠥᠮᠦᠨ ᠤ ᠪᠡᠶ᠎ᠡ ᠶᠢᠨ ᠬᠡᠷᠡᠭᠴᠡᠭᠡ ᠳᠤ ᠨᠡᠶᠢᠴᠡᠬᠦ ᠪᠦᠭᠡᠳ ᠲᠡᠭᠦᠨ ᠤ ᠳᠣᠲᠣᠷᠠᠬᠢ ᠹᠣᠰᠹᠣᠷ | ᠬᠦᠴᠢᠯ ᠤᠨ ᠺᠠᠯᠼ ᠨᠢ ᠰᠢᠩᠭᠡᠭᠡᠬᠦ ᠳᠤ ᠠᠮᠠᠷᠬᠠᠨ ᠨᠢᠭᠡᠨ ᠢᠳᠡᠭᠡᠨ ᠤ ᠺᠠᠯᠼ ᠤᠨ ᠰᠠᠶᠢᠨ ᠢᠷᠡᠯᠲᠡ ᠪᠣᠯᠤᠨ᠎ᠠ ᠃ ᠡᠭᠦᠨ ᠠᠴᠠ ᠭᠠᠳᠠᠨ᠎ᠠ ᠂ ᠰᠦᠨ ᠤ ᠳᠣᠲᠣᠷᠠᠬᠢ | ᠰᠦᠨ ᠲᠡᠮᠦᠷ ᠤᠨ ᠤᠭᠤᠷᠠᠭ ᠂ ᠡᠭᠡᠯᠢᠯᠡᠭᠡ ᠶᠢᠨ ᠪᠥᠮᠪᠥᠭᠡᠨ ᠤᠭᠤᠷᠠᠭ ᠵᠡᠷᠭᠡ ᠢᠳᠡᠪᠬᠢ ᠪᠣᠳᠠᠰ ᠨᠢ ᠭᠡᠳᠡᠰᠦᠨ ᠤ ᠡᠷᠡᠭᠦᠯ ᠮᠡᠨᠳᠦ ᠶᠢ ᠰᠠᠶᠢᠵᠢᠷᠠᠭᠤᠯᠵᠤ ᠂ ᠪᠡᠶ᠎ᠡ | ᠮᠠᠬᠠᠪᠣᠳ ᠤᠨ ᠡᠭᠡᠯᠢᠯᠡᠭᠡ ᠶᠢᠨ ᠴᠢᠳᠠᠯ ᠢ ᠨᠡᠮᠡᠭᠳᠡᠭᠦᠯᠬᠦ ᠵᠡᠷᠭᠡ ᠦᠢᠯᠡᠳᠦᠯ ᠲᠠᠢ ᠶᠤᠮ ᠃ ᠡᠳᠦᠷ ᠪᠦᠷᠢ 300 ᠭᠷᠠᠮ ᠰᠦ ᠤᠤᠭᠤᠬᠤ ᠪᠤᠶᠤ ᠵᠣᠬᠢᠬᠤ ᠬᠡᠮᠵᠢᠶᠡᠨ ᠤ | ᠴᠠᠭᠠᠨ ᠢᠳᠡᠭᠡ ᠢᠳᠡᠭᠡᠷᠡᠢ ᠭᠡᠵᠦ ᠰᠠᠨᠠᠭᠤᠯᠤᠶ᠎ᠠ ᠃ ᠴᠢᠰᠤᠨ ᠤ ᠥᠭᠡᠬᠦ ᠥᠨᠳᠥᠷ ᠪᠠ ᠬᠡᠲᠦ ᠮᠠᠷᠢᠶ᠎ᠠ ᠲᠠᠢ ᠬᠥᠮᠦᠰ ᠲᠤᠰᠤ ᠪᠠᠭᠠᠳᠠᠢ ᠰᠦ ᠂ ᠲᠣᠰᠣ ᠶᠢ ᠠᠪᠤᠬᠰᠠᠨ | ᠰᠦ ᠵᠢᠴᠢ ᠪᠦᠲᠦᠭᠡᠭᠳᠡᠬᠦᠨ ᠢ ᠨᠢ ᠰᠣᠩᠭᠤᠪᠠᠯ ᠵᠣᠬᠢᠨ᠎ᠠ ᠃ ᠰᠦᠨ ᠰᠢᠬᠢᠷ ᠢ ᠳᠠᠭᠠᠭᠠᠬᠤ ᠦᠭᠡᠢ ᠬᠥᠮᠦᠰ ᠡᠭᠡᠳᠡᠭᠰᠡᠨ ᠰᠦ ᠂ ᠪᠢᠰᠢᠯᠠᠭ ᠪᠤᠶᠤ ᠪᠤᠰᠤᠳ ᠰᠦᠨ | ᠰᠢᠬᠢᠷ ᠪᠠᠭᠠᠳᠠᠢ ᠪᠦᠲᠦᠭᠡᠭᠳᠡᠬᠦᠨ ᠢ ᠰᠣᠩᠭᠤᠵᠤ ᠪᠤᠯᠬᠤ ᠪᠦᠭᠡᠳ ᠪᠠᠰᠠ ᠪᠠᠭ᠎ᠠ ᠬᠡᠮᠵᠢᠶ᠎ᠡ ᠪᠠᠷ ᠣᠯᠠᠨ ᠤᠳᠠᠭ᠎ᠠ ᠲᠤᠷᠰᠢᠵᠤ ᠪᠣᠯᠤᠨ᠎ᠠ ᠂ ᠥᠯᠥᠨ ᠢᠶᠠᠷ ᠰᠦ | ᠤᠤᠭᠤᠬᠤ ᠪᠤᠯ ᠰᠠᠶᠢᠨ ᠃ | |