| ᠲᠦᠪᠡᠳ ᠬᠠᠰᠢ ᠶᠢᠨ ᠤᠷᠭᠤᠯᠳᠠ ᠂ ᠲᠠᠸᠠᠷ ᠤᠨ ᠵᠢᠮᠢᠰ ᠵᠢᠴᠢ ᠦᠷ᠎ᠡ ᠶᠢᠨ ᠪᠤᠶᠢᠵᠢᠯᠳᠠ ᠵᠡᠷᠭᠡ ᠨᠢ ᠰᠤᠷᠲ ᠤᠨ ᠲᠤᠰ ᠪᠡᠶ᠎ᠠ ᠶᠢᠨ ᠬᠢᠨᠢ ᠤᠳᠤᠮᠯᠠᠯ ᠤᠨ ᠰᠢᠨᠵᠢ | ᠴᠢᠨᠠᠷ ᠢᠶᠠᠷ ᠲᠤᠠᠠᠳᠠᠭᠠᠳᠠᠬᠤ ᠪᠠᠷ ᠪᠠᠷᠠᠬᠤ ᠦᠭᠡᠢ ᠪᠠᠰᠠ ᠭᠠᠳᠠᠭᠠᠳᠤ ᠤᠷᠴᠢᠨ ᠤ ᠨᠦᠯᠦᠭᠡᠯᠡᠯ ᠢ ᠬᠦᠷᠳᠡᠳᠡᠭ ᠃ ᠲᠦᠪᠡᠳ ᠬᠠᠰᠢ ᠨᠢ ᠶᠡᠷᠦ ᠳᠡᠭᠡᠨ ᠲᠤᠯᠠᠭᠠᠨ ᠂ | ᠭᠡᠷᠡᠯᠰᠡᠭ ᠂ ᠦᠩ ᠰᠢᠮᠡᠯᠢᠭ ᠬᠦᠷᠦᠰᠤ ᠂ ᠬᠠᠭᠠᠰ ᠭᠠᠩᠳᠠᠮᠠᠯ ᠤᠷᠴᠢᠨ ᠲᠤᠭᠤᠷᠢᠨ ᠳᠤ ᠲᠤᠬᠢᠷᠠᠬᠤ ᠤᠷᠭᠤᠮᠠᠯ ᠤᠨ ᠤᠨᠴᠠᠯᠢᠭ ᠲᠠᠢ ᠪᠠᠶᠢᠳᠠᠭ ᠃ | 1. ᠲᠤᠯᠠᠭᠠᠨ ᠤ ᠬᠡᠮᠵᠢᠶ᠎ᠡ | ᠲᠦᠪᠡᠳ ᠬᠠᠰᠢ ᠪᠤᠯ ᠲᠤᠯᠠᠭᠠᠨᠨᠰᠠᠭ ᠢᠳᠡᠰᠢᠨ ᠨᠤᠭᠤᠭ᠎ᠠ ᠶᠢᠨ ᠲᠦᠷᠦᠯ ᠳᠤ ᠪᠠᠭᠳᠠᠨ᠎ᠠ ᠂ ᠰᠠᠭᠤᠷᠢ ᠤᠷᠭᠤᠮᠠᠯ ᠤᠨ ᠦᠰᠤᠯᠳᠡ ᠪᠤᠶᠢᠵᠢᠯᠳᠠ ᠳᠤ ᠲᠤᠬᠢᠷᠠᠬᠤ | ᠲᠤᠯᠠᠭᠠᠨ ᠤ ᠬᠡᠮᠵᠢᠶ᠎ᠡ ᠶᠢ ᠡᠳᠤᠷ 20〜25 ᠼᠧᠯᠰᠢ ᠭᠷᠠᠳᠦᠰ ᠂ ᠰᠦᠨᠢ 18 ᠼᠧᠯᠰᠢ ᠭᠷᠠᠳᠦᠰ ᠪᠠᠶᠢᠯᠭᠠᠵᠦ ᠂ 10 ᠼᠧᠯᠰᠢ ᠭᠷᠠᠳᠦᠰ ᠠᠴᠠ ᠲᠤᠷᠤᠠᠠᠰᠢᠯᠠᠵᠦ ᠂ | 40 ᠼᠧᠯᠰᠢ ᠭᠷᠠᠳᠦᠰ ᠠᠴᠠ ᠲᠡᠭᠡᠭᠰᠢᠯᠡᠪᠡᠯ ᠤᠷᠭᠤᠯᠳᠠ ᠨᠢ ᠵᠤᠠᠠᠰᠤᠩᠭᠤᠶᠢᠷᠠᠳᠠᠭ ᠃ ᠲᠦᠪᠡᠳ ᠬᠠᠰᠢ ᠤᠷᠳᠤ ᠬᠤᠭᠤᠴᠠᠭ᠎ᠠ ᠪᠠᠷ 5 ᠠᠴᠠ ᠲᠤᠷᠤᠠᠠᠰᠢ ᠨᠦᠭᠦᠴᠡᠯ | ᠲᠤᠤᠷ᠎ᠠ ᠬᠢᠯᠪᠠᠷ ᠬᠦᠯᠳᠡᠬᠦ ᠪᠦᠬᠡᠳ 0 ᠼᠧᠯᠰᠢ ᠭᠷᠠᠳᠦᠰ ᠠᠴᠠ ᠲᠤᠷᠤᠠᠠᠰᠢ ᠂ -1〜-20 ᠼᠧᠯᠰᠢ ᠭᠷᠠᠳᠦᠰ ᠲᠤ ᠬᠦᠯᠳᠡᠵᠦ ᠦᠬᠦᠨ᠎ᠡ ᠃ ᠲᠤᠯᠠᠭᠠᠨ ᠤ | ᠬᠡᠮᠵᠢᠶ᠎ᠡ ᠨᠢ 30 ᠼᠧᠯᠰᠢ ᠭᠷᠠᠳᠦᠰ ᠪᠤᠯᠪᠠᠯ ᠭᠡᠷᠡᠯ ᠨᠡᠶᠢᠯᠡᠯᠭᠡ ᠨᠢ ᠮᠠᠭᠤᠳᠠᠵᠦ ᠂ 35 ᠼᠧᠯᠰᠢ ᠭᠷᠠᠳᠦᠰ ᠠᠴᠠ ᠲᠡᠭᠡᠭᠰᠢᠯᠡᠬᠦ ᠪᠤᠶᠤ 15 ᠼᠧᠯᠰᠢ ᠭᠷᠠᠳᠦᠰ ᠠᠴᠠ | ᠲᠤᠷᠤᠠᠠᠰᠢᠯᠠᠪᠠᠯ ᠲᠤᠭᠤᠰᠤ ᠬᠦᠷᠳᠡᠬᠦ ᠶᠢ ᠨᠦᠯᠦᠭᠡᠯᠡᠵᠦ ᠂ ᠴᠡᠴᠡᠭ ᠵᠢᠮᠢᠰ ᠨᠢ ᠬᠢᠯᠪᠠᠷ ᠵᠤᠯᠭᠠᠷᠠᠵᠦ ᠤᠨᠠᠳᠠᠭ ᠃ ᠡᠳᠤᠷ ᠰᠦᠨᠢ ᠶᠢᠨ ᠲᠤᠯᠠᠭᠠᠨ ᠤ ᠬᠡᠮᠵᠢᠶ᠎ᠡ ᠶᠢᠨ | ᠵᠦᠷᠢᠶ᠎ᠡ ᠶᠢ 5〜10 ᠼᠧᠯᠰᠢ ᠭᠷᠠᠳᠦᠰ ᠢᠶᠠᠷ ᠬᠢᠵᠠᠭᠠᠷᠯᠠᠪᠠᠯ ᠰᠠᠶᠢᠨ ᠃ ᠦᠷ᠎ᠡ ᠰᠤᠶᠤᠭᠠᠯᠠᠬᠤ ᠬᠠᠮᠤᠭ ᠲᠤᠤᠷ᠎ᠠ ᠲᠤᠯᠠᠭᠠᠨ ᠤ ᠬᠡᠮᠵᠢᠶ᠎ᠡ ᠨᠢ 12 ᠼᠧᠯᠰᠢ ᠭᠷᠠᠳᠦᠰ ᠂ | ᠬᠠᠮᠤᠭ ᠦᠨᠳᠤᠷ ᠲᠤᠯᠠᠭᠠᠨ ᠤ ᠬᠡᠮᠵᠢᠶ᠎ᠡ ᠨᠢ 40 ᠼᠧᠯᠰᠢ ᠭᠷᠠᠳᠦᠰ ᠂ ᠬᠠᠮᠤᠭ ᠲᠤᠬᠢᠷᠠᠮᠵᠢᠳᠠᠢ ᠲᠤᠯᠠᠭᠠᠨ ᠤ ᠬᠡᠮᠵᠢᠶ᠎ᠡ ᠨᠢ 25〜30 ᠼᠧᠯᠰᠢ ᠭᠷᠠᠳᠦᠰ ᠃ | ᠨᠢᠯᠬ᠎ᠠ ᠴᠢᠬᠢ ᠶᠢᠨ ᠬᠤᠭᠤᠴᠠᠭᠠᠨ ᠳᠤ ᠲᠤᠯᠠᠭᠠᠨ ᠤ ᠬᠡᠮᠵᠢᠶ᠎ᠡ ᠶᠢ ᠡᠳᠤᠷ 20〜25 ᠼᠧᠯᠰᠢ ᠭᠷᠠᠳᠦᠰ ᠂ ᠰᠦᠨᠢ 10〜15 ᠼᠧᠯᠰᠢ ᠭᠷᠠᠳᠦᠰ ᠪᠠᠶᠢᠯᠭᠠᠪᠠᠯ | ᠬᠠᠮᠤᠭ ᠲᠤᠬᠢᠷᠠᠮᠵᠢᠳᠠᠢ ᠪᠠᠶᠢᠳᠠᠭ ᠃ ᠨᠢᠯᠬ᠎ᠠ ᠴᠢᠬᠢ ᠨᠡᠯᠢᠶᠡᠳ ᠤᠷᠳᠤ ᠬᠤᠭᠤᠴᠠᠭ᠎ᠠ 6〜7 ᠼᠧᠯᠰᠢ ᠭᠷᠠᠳᠦᠰ ᠤᠨ ᠲᠤᠯᠠᠭᠠᠨ ᠂ ᠴᠢᠨ᠋ᠬᠠᠰᠢᠯᠠᠭᠠᠳ ᠤᠬᠤᠷ | ᠬᠤᠭᠤᠴᠠᠭᠠᠨ ᠳᠤ 0〜-3 ᠼᠧᠯᠰᠢ ᠭᠷᠠᠳᠦᠰ ᠤᠨ ᠲᠤᠯᠠᠭᠠᠨ ᠢ ᠲᠡᠰᠪᠦᠷᠢᠯᠡᠵᠦ ᠲᠡᠶᠢᠯᠳᠡᠭ ᠃ ᠴᠡᠴᠡᠭᠯᠡᠬᠦ ᠬᠤᠭᠤᠴᠠᠭᠠᠨ ᠳᠤ ᠲᠤᠯᠠᠭᠠᠨ ᠤ ᠬᠡᠮᠵᠢᠶ᠎ᠡ ᠲᠤᠬᠢᠷᠠᠮᠵᠢᠳᠠᠢ | ᠪᠠᠶᠢᠬᠤ ᠶᠢ ᠴᠢᠩᠭ᠎ᠠ ᠱᠠᠭᠠᠷᠳᠠᠨ᠎ᠠ ᠂ ᠲᠤᠯᠠᠭᠠᠨ ᠤ ᠬᠡᠮᠵᠢᠶ᠎ᠡ ᠶᠢ ᠡᠳᠤᠷ 20〜30 ᠼᠧᠯᠰᠢ ᠭᠷᠠᠳᠦᠰ ᠂ ᠰᠦᠨᠢ 10〜15 ᠼᠧᠯᠰᠢ ᠭᠷᠠᠳᠦᠰ ᠪᠠᠶᠢᠯᠭᠠᠨ᠎ᠠ ᠃ | 35 ᠠᠴᠠ ᠲᠡᠭᠡᠭᠰᠢᠯᠡᠬᠦ ᠪᠤᠶᠤ 15 ᠼᠧᠯᠰᠢ ᠭᠷᠠᠳᠦᠰ ᠠᠴᠠ ᠲᠤᠷᠤᠠᠠᠰᠢᠯᠠᠪᠠᠯ ᠴᠡᠴᠡᠭ ᠤᠨ ᠡᠷᠭᠡᠳᠡᠨ ᠤ ᠡᠷᠡᠭᠦᠯ ᠪᠤᠶᠢᠵᠢᠯᠳᠠ ᠪᠠ ᠴᠡᠴᠡᠭᠯᠡᠯᠳᠡ ᠶᠢ ᠨᠦᠯᠦᠭᠡᠯᠡᠳᠡᠭ ᠃ | ᠵᠢᠮᠢᠰᠯᠡᠬᠦ ᠬᠤᠭᠤᠴᠠᠭᠠᠨ ᠳᠤ ᠲᠤᠯᠠᠭᠠᠨ ᠤ ᠬᠡᠮᠵᠢᠶ᠎ᠡ ᠶᠢ ᠡᠳᠤᠷ 25〜28 ᠼᠧᠯᠰᠢ ᠭᠷᠠᠳᠦᠰ ᠂ ᠰᠦᠨᠢ 16〜20 ᠼᠧᠯᠰᠢ ᠭᠷᠠᠳᠦᠰ ᠪᠠᠶᠢᠯᠭᠠᠬᠤ ᠬᠡᠷᠡᠭᠳᠡᠢ ᠃ | ᠡᠳᠤᠷ ᠰᠦᠨᠢ ᠶᠢᠨ ᠲᠤᠯᠠᠭᠠᠨ ᠤ ᠵᠦᠷᠢᠶ᠎ᠡ ᠨᠢ ᠬᠡᠪ ᠤᠨ ᠪᠠᠶᠢᠳᠠᠯ ᠢᠶᠠᠨ ᠠᠯᠳᠠᠪᠠᠯ ᠂ ᠲᠦᠪᠡᠳ ᠬᠠᠰᠢ ᠶᠢᠨ ᠦᠰᠤᠯᠳᠡ ᠪᠠ ᠵᠢᠮᠢᠰᠯᠡᠬᠦ ᠶᠢ ᠨᠦᠯᠦᠭᠡᠯᠡᠨ᠎ᠡ ᠃ | ᠲᠦᠪᠡᠳ ᠬᠠᠰᠢ ᠶᠢᠨ ᠦᠨᠳᠤᠰᠤᠨ ᠰᠢᠰᠲᠤᠮ ᠨᠢ 20〜22 ᠼᠧᠯᠰᠢ ᠭᠷᠠᠳᠦᠰ ᠲᠤ ᠬᠠᠮᠤᠭ ᠰᠠᠶᠢᠨ ᠤᠷᠭᠤᠳᠠᠭ ᠃ 15 ᠼᠧᠯᠰᠢ ᠭᠷᠠᠳᠦᠰ ᠪᠤᠯᠪᠠᠯ ᠦᠨᠳᠤᠰᠤᠨ | ᠰᠢᠰᠲᠤᠮ ᠤᠨ ᠤᠰᠤ ᠪᠠ ᠲᠡᠵᠢᠭᠡᠯ ᠤᠨ ᠴᠢᠳᠠᠪᠦᠷᠢ ᠶᠢ ᠨᠦᠯᠦᠭᠡᠯᠡᠨ᠎ᠡ ᠃ 9〜10 ᠼᠧᠯᠰᠢ ᠭᠷᠠᠳᠦᠰ ᠤᠨ ᠦᠶᠡᠰ ᠦᠨᠳᠤᠰᠤᠨ ᠰᠢᠰᠲᠤᠮ ᠤᠨ ᠤᠷᠭᠤᠯᠳᠠ ᠨᠢ | ᠵᠤᠠᠠᠰᠤᠩᠭᠤᠶᠢᠷᠠᠳᠠᠭ ᠃ | 2. ᠭᠡᠷᠡᠯ | ᠲᠦᠪᠡᠳ ᠬᠠᠰᠢ ᠪᠤᠯ ᠭᠡᠷᠡᠯᠰᠡᠭ ᠤᠷᠭᠤᠮᠠᠯ ᠳᠤ ᠪᠠᠭᠳᠠᠳᠠᠭ ᠃ ᠭᠡᠷᠡᠯ ᠤᠨ ᠲᠤᠰᠤᠯᠳᠠ ᠨᠢ ᠲᠦᠪᠡᠳ ᠬᠠᠰᠢ ᠶᠢᠨ ᠦᠰᠦᠯᠳᠡ ᠶᠢ ᠨᠦᠯᠦᠭᠡᠯᠡᠳᠡᠭ ᠃ ᠨᠢᠯᠬ᠎ᠠ | ᠴᠢᠬᠢ ᠶᠢᠨ ᠬᠤᠭᠤᠴᠠᠭᠠᠨ ᠳᠤ ᠭᠡᠷᠡᠯ ᠤᠨ ᠲᠤᠰᠤᠯᠳᠠ ᠨᠢ ᠮᠠᠭᠤ ᠪᠤᠯ ᠲᠠᠷᠢᠶᠠᠨ ᠴᠢᠬᠢ ᠶᠢᠨ ᠦᠶ᠎ᠡ ᠶᠢᠨ ᠬᠤᠭᠤᠷᠤᠨᠳᠠᠬᠢ ᠵᠠᠢ ᠨᠢ ᠤᠷᠳᠤᠰᠴᠤ ᠂ ᠡᠰᠢ ᠨᠢ ᠨᠠᠷᠢᠰᠤᠨ | ᠨᠠᠪᠴᠢᠨ ᠢᠯᠳᠠᠰᠤ ᠨᠢ ᠨᠢᠮᠭᠡᠷᠡᠵᠦ ᠂ ᠨᠠᠪᠴᠢᠨ ᠦᠩᠭᠡ ᠨᠢ ᠬᠤᠶᠢᠷᠠᠵᠦ ᠲᠡᠨᠡᠭ ᠤᠷᠭᠤᠳᠠᠭ ᠃ ᠴᠡᠴᠡᠭᠯᠡᠵᠦ ᠂ ᠵᠢᠮᠢᠰᠯᠡᠬᠦ ᠬᠤᠭᠤᠴᠠᠭᠠᠨ ᠳᠤ ᠭᠡᠷᠡᠯ ᠤᠨ | ᠲᠤᠰᠤᠯᠳᠠ ᠨᠢ ᠭᠦᠢᠴᠡᠳ ᠦᠭᠡᠢ ᠪᠤᠯ ᠴᠡᠴᠡᠭ ᠤᠨ ᠴᠢᠨᠠᠷ ᠮᠠᠭᠤᠳᠠᠵᠦ ᠂ ᠴᠡᠴᠡᠭ ᠂ ᠵᠢᠮᠢᠰ ᠨᠢ ᠤᠨᠠᠵᠦ ᠂ ᠵᠢᠮᠢᠰ ᠨᠢ ᠦᠩᠭᠡ ᠬᠤᠶᠢᠷᠠᠳᠠᠭ ᠃ | ᠲᠦᠪᠡᠳ ᠬᠠᠰᠢ ᠪᠤᠯ ᠪᠤᠭᠤᠨᠢ ᠭᠡᠷᠡᠯᠰᠡᠭ ᠲᠠᠷᠢᠮᠠᠯ ᠪᠤᠯᠪᠠᠴᠦ ᠭᠡᠷᠡᠯ ᠤᠨ ᠲᠤᠰᠤᠯᠳᠠ ᠶᠢᠨ ᠤᠷᠳᠤ ᠪᠤᠭᠤᠨᠢ ᠶᠢᠨ ᠲᠠᠯ᠎ᠠ ᠪᠠᠷ ᠬᠢ ᠱᠠᠭᠠᠷᠳᠠᠯᠭ᠎ᠠ ᠲᠡᠶᠢᠮᠦ ᠴᠢᠩᠭ᠎ᠠ | ᠪᠢᠰᠢ ᠂ ᠡᠶᠢᠮᠦ ᠠᠴᠠ ᠵᠢᠯ ᠤᠨ ᠲᠦᠷᠪᠡᠨ ᠤᠯᠠᠷᠢᠯ ᠳᠤ ᠴᠦᠮ ᠲᠠᠷᠢᠵᠦ ᠪᠤᠯᠳᠠᠭ ᠃ | ᠲᠦᠪᠡᠳ ᠬᠠᠰᠢ ᠶᠢᠨ ᠦᠷ᠎ᠡ ᠶᠢ ᠬᠠᠪᠤᠷ ᠠᠪᠤᠪᠠᠯ ᠤᠨᠠᠯᠳᠠ ᠨᠢ ᠦᠨᠳᠤᠷ ᠪᠠᠶᠢᠳᠠᠭ ᠃ | 3. ᠤᠰᠤ | ᠲᠦᠪᠡᠳ ᠬᠠᠰᠢ ᠪᠤᠯ ᠵᠠᠷᠢᠮᠳᠤᠭ ᠬᠠᠭᠤᠷᠠᠢ ᠤᠷᠭᠤᠮᠠᠯ ᠳᠤ ᠪᠠᠭᠳᠠᠨ᠎ᠠ ᠃ ᠰᠠᠯᠠᠭ᠎ᠠ ᠨᠠᠪᠴᠢ ᠨᠢ ᠢᠠᠠᠴᠢ ᠰᠠᠬᠤᠯᠢᠭ ᠂ ᠠᠭᠤᠷᠰᠢᠭᠤᠯᠬᠤ ᠦᠢᠯᠡᠳᠤᠯ ᠢᠶᠠᠷ | ᠴᠢᠩᠭ᠎ᠠ ᠂ ᠤᠰᠤ ᠵᠠᠷᠤᠴᠠᠭᠤᠯᠬᠤ ᠨᠢ ᠠᠷᠪᠢᠨ ᠂ ᠤᠰᠤ ᠠᠭᠠᠯᠤᠠᠠᠳᠠᠴᠠ ᠮᠠᠭᠤ ᠪᠤᠯ ᠰᠠᠭᠤᠷᠢ ᠤᠷᠭᠤᠮᠠᠯ ᠤᠨ ᠦᠰᠤᠯᠳᠡ ᠪᠠ ᠵᠢᠮᠢᠰ ᠪᠤᠯᠪᠠᠰᠤᠷᠠᠬᠤ ᠶᠢ | ᠨᠦᠯᠦᠭᠡᠯᠡᠳᠡᠭ ᠃ ᠲᠦᠪᠡᠳ ᠬᠠᠰᠢ ᠶᠢᠨ ᠦᠨᠳᠤᠰᠤᠨ ᠰᠢᠰᠲᠤᠮ ᠤᠨ ᠬᠦᠭᠵᠢᠯᠳᠡ ᠨᠢ ᠦᠷᠨᠢᠭᠦᠨ ᠂ ᠬᠦᠷᠤᠰᠤᠨ ᠤ ᠤᠰᠤ ᠶᠢ ᠰᠢᠩᠭᠡᠭᠡᠬᠦ ᠴᠢᠳᠠᠪᠦᠷᠢ ᠪᠠᠷ ᠴᠢᠩᠭ᠎ᠠ | ᠪᠠᠶᠢᠳᠠᠭ ᠃ ᠡᠶᠢᠮᠦ ᠠᠴᠠ ᠲᠦᠪᠡᠳ ᠬᠠᠰᠢ ᠶᠢᠨ ᠤᠷᠭᠤᠯᠳᠠ ᠶᠢᠨ ᠬᠤᠭᠤᠴᠠᠭᠠᠨ ᠳᠤ ᠤᠰᠤ ᠲᠤᠳᠠᠭᠤᠯᠬᠤ ᠦᠭᠡᠢ ᠮᠦᠷᠳᠡᠭᠡᠨ ᠪᠠᠰᠠ ᠠᠷᠪᠢᠨ ᠤᠰᠤᠯᠠᠵᠦ ᠪᠤᠯᠠᠬᠤ | ᠦᠭᠡᠢ ᠃ ᠵᠢᠮᠢᠰᠯᠡᠬᠦ ᠬᠤᠭᠤᠴᠠᠭᠠᠨ ᠳᠤ ᠤᠰᠤ ᠬᠡᠷᠡᠭᠰᠡᠬᠦ ᠨᠢ ᠶᠡᠭᠡ ᠪᠤᠯᠬᠤᠷ ᠤᠰᠤ ᠨᠢ ᠬᠠᠩᠭᠠᠮᠵᠢ ᠦᠭᠡᠢ ᠪᠤᠯ ᠬᠤᠷᠢᠶᠠᠯᠳᠠ ᠶᠢ ᠨᠦᠯᠦᠭᠡᠯᠡᠨ᠎ᠡ ᠃ ᠬᠦᠷᠤᠰᠤᠨ ᠤ | ᠴᠢᠬᠢᠭ ᠤᠨ ᠬᠡᠮᠵᠢᠶ᠎ᠡ ᠨᠢ ᠬᠠᠮᠤᠭ ᠦᠨᠳᠤᠷ ᠲᠡᠭᠡᠨ 60% ~ 80% ᠪᠠᠶᠢᠵᠦ ᠂ ᠠᠭᠠᠷ ᠤᠨ ᠬᠠᠷᠢᠴᠠᠩᠭᠤᠢ ᠴᠢᠬᠢᠭ ᠤᠨ ᠬᠡᠮᠵᠢᠶ᠎ᠡ ᠶᠢ 40% ~ 50% | ᠪᠠᠶᠢᠯᠭᠠᠪᠠᠯ ᠵᠤᠬᠢᠨ᠎ᠠ ᠃ ᠠᠭᠠᠷ ᠤᠨ ᠴᠢᠬᠢᠭ ᠤᠨ ᠬᠡᠮᠵᠢᠶ᠎ᠡ ᠬᠡᠳᠤ ᠦᠨᠳᠤᠷ ᠪᠤᠯᠪᠠᠯ ᠡᠪᠡᠳᠴᠢᠨ ᠬᠡᠮ ᠳᠤ ᠬᠢᠯᠪᠠᠷ ᠦᠷᠳᠤᠨᠡ ᠃ ᠲᠦᠪᠡᠳ ᠬᠠᠰᠢ ᠶᠢᠨ | ᠬᠦᠴᠢᠯᠳᠦ᠋ᠷᠦᠭᠴᠢ ᠶᠢᠨ ᠱᠠᠭᠠᠷᠳᠠᠯᠭ᠎ᠠ ᠨᠡᠯᠢᠶᠡᠳ ᠦᠨᠳᠤᠷ ᠪᠠᠶᠢᠳᠠᠭ ᠃ ᠬᠦᠴᠢᠯᠳᠦ᠋ᠷᠦᠭᠴᠢ ᠲᠤᠳᠠᠬᠤ ᠤᠷᠴᠢᠨ ᠳᠤ ᠤᠷᠭᠤᠯᠳᠠ ᠠᠨᠠᠢ ᠂ ᠬᠦᠷᠤᠰᠤᠨ ᠤ | ᠲᠤᠯᠠᠭᠠᠨ ᠤ ᠬᠡᠮᠵᠢᠶ᠎ᠡ 80 ᠼᠧᠯᠰᠢ ᠭᠷᠠᠳᠦᠰ ᠠᠴᠠ ᠲᠡᠭᠡᠭᠰᠢ ᠦᠶᠡᠰ ᠤᠳᠠᠭᠠᠨ ᠲᠡᠪᠳᠤᠭᠡᠪᠡᠯ ᠰᠠᠭᠤᠷᠢ ᠤᠷᠭᠤᠮᠠᠯ ᠦᠬᠦᠳᠡᠭ ᠃ | | | |