| 1. ᠠᠮᠢᠳᠤᠷᠠᠬᠤᠢ ᠶᠢᠨ ᠤᠬᠠᠭᠠᠨ | ᠮᠣᠩᠭᠤᠯ ᠠᠷᠠᠳ ᠤᠨ ᠭᠦᠨ ᠤᠬᠠᠭᠠᠨ ᠤ ᠰᠡᠳᠬᠢᠯᠭᠡᠨ ᠤ ᠠᠩᠬᠠᠳᠠᠭᠴᠢ ᠨᠢ ︽ ᠠᠮᠢᠳᠤᠷᠠᠬᠤᠢ ᠶᠢᠨ ᠤᠬᠠᠭᠠᠨ ︾ ᠶᠤᠮ ᠃ ᠮᠠᠯ ᠮᠠᠯᠯᠠᠬᠤ ᠂ ᠮᠥᠨ ᠳᠦᠷᠪᠡᠨ | ᠤᠯᠠᠷᠢᠯ ᠳᠤ ᠨᠡᠭᠦᠳᠡᠯᠯᠡᠨ ᠠᠵᠤ ᠲᠥᠷᠥᠵᠦ ᠢᠷᠡᠭᠰᠡᠨ ᠨᠢ ᠮᠠᠯᠴᠢᠨ ᠨᠡᠭᠦᠳᠡᠯᠴᠢᠨ ᠬᠥᠮᠥᠰ ᠤᠨ ᠣᠶᠣᠨ ᠰᠠᠨᠠᠭᠠᠨ ᠳᠤ ᠠᠮᠢᠳᠤᠷᠠᠬᠤ ᠶᠢᠨ ᠠᠷᠭ᠎ᠠ ᠤᠬᠠᠭᠠᠨ ᠢ | ᠪᠦᠷᠢᠳᠦᠭᠦᠯᠵᠡᠢ ᠃ ︽ ᠠᠮᠢᠳᠤᠷᠠᠯ ᠪᠣᠯ ᠠᠯᠠᠭ ᠪᠤᠯᠠᠭ ᠲᠠᠢ ᠪᠣᠯᠬᠤ ︾ ︽ ᠠᠮᠢᠳᠤᠷᠠᠯ ᠪᠣᠯ ᠲᠡᠮᠡᠴᠡᠯ ᠶᠤᠮ ︾ ᠭᠡᠰᠡᠨ ᠰᠡᠳᠬᠢᠯᠭᠡᠨ ᠳᠤ ᠬᠦᠷᠭᠡᠵᠡᠢ ᠃ ᠲᠡᠦᠬᠡᠨ | ᠤᠯᠠᠮᠵᠢᠯᠠᠯ ᠠᠴᠠ ᠦᠵᠡᠬᠦ ᠳᠤ ᠮᠣᠩᠭᠤᠯ ᠬᠥᠮᠥᠨ ᠠᠮᠢᠳᠤᠷᠠᠬᠤᠢ ᠶᠢᠨ ᠤᠬᠠᠭᠠᠨ ᠢ ᠪᠦᠲᠦᠭᠡᠬᠦ ᠳᠡᠭᠡᠨ ᠶᠠᠭᠤᠨ ᠤ ᠲᠦᠷᠦᠭᠦᠨ ᠪᠠᠶᠢᠭᠠᠯᠢ ᠶᠠᠭᠤᠮᠠᠰ ᠢ ᠲᠠᠨᠢᠨ ᠮᠡᠳᠡᠬᠦ | ᠲᠤᠷᠰᠢᠯᠭ᠎ᠠ ᠪᠠᠷ ᠡᠬᠢ ᠰᠤᠷᠪᠤᠯᠵᠢ ᠪᠣᠯᠭᠠᠭᠰᠠᠨ ᠪᠠᠶᠢᠨ᠎ᠠ ᠃ ︽ ᠰᠢᠭᠤᠷᠭ᠎ᠠ ᠶᠡᠬᠡᠳᠡᠪᠡᠯ ᠵᠤᠳ ᠂ ᠰᠢᠨᠤᠯ ᠶᠡᠬᠡᠳᠡᠪᠡᠯ ᠱᠤᠯᠤᠮ ᠪᠣᠯᠣᠨ᠎ᠠ ︾ ᠭᠡᠵᠤ ᠪᠠᠶᠢᠭᠠᠯᠢ | ᠶᠢᠷᠲᠢᠨᠴᠦ ᠶᠢᠨ ᠦᠵᠡᠭᠳᠡᠯ ᠢ ᠣᠯᠠᠨ ᠵᠢᠯ ᠤᠨ ᠲᠤᠷᠰᠢᠯᠭ᠎ᠠ ᠪᠠᠷ ᠲᠠᠨᠢᠨ ᠮᠡᠳᠡᠵᠦ ᠪᠠᠶᠢᠪᠠ ᠃ ᠮᠣᠩᠭᠤᠯ ᠬᠥᠮᠥᠨ ᠤ ᠰᠡᠳᠬᠢᠯ ᠳᠤ ᠪᠣᠳᠠᠲᠤ ᠪᠠᠶᠢᠳᠠᠯ ᠢᠶᠠᠨ | ᠣᠯᠣᠭᠰᠠᠨ ᠲᠠᠨᠢᠨ ᠮᠡᠳᠡᠬᠦᠢ ᠶᠢᠨ ᠨᠢᠭᠡ ᠦᠷ᠎ᠡ ᠳ᠋ᠦᠩ ᠨᠢ ︽ ᠲᠠᠪᠤᠨ ᠬᠤᠰᠢᠭᠤ ᠮᠠᠯ ︾ ᠤᠨ ᠲᠥᠯᠥᠪ ᠲᠥᠷᠬᠦ ᠠᠮᠢᠳᠤᠷᠠᠯ ᠤᠨ ᠬᠡᠷᠡᠭᠴᠡᠭᠡ ᠶᠢ ᠬᠠᠩᠭᠠᠬᠤ | ᠣᠨᠴᠠᠯᠢᠭ ᠢ ᠣᠯᠵᠤ ᠮᠡᠳᠡᠭᠰᠡᠨ ᠶᠠᠪᠤᠳᠠᠯ ᠶᠤᠮ ᠃ ᠮᠣᠷᠢ ᠮᠣᠯᠣᠷ ᠡᠷᠳᠡᠨᠢ ᠂ ᠲᠡᠮᠡᠭᠡ ᠳᠡᠯᠭᠡᠷ ᠡᠷᠳᠡᠨᠢ ᠂ ᠬᠤᠨᠢ ᠬᠤᠭᠤᠯᠠ ᠡᠷᠳᠡᠨᠢ ᠂ ᠦᠬᠡᠷ ᠥᠷᠥᠮ᠎ᠡ ᠡᠷᠳᠡᠨᠢ ᠂ | ᠢᠮᠠᠭ᠎ᠠ ᠨᠣᠯᠤᠤᠷ ᠡᠷᠳᠡᠨᠢ ᠂ ᠬᠥᠳᠡᠯᠮᠦᠷᠢ ᠪᠠᠷ ᠢᠶᠠᠨ ᠬᠥᠮᠥᠨ ᠠᠮᠢᠳᠤᠷᠠᠨ᠎ᠠ ᠭᠡᠳᠡᠭ ᠥᠨᠥ ᠶᠢᠨ ᠣᠶᠢᠯᠠᠭᠠᠯᠲᠠ ᠶᠢ ᠮᠠᠨ ᠤ ᠳᠡᠭᠡᠷ᠎ᠡ ᠦᠶ᠎ᠡ ᠶᠢᠨ ᠬᠢᠨ ᠠᠵᠤ ᠲᠥᠷᠥᠬᠦ ᠂ | ᠠᠮᠢ ᠵᠢᠭᠤᠬᠤ ᠭᠡᠵᠤ ᠬᠡᠯᠡᠳᠡᠭ ᠃ | 2. ᠰᠤᠷᠭᠠᠨ ᠵᠢᠭᠠᠬᠤᠢ ᠶᠢᠨ ᠤᠬᠠᠭᠠᠨ | ᠮᠣᠩᠭᠤᠯ ᠬᠥᠮᠥᠨ ᠤ ᠣᠶᠣᠨ ᠤ ᠰᠡᠳᠬᠢᠯᠭᠡᠨ ᠤ ᠨᠢᠭᠡ ᠪᠣᠯ ᠰᠤᠷᠭᠠᠨ ᠬᠥᠮᠥᠵᠢᠭᠦᠯᠬᠦ ᠤᠬᠠᠭᠠᠨ ᠶᠤᠮ ᠃ ᠡᠭᠦᠨ ᠢ ᠠᠷᠠᠳ ᠤᠨ ᠶᠠᠷᠢᠶᠠᠨ ᠤ ᠲᠣᠮᠢᠶᠠᠯᠠᠯ ᠢᠶᠠᠷ ︽ | ᠪᠡᠶ᠎ᠡ ᠶᠢ ᠵᠠᠰᠠᠬᠤ ︾ ᠤᠬᠠᠭᠠᠨ ᠭᠡᠨ᠎ᠡ ᠃ ︽ ᠪᠡᠶ᠎ᠡ ᠪᠣᠭᠤᠯ ᠂ ᠭᠡᠳᠡᠰᠦ ᠨᠣᠶᠠᠨ ︾ ᠭᠡᠵᠤ ᠦᠵᠡᠳᠡᠭ ᠤᠴᠢᠷ ᠨᠢ ᠬᠥᠮᠥᠨ ᠪᠣᠯ ᠪᠡᠶ᠎ᠡ ᠪᠠᠷ ᠢᠶᠠᠨ ᠠᠵᠢᠯ ᠦᠢᠯᠡ ᠬᠢᠵᠦ ᠂ | ᠠᠵᠤ ᠲᠥᠷᠥᠵᠦ ᠠᠮᠢᠳᠤᠷᠠᠭᠰᠠᠨ ᠢᠶᠠᠷ ᠢᠶᠠᠨ ︽ ᠭᠡᠳᠡᠰᠦ ︾ ᠪᠠᠨ ᠲᠡᠵᠢᠭᠡᠵᠦ ᠴᠢᠳᠠᠬᠤ ᠶᠢ ᠬᠡᠯᠡᠵᠡᠢ ᠃ ᠨᠡᠶᠢᠭᠡᠮ ᠤᠨ ᠤᠬᠠᠭᠠᠨ ᠤ ᠣᠶᠢᠯᠠᠭᠠᠯᠲᠠ ᠪᠠᠷ ᠬᠡᠯᠡᠪᠡᠯ | ᠬᠥᠮᠥᠨ ᠬᠥᠳᠡᠯᠮᠦᠷᠢ ᠪᠠᠷ ᠂ ᠮᠣᠩᠭᠤᠯ ᠠᠷᠠᠳ ᠤᠨ ᠰᠤᠷᠭᠠᠨ ᠬᠥᠮᠥᠵᠢᠭᠦᠯᠬᠦ ᠤᠬᠠᠭᠠᠨ ᠪᠣᠯ ᠬᠥᠮᠥᠨ ᠢᠶᠠᠷ ᠬᠥᠮᠥᠨ ᠬᠢᠵᠦ ᠲᠡᠳᠡᠨ ᠢ ᠠᠵᠢᠯᠴᠢ ᠬᠥᠳᠡᠯᠮᠦᠷᠢᠴᠢ | ᠪᠣᠯᠭᠠᠬᠤ ᠦᠵᠡᠯ ᠰᠠᠨᠠᠭᠠᠨ ᠳᠤ ᠴᠢᠭᠯᠡᠭᠦᠯᠵᠡᠢ ᠃ ︽ ᠬᠥᠮᠥᠨ ᠪᠣᠯᠬᠤ ᠪᠠᠭ᠎ᠠ ᠠᠴᠠ ᠪᠠᠨ ᠂ ᠬᠥᠯᠥᠭ ᠪᠣᠯᠬᠤ ᠤᠨᠠᠭᠠᠨ ᠠᠴᠠ ᠪᠠᠨ ︾ ᠭᠡᠳᠡᠭ ᠵᠦᠢᠷ ᠦᠭᠡ ᠶᠢᠨ | ᠣᠶᠢᠯᠠᠭᠠᠯᠲᠠ ᠪᠠᠷ ᠬᠥᠮᠥᠨ ᠢᠶᠠᠷ ᠬᠥᠮᠥᠨ ᠬᠢᠭᠡᠳ ᠬᠡᠦᠬᠡᠳ ᠠᠬᠤᠢ ᠨᠠᠰᠤᠨ ᠠᠴᠠ ᠨᠢ ᠡᠬᠢᠯᠡᠵᠦ ᠵᠢᠩᠬᠢᠨᠢ ᠬᠥᠮᠥᠨ ᠪᠣᠯᠭᠠᠬᠤ ᠬᠥᠮᠥᠵᠢᠯ ᠢ ᠣᠯᠭᠤᠬᠤ ᠶᠢ | ᠡᠷᠬᠢᠮᠯᠡᠨ᠎ᠡ ᠃ ᠪᠡᠶ᠎ᠡ ᠶᠢ ᠵᠠᠰᠠᠬᠤ ᠤᠬᠠᠭᠠᠨ ᠪᠣᠯ ᠠᠷᠠᠳ ᠤᠨ ᠰᠤᠷᠭᠠᠨ ᠬᠥᠮᠥᠵᠢᠭᠦᠯᠬᠦ ᠤᠬᠠᠭᠠᠨ ᠤ ᠬᠠᠮᠤᠭ ᠤᠨ ᠥᠷᠭᠡᠨ ᠪᠥᠭᠡᠳ ᠣᠯᠠᠨ ᠲᠠᠯ᠎ᠠ ᠲᠠᠢ | ᠣᠶᠢᠯᠠᠭᠠᠯᠲᠠ ᠶᠤᠮ ᠃ ︽ ᠪᠡᠶ᠎ᠡ ᠪᠠᠨ ᠵᠠᠰᠠᠭᠠᠳ ᠭᠡᠷ ᠢᠶᠠᠨ ᠵᠠᠰᠠ ᠂ ᠭᠡᠷ ᠢᠶᠠᠨ ᠵᠠᠰᠠᠭᠠᠳ ᠥᠪᠡᠷ ᠢ ᠪᠠᠨ ᠵᠠᠰᠠ ︾ ᠂ ᠡᠷᠬᠢᠮ ᠪᠠᠶᠠᠨ ᠡᠷᠳᠡᠮ ᠤᠨ ᠤᠬᠠᠭᠠᠨ ᠪᠣᠯ | ᠬᠥᠮᠥᠨ ᠠᠷᠠᠳ ᠢᠶᠠᠨ ᠡᠷᠳᠡᠮ ᠪᠣᠯᠪᠠᠰᠤᠷᠠᠯ ᠲᠠᠢ ᠪᠣᠯᠭᠠᠬᠤ ᠠᠷᠠᠳ ᠤᠨ ᠰᠤᠷᠭᠠᠨ ᠬᠥᠮᠥᠵᠢᠭᠦᠯᠬᠦ ᠤᠬᠠᠭᠠᠨ ᠤ ᠨᠢᠭᠡ ᠣᠶᠢᠯᠠᠭᠠᠯᠲᠠ ᠶᠤᠮ ᠃ ᠮᠣᠩᠭᠤᠯᠴᠤᠳ ︽ | ᠤᠬᠠᠭᠠᠨ ᠳᠠᠯᠠᠢ ᠨᠣᠮ ᠠᠴᠠ ᠡᠬᠢ ᠲᠠᠢ ︾ ᠭᠡᠵᠤ ᠬᠡᠯᠡᠳᠡᠭ ᠃ ᠨᠣᠮ ᠨᠢ ᠠᠮᠢᠳᠤᠷᠠᠯ ᠢ ᠮᠡᠳᠡᠯᠭᠡ ᠪᠠᠷ ᠭᠡᠶᠢᠭᠦᠯᠦᠭᠴᠢ ᠭᠡᠵᠤ ᠦᠵᠡᠳᠡᠭ ᠤᠨ ᠦᠨᠳᠦᠰᠦ ᠶᠤᠮ ᠃ | 3. ᠲᠡᠵᠢᠭᠡᠬᠦᠢ ᠶᠢᠨ ᠤᠬᠠᠭᠠᠨ | ᠲᠡᠵᠢᠭᠡᠬᠦᠢ ᠶᠢᠨ ᠤᠬᠠᠭᠠᠨ ᠪᠣᠯ ᠨᠡᠶᠢᠭᠡᠮ ᠳᠠᠬᠢ ᠬᠥᠮᠥᠰ ᠤᠨ ᠪᠡᠶ᠎ᠡ ᠪᠠᠨ ᠲᠡᠳᠬᠦᠬᠦ ᠰᠡᠳᠬᠢᠯᠭᠡ ᠮᠥᠨ ᠃ ᠥᠭᠡᠷ᠎ᠡ ᠪᠠᠷ ᠬᠡᠯᠡᠪᠡᠯ ᠬᠥᠮᠥᠨ ᠪᠡᠶ᠎ᠡ ᠪᠠᠨ ᠲᠡᠳᠬᠦᠵᠦ | ᠣᠶᠣᠨ ᠤᠬᠠᠭᠠᠨ ᠢᠶᠠᠷ ᠢᠶᠠᠨ ᠰᠡᠳᠬᠢᠯ ᠰᠠᠨᠠᠭ᠎ᠠ ᠪᠠᠨ ᠲᠡᠵᠢᠭᠡᠵᠦ ᠦᠵᠡᠯ ᠪᠣᠳᠣᠯ ᠢᠶᠠᠨ ᠪᠦᠷᠢᠳᠦᠭᠦᠯᠬᠦ ᠤᠬᠠᠭᠠᠨ ᠶᠤᠮ ᠃ ᠲᠡᠶᠢᠮᠦ ᠤᠴᠢᠷ ᠠᠴᠠ ︽ | ᠲᠡᠵᠢᠭᠡᠬᠦᠢ ᠶᠢᠨ ᠤᠬᠠᠭᠠᠨ ︾ ᠨᠢ ᠵᠥᠪᠬᠡᠨ ᠠᠮᠢ ᠪᠢᠰᠢ ᠪᠡᠶ᠎ᠡ ᠰᠡᠳᠬᠢᠯ ᠢᠶᠠᠨ ᠠᠪᠴᠤ ᠶᠠᠪᠤᠬᠤ ᠥᠷᠭᠡᠨ ᠠᠭᠤᠯᠭ᠎ᠠ ᠲᠠᠢ ᠣᠶᠢᠯᠠᠭᠠᠯᠲᠠ ᠶᠤᠮ ᠃ ᠡᠭᠦᠨ ᠢ ᠪᠠᠨ ︽ | ᠥᠨᠢᠷ ᠬᠥᠮᠥᠨ ᠥᠪᠥᠷ ᠳᠦᠭᠦᠷᠡᠩ ᠂ ᠡᠪᠡᠳᠴᠢᠨ ᠦᠭᠡᠢ ᠪᠣᠯ ᠵᠢᠷᠭᠠᠯ ︾ ᠭᠡᠳᠡᠭ ᠃ | 4. ᠨᠣᠮ ᠢ ᠪᠢᠰᠢᠷᠡᠬᠦᠢ ᠶᠢᠨ ᠤᠬᠠᠭᠠᠨ | ᠮᠣᠩᠭᠤᠯᠴᠤᠳ ᠨᠣᠮ ᠢ ᠳᠡᠭᠡᠳᠦᠯᠡᠵᠦ ᠲᠡᠭᠦᠨ ᠢ ᠰᠢᠲᠦᠵᠦ ᠢᠷᠡᠭᠰᠡᠨ ᠰᠡᠳᠬᠢᠯᠭᠡᠨ ᠤ ᠳᠡᠭᠡᠳᠦ ᠶᠣᠰᠣ ᠨᠢ ᠨᠣᠮ ᠤᠨ ᠪᠢᠰᠢᠷᠡᠬᠦ ᠤᠬᠠᠭᠠᠨ ᠶᠤᠮ ᠃ ᠠᠮᠢᠲᠠᠨ | ᠪᠦᠬᠦᠨ ᠢ ᠰᠣᠶᠣᠷᠬᠠᠨ ᠰᠤᠷᠭᠠᠬᠤ ᠨᠣᠮ ᠤᠨ ᠬᠦᠴᠦᠨ ᠮᠥᠩᠬᠡ ᠭᠡᠵᠤ ᠮᠣᠩᠭᠤᠯᠴᠤᠳ ᠨᠣᠮ ᠳᠤ ᠰᠦᠰᠦᠭᠯᠡᠨ ᠪᠢᠰᠢᠷᠡᠵᠦ ᠢᠷᠡᠭᠰᠡᠨ ᠵᠠᠩᠰᠢᠯ ᠲᠠᠢ ᠂ ᠨᠣᠮ ᠤᠨ | ᠬᠡᠯᠬᠢᠶ᠎ᠡ ᠡᠷᠳᠡᠮ ᠂ ᠨᠣᠶᠠᠨ ᠤ ᠬᠡᠯᠬᠢᠶ᠎ᠡ ᠵᠠᠰᠠᠭ ᠭᠡᠵᠤ ᠨᠣᠮ ᠨᠢ ᠨᠢᠭᠡᠳᠦᠭᠡᠷ ᠲᠤ ᠡᠷᠳᠡᠮ ᠤᠨ ᠡᠬᠢ ᠪᠣᠯᠳᠠᠭ ᠃ ︽ ᠤᠰᠤᠨ ᠳᠠᠯᠠᠢ ᠪᠤᠯᠠᠭ ᠠᠴᠠ ᠡᠬᠢ ᠲᠠᠢ ᠂ | ᠤᠬᠠᠭᠠᠨ ᠳᠠᠯᠠᠢ ᠨᠣᠮ ᠠᠴᠠ ᠡᠬᠢ ᠲᠠᠢ ︾ ᠭᠡᠵᠤ ᠬᠤᠶᠠᠳᠤᠭᠠᠷ ᠲᠤ ᠤᠬᠠᠭᠠᠨ ᠪᠦᠬᠦᠨ ᠨᠣᠮ ᠠᠴᠠ ᠡᠭᠦᠳᠦᠨ ᠴᠡᠴᠡᠨ ᠮᠡᠷᠭᠡᠨ ᠤ ᠡᠬᠢ ᠪᠣᠯᠳᠠᠭ ᠃ ᠡᠳᠡᠭᠡᠷ ᠨᠢ | ᠬᠥᠮᠥᠨ ᠤ ᠣᠶᠣᠨ ᠰᠡᠳᠬᠢᠯᠭᠡ ᠪᠣᠯᠵᠤ ᠪᠠᠶᠢᠭ᠎ᠠ ᠪᠣᠯ ᠨᠣᠮ ᠪᠤᠶᠠᠨ ᠬᠤᠷᠢᠶᠠᠵᠤ ᠬᠥᠮᠥᠨ ᠤ ᠵᠠᠩ ᠴᠢᠨᠠᠷ ᠢ ᠨᠣᠮ ᠤᠨ ᠰᠤᠷᠭᠠᠯ ᠢᠶᠠᠷ ᠲᠥᠯᠥᠪᠰᠢᠭᠦᠯᠬᠦ ᠰᠡᠳᠬᠢᠯᠭᠡ | ᠪᠣᠯᠳᠠᠭ ᠃ ᠨᠣᠮ ᠢ ᠪᠢᠰᠢᠷᠡᠬᠦ ᠤᠬᠠᠭᠠᠨ ᠤ ᠨᠢᠭᠡ ᠣᠨᠴᠠᠯᠢᠭ ᠪᠣᠯ ᠠᠮᠢᠳᠤᠷᠠᠯ ᠤᠨ ᠭᠡᠭᠡ ᠂ ᠨᠣᠮ ᠦᠭᠡᠢ ᠪᠣᠯ ᠠᠮᠢᠳᠤᠷᠠᠯ ᠬᠠᠷᠠᠩᠭᠤᠢ ᠪᠣᠯᠬᠤ ᠶᠢ ᠢᠯᠡᠳᠬᠡᠭᠰᠡᠨ | ᠰᠠᠨᠠᠭ᠎ᠠ ᠶᠤᠮ ᠃ ︽ ᠨᠣᠮ ᠦᠭᠡᠢ ᠬᠥᠮᠥᠨ ᠶᠠᠭ ᠂ ᠰᠤᠮᠤ ᠦᠭᠡᠢ ᠫᠤᠤ ᠲᠠᠭ ︾ ᠃ ᠨᠣᠮ ᠪᠣᠯ ᠤᠬᠠᠭᠠᠨ ᠤ ᠳᠡᠭᠡᠵᠢ ᠠᠮᠢᠳᠤᠷᠠᠯ ᠤᠨ ᠡᠬᠢ ᠂ ᠨᠣᠮ ᠤᠨ ᠶᠣᠰᠣ ᠶᠢ | ᠮᠡᠳᠡᠪᠡᠯ ᠨᠣᠮᠣᠬᠠᠨ ᠲᠥᠯᠥᠪ ᠪᠣᠯᠳᠠᠭ ᠃ | 5. ᠤᠷᠠᠯᠠᠬᠤᠢ ᠶᠢᠨ ᠤᠬᠠᠭᠠᠨ | ᠭᠠᠶᠢᠬᠠᠮᠰᠢᠭ ᠢ ᠪᠦᠲᠦᠭᠡᠬᠦ ᠰᠡᠳᠬᠢᠯᠭᠡ ᠪᠣᠯ ᠤᠷᠠᠯᠠᠬᠤᠢ ᠶᠢᠨ ᠤᠬᠠᠭᠠᠨ ᠶᠤᠮ ᠃ ᠭᠠᠶᠢᠬᠠᠮᠰᠢᠭ ᠢ ᠪᠦᠲᠦᠭᠡᠬᠦ ᠳᠤ ᠤᠬᠠᠭᠠᠨ ᠂ ᠤᠷ᠎ᠠ ᠬᠤᠶᠠᠷ ᠬᠤᠣᠰᠯᠠᠨᠠ ᠃ | ᠤᠬᠠᠭᠠᠨ ᠢᠶᠠᠷ ᠤᠷᠠᠯᠠᠬᠤᠢ ᠨᠢ ᠮᠠᠰᠢ ᠳᠡᠭᠡᠷ᠎ᠡ ᠴᠠᠭ ᠠᠴᠠ ᠬᠥᠮᠥᠨ ᠤ ᠣᠶᠣᠨ ᠪᠢᠯᠢᠭ ᠲᠤ ᠪᠦᠷᠢᠳᠴᠦ ᠢᠷᠠᠪᠠ ᠃ ︽ ᠭᠠᠷ ᠲᠠᠭᠠᠨ ᠤᠷ᠎ᠠ ᠲᠠᠢ ᠬᠥᠮᠥᠨ ︾ ᠭᠡᠵᠤ | ᠠᠷᠠᠳ ᠤᠳ ᠤᠨ ᠬᠡᠯᠡᠵᠦ ᠵᠠᠩᠰᠢᠭᠰᠠᠨ ᠢᠶᠠᠷ ︽ ᠤᠬᠠᠭᠠᠨ ︾ ᠭᠡᠭᠴᠢ ︽ ᠤᠷ᠎ᠠ ︾ ᠪᠠᠷ ᠢᠯᠡᠴᠢᠯᠡᠨ ᠪᠦᠲᠦᠭᠡᠭᠰᠡᠨ ᠭᠠᠶᠢᠬᠠᠮᠰᠢᠭ ᠮᠠᠨ ᠤ ᠲᠡᠦᠬᠡᠨ ᠳᠤ ᠪᠤᠢ ᠃ | ᠵᠢᠱᠢᠶ᠎ᠡ ᠨᠢ ᠠᠷᠪᠠᠨ ᠳᠣᠯᠤᠭ᠎ᠠ — ᠠᠷᠪᠠ ᠶᠢᠰᠦᠳᠦᠭᠡᠷ ᠵᠠᠭᠤᠨ ᠤ ᠦᠶ᠎ᠡ ᠳᠤ ᠮᠣᠩᠭᠤᠯ ᠭᠠᠵᠠᠷ ᠪᠠᠷᠢᠭᠳᠠᠭᠰᠠᠨ ᠤᠷᠲᠤ ᠪᠠᠷᠢᠯᠭ᠎ᠠ ︽ ᠠᠮᠤᠷ ᠪᠠᠶᠠᠰᠬᠤᠯᠠᠩᠲᠤ | ᠬᠡᠶᠢᠳ ᠤᠨ ᠴᠣᠭᠴᠠᠨ ᠳᠤᠭᠠᠩ ︾ ︵ 1728-1755 ︶ ᠡᠷᠳᠡᠨᠢ ᠵᠤᠤ ᠬᠡᠶᠢᠳ ᠤᠨ ︵ ᠬᠤᠷᠢᠨ ᠭᠤᠷᠪᠠᠳᠤᠭᠠᠷ ᠵᠠᠭᠤᠨ ︶ 25 ᠰᠦᠮ᠎ᠡ ᠪᠣᠯᠣᠨ ᠮᠡᠭᠵᠢᠳ | ᠵᠠᠩᠷᠠᠶᠢᠰᠠᠭ ᠪᠤᠷᠬᠠᠨ ᠵᠡᠷᠭᠡ ᠶᠢ ᠳᠤᠷᠠᠳᠤᠨ ᠬᠡᠯᠡᠵᠦ ᠪᠣᠯᠣᠨ᠎ᠠ ᠃ ︽ ᠤᠷᠠᠨ ᠬᠥᠮᠥᠨ ᠤᠬᠠᠭᠠᠨ ᠲᠠᠢ ᠂ ᠤᠯᠢᠶᠠᠰᠤ ᠮᠣᠳᠣ ᠮᠥᠴᠢᠷ ᠲᠠᠢ ᠂ ᠤᠷᠠᠨ ᠲᠠᠢ ᠤᠲᠠᠰᠤ | ᠪᠦᠦ ᠪᠤᠯᠢᠶᠠᠯᠳᠤ ᠂ ᠤᠬᠠᠭᠠᠨᠲᠠᠨ ᠲᠠᠢ ᠦᠭᠡ ᠪᠦᠦ ᠪᠤᠯᠢᠶᠠᠯᠳᠤ ︾ ᠭᠡᠵᠤ ᠤᠬᠠᠭᠠᠨ ᠢᠶᠠᠨ ᠬᠦᠨᠳᠦᠳᠬᠡᠬᠦ ᠶᠢ ᠰᠤᠷᠭᠠᠵᠠᠢ ᠃ ᠡᠳᠡᠭᠡᠷ ᠲᠠᠪᠤᠨ ᠤᠬᠠᠭᠠᠨ ᠨᠢ | ᠠᠮᠢᠳᠤᠷᠠᠬᠤ ᠶᠢᠨ ᠤᠬᠠᠭᠠᠨ ᠪᠣᠯᠵᠤ ᠦᠶ᠎ᠡ ᠠᠴᠠ ᠦᠶ᠎ᠡ ᠳᠤ ᠤᠯᠠᠮᠵᠢᠯᠠᠭᠳᠠᠨ ᠰᠢᠨ᠎ᠡ ᠰᠢᠨ᠎ᠡ ᠣᠶᠣᠨ ᠪᠣᠳᠣᠯ ᠢᠶᠠᠷ ᠪᠠᠶᠠᠵᠢᠨ ᠢᠷᠠᠪᠠ ᠃ | | |