| ᠲᠠᠪᠣᠰᠣ ᠠᠷᠪᠢᠨ ᠢᠳᠡᠬᠦ ᠨᠢ ᠬᠥᠮᠥᠨ ᠤ ᠪᠡᠶ᠎ᠡ ᠳᠤ ᠮᠠᠰᠢ ᠮᠠᠭᠤ ᠶᠣᠮ ᠃ ᠡᠩ ᠤᠨ ᠪᠠᠶᠢᠳᠠᠯ ᠳᠤ ᠂ ᠭᠤᠷᠪᠠᠨ ᠬᠦᠮᠦᠨ ᠠᠮᠨ ᠲᠠᠢ ᠨᠢᠬᠡ ᠠᠶᠢᠯ ᠤᠨ ᠨᠢᠬᠡ | ᠵᠢᠯ ᠳᠤ ᠢᠳᠡᠬᠦ ᠲᠠᠪᠣᠰᠣᠨ ᠤ ᠬᠡᠮᠵᠢᠶ᠎ᠠ 16 ᠣᠭᠤᠳᠠ ᠪᠠᠶᠢᠬᠤ ᠶᠣᠰᠣᠳᠠᠢ ᠃ ᠬᠡᠪᠡᠴᠦ ᠂ ᠣᠯᠠᠩᠬᠢ ᠬᠥᠮᠥᠨ ᠤ ᠳᠠᠪᠤᠰᠤ ᠢᠳᠡᠬᠦ ᠬᠡᠮᠵᠢᠶ᠎ᠡ ᠡᠭᠦᠨ ᠠᠴᠠ ᠬᠤᠯᠠ | ᠬᠡᠲᠦᠷᠡᠵᠦ ᠪᠠᠶᠢᠨ᠎ᠠ ᠃ ᠨᠢᠭᠡᠨ ᠪᠠᠶᠢᠴᠠᠭᠠᠯᠳᠠ ᠶᠢᠨ ᠲᠤᠭ᠎ᠠ ᠪᠠᠷᠢᠮᠳᠠ ᠠᠴᠠ ᠦᠵᠡᠪᠡᠯ ᠂ ᠮᠠᠨ ᠤ ᠣᠯᠣᠰ ᠤᠨ ᠡᠮᠦᠨᠡᠳᠣ ᠣᠷᠣᠨ ᠤ ᠬᠥᠮᠥᠰ ᠤᠨ ᠡᠳᠦᠷ ᠪᠦᠷᠢ ᠶᠢᠨ | ᠢᠳᠡᠬᠦ ᠲᠠᠪᠣᠰᠣᠨ ᠤ ᠬᠡᠮᠵᠢᠶ᠎ᠠ ᠲᠡᠭᠰᠢᠳᠬᠡᠭᠡᠳ 8-10 ᠭᠷᠠᠮ ᠪᠠᠶᠢᠵᠦ ᠂ ᠣᠮᠠᠷᠠᠳᠣ ᠣᠷᠣᠨ ᠤ ᠬᠥᠮᠥᠰ ᠤᠨ ᠡᠳᠦᠷ ᠪᠦᠷᠢ ᠶᠢᠨ ᠢᠳᠡᠬᠦ ᠲᠠᠪᠣᠰᠣᠨ ᠤ ᠬᠡᠮᠵᠢᠶ᠎ᠠ | ᠲᠡᠭᠰᠢᠳᠬᠡᠭᠡᠳ 18 ᠭᠷᠠᠮ ᠳᠤ ᠬᠦᠷᠴᠦ ᠪᠣᠢ ᠃ ᠪᠠᠰᠨ ᠵᠠᠷᠢᠮ ᠲᠠᠪᠣᠰᠣ ᠴᠢᠩᠭ᠎ᠠ ᠢᠳᠡᠳᠡᠭ ᠲᠠᠳᠬᠠᠯ ᠲᠠᠢ ᠬᠦᠮᠦᠰ ᠤᠨ ᠡᠳᠦᠷ ᠪᠦᠷᠢ ᠶᠢᠨ ᠢᠳᠡᠬᠦ ᠲᠠᠪᠣᠰᠣᠨ ᠤ | ᠬᠡᠮᠵᠢᠶ᠎ᠠ 20-25 ᠭᠷᠠᠮ ᠳᠤ ᠬᠦᠷᠴᠦ ᠪᠠᠶᠢᠨ᠎ᠠ ᠃ ᠲᠡᠭᠰᠢᠳᠬᠡᠬᠡᠳ ᠪᠤᠳᠤᠪᠠᠯ ᠮᠠᠨ ᠤ ᠣᠯᠣᠰ ᠤᠨ ᠬᠦᠮᠦᠨ ᠡᠳᠦᠷ ᠪᠦᠷᠢ 14.5 ᠭᠷᠠᠮ ᠳᠠᠪᠤᠰᠤ ᠢᠳᠡᠵᠦ ᠪᠠᠶᠢᠨ᠎ᠠ ᠃ | ᠲᠡᠭᠡᠪᠡᠯ ᠂ ᠲᠠᠪᠣᠰᠣ ᠶᠢ ᠬᠡᠳᠦᠷᠡᠳᠡᠯ᠎ᠡ ᠢᠳᠡᠪᠡᠯ ᠪᠡᠶ᠎ᠡ ᠳᠤ ᠶᠠᠮᠠᠷ ᠢᠯᠡᠷᠡᠯ ᠭᠠᠷᠳᠠᠭ ᠪᠣᠢ ︖ 1. ᠠᠮᠨ ᠬᠠᠳᠠᠬᠤ ᠶᠡᠭᠡ ᠬᠡᠮᠵᠢᠶᠠᠨ ᠤ ᠨᠠᠳ᠋ᠷᠢ ᠠᠭᠤᠯᠣᠭᠰᠠᠨ | ᠬᠤᠭᠤᠯᠨ ᠢᠳᠡᠭᠰᠡᠨ ᠤ ᠲᠠᠷᠠᠭ᠎ᠠ ᠂ ᠪᠡᠶ᠎ᠡ ᠳᠠᠬᠢ ᠲᠠᠪᠣᠰᠣ ᠪᠣᠯᠣᠨ ᠣᠰᠣᠨ ᠤ ᠠᠭᠤᠯᠣᠭᠳᠠᠬᠤᠨ ᠤ ᠲᠡᠩᠴᠡᠬᠦᠷᠢ ᠠᠯᠳᠠᠭᠳᠠᠭᠰᠠᠨ ᠰᠢᠭ᠋ ᠰᠠᠨᠠᠭᠳᠠᠵᠤ ᠂ ᠠᠮᠠ | ᠬᠠᠲᠠᠳᠠᠭ ᠃ ᠲᠡᠩᠴᠡᠬᠦᠷᠢ ᠪᠠᠨ ᠪᠠᠲᠤᠯᠠᠬᠤ ᠶᠢᠨ ᠲᠦᠯᠦᠬᠡ ᠬᠥᠮᠥᠰ ᠠᠷᠪᠢᠨ ᠣᠰᠣ ᠣᠣᠭᠤᠬᠤ ᠬᠡᠷᠡᠭᠳᠠᠢ ᠪᠣᠯᠳᠠᠭ ᠃ ᠡᠶᠢᠮᠦ ᠠᠴᠠ ᠬᠥᠮᠥᠰ ᠶᠡᠭᠡ ᠬᠡᠮᠵᠢᠶ᠎ᠠ ᠪᠠᠷ | ᠣᠰᠣ ᠤᠤᠭᠤᠳᠠᠭ ᠃ 2. ᠦᠢᠯᠡ ᠬᠦᠳᠡᠯᠭᠡᠭᠡᠨ ᠤᠳᠠᠭᠠᠰᠢᠷᠠᠬᠤ ᠤᠷᠲᠤ ᠬᠤᠭᠤᠴᠠᠭᠠᠨ ᠤ ᠲᠤᠷᠰᠢ ᠬᠡᠲᠦᠷᠡᠲᠡᠯ᠎ᠡ ᠳᠠᠪᠤᠰᠤ ᠢᠳᠡᠪᠡᠯ ᠬᠦᠮᠦᠨ ᠤ ᠪᠡᠶ᠎ᠡ ᠲᠤᠲᠤᠷᠠᠬᠢ | ᠤᠰᠤ ᠠᠯᠳᠠᠭᠳᠠᠵᠤ ᠂ ᠲᠠᠷᠢᠬᠢ ᠲᠤᠯᠤᠭᠠᠢ ᠶᠢᠨ ᠰᠡᠳᠬᠢᠭᠦ ᠴᠢᠳᠠᠪᠤᠷᠢ ᠤᠳᠠᠭᠠᠰᠢᠷᠠᠵᠤ ᠂ ᠦᠢᠯᠡ ᠬᠦᠳᠡᠯᠭᠡᠭᠡᠨ ᠤᠳᠠᠭᠠᠨ ᠪᠣᠯᠳᠠᠭ ᠃ 3. ᠭᠠᠷ ᠤᠨ ᠬᠤᠷᠣᠭᠤ | ᠮᠣᠬᠤᠶᠢᠵᠦ ᠪᠦᠲᠦᠬᠦᠷᠡᠬᠦ ᠬᠡᠷᠪᠡ ᠲᠠᠨ ᠤ ᠪᠡᠶ᠎ᠡ ᠶᠢᠨ ᠬᠦᠨᠳᠣ ᠨᠡᠮᠡᠭᠳᠡᠭᠰᠡᠨ ᠦᠬᠡᠢ ᠪᠠᠶᠢᠳᠠᠯ ᠳᠤ ᠭᠠᠷ ᠤᠨ ᠬᠤᠷᠣᠭᠤ ᠴᠢᠨᠢ ᠪᠦᠳᠦᠭᠦᠷᠡᠭᠰᠡᠨ ᠪᠠᠶᠢᠪᠠᠯ ᠂ ᠡᠨᠡ ᠨᠢ | ᠣᠷᠳᠣ ᠬᠤᠭᠤᠴᠠᠭᠠᠨ ᠤ ᠲᠣᠷᠰᠢ ᠬᠡᠳᠦᠷᠡᠳᠡᠯ᠎ᠡ ᠲᠠᠪᠣᠰᠣ ᠢᠳᠡᠭᠰᠡᠨ ᠠᠴᠠ ᠪᠣᠯᠣᠭᠰᠠᠨ ᠪᠠᠶᠢᠵᠤ ᠮᠡᠳᠡᠨ᠎ᠡ ᠃ 4. ᠲᠣᠯᠣᠭᠠᠢ ᠡᠪᠡᠳᠬᠦ ︽ ᠠᠩᠭ᠍ᠯᠢ ᠶᠢᠨ ᠠᠨᠠᠭᠠᠬᠤ | ᠣᠬᠠᠭᠠᠨ ᠤ ᠰᠡᠳᠬᠦᠯ ︾ ᠳᠤ ᠨᠡᠶᠢᠲᠡᠯᠡᠭᠰᠡᠨ ᠨᠢᠬᠡᠨ ᠰᠣᠳᠣᠯᠭᠠᠨ ᠤ ᠪᠦᠲᠦᠬᠡᠯ ᠳᠤ ᠲᠡᠮᠳᠡᠭᠯᠡᠭᠰᠡᠨ ᠢᠶᠠᠷ ᠄ ᠡᠳᠦᠷ ᠪᠦᠷᠢ 3500 ᠮᠢᠯᠢᠭᠷᠡᠮ ᠨᠠᠳ᠋ᠷᠢ ᠢᠳᠡᠳᠡᠭ | ᠨᠠᠰᠣᠨ ᠳᠤ ᠬᠦᠷᠦᠭᠰᠡᠳ ᠢ ᠡᠳᠦᠷ ᠪᠦᠷᠢ 1500 ᠮᠢᠯᠢᠭᠷᠡᠮ ᠨᠠᠳ᠋ᠷᠢ ᠢᠳᠡᠳᠡᠭ ᠬᠦᠮᠦᠨ ᠲᠠᠢ ᠬᠠᠷᠢᠴᠠᠭᠤᠯᠪᠠᠯ ᠂ ᠲᠣᠯᠣᠭᠠᠢ ᠡᠪᠡᠳᠬᠦ ᠡᠪᠡᠳᠴᠢᠨ ᠣᠯᠬᠤ ᠠᠶᠤᠯ | ᠡᠷᠡᠰᠳᠡᠯ ᠭᠤᠷᠪᠠᠨ ᠤ ᠨᠢᠬᠡ ᠪᠠᠷ ᠳᠡᠭᠡᠭᠰᠢᠯᠡᠳᠡᠭ ᠃ 5. ᠪᠠᠶᠢᠩᠭᠤ ᠰᠢᠬᠡᠰᠦ ᠬᠦᠷᠬᠦ ᠣᠰᠣ ᠠᠷᠪᠢᠨ ᠣᠣᠭᠤᠬᠤ ᠨᠢ ᠪᠠᠶᠢᠩᠭᠤ ᠰᠢᠬᠡᠰᠦ ᠬᠦᠷᠬᠦ ᠶᠢᠨ ᠴᠣᠷ ᠤᠨ | ᠭᠠᠭᠴᠨ ᠰᠢᠯᠳᠠᠭᠠᠨ ᠪᠢᠰᠢ ᠃ ᠲᠠᠪᠣᠰᠣ ᠠᠷᠪᠢᠨ ᠢᠳᠡᠪᠡᠯ ᠪᠠᠰᠠ ᠪᠠᠶᠢᠩᠭᠤ ᠰᠢᠬᠡᠰᠦ ᠬᠦᠷᠬᠦ ᠪᠠᠶᠢᠳᠠᠯ ᠲᠠᠢ ᠪᠣᠯᠳᠠᠭ ᠃ ᠬᠦᠮᠦᠨ ᠬᠡᠳᠦᠷᠡᠳᠡᠯ᠎ᠡ ᠲᠠᠪᠣᠰᠣ ᠢᠳᠡᠭᠰᠡᠨ | ᠦᠶ᠎ᠡ ᠳᠤ ᠂ ᠪᠡᠶ᠎ᠡ ᠶᠢᠨ ᠴᠣᠯᠣ ᠡᠷᠬᠡᠳᠡᠨ ᠶᠠᠭᠠᠷᠠᠯᠲᠠᠢ ᠠᠵᠢᠯᠯᠠᠮᠠᠨᠵᠢᠨ ᠰᠠᠶ᠋ᠢ ᠢᠯᠡᠬᠦᠳᠡᠭᠰᠡᠨ ᠲᠠᠪᠣᠰᠣ ᠶᠢ ᠪᠡᠶ᠎ᠡ ᠠᠴᠠ ᠭᠠᠳᠠᠭᠰᠢᠯᠠᠭᠤᠯᠬᠤ ᠪᠣᠯᠬᠤᠷ ᠪᠠᠶᠢᠩᠭᠤ | ᠰᠢᠭᠡᠯᠭᠡᠳᠡᠭ ᠃ ᠲᠠᠪᠣᠰᠣ ᠶᠢ ᠠᠷᠪᠢᠨ ᠢᠳᠡᠪᠡᠯ ᠴᠢᠰᠦᠨ ᠲᠠᠷᠣᠯᠳᠠ ᠥᠨᠳᠥᠷᠰᠢᠬᠦ ᠠᠴᠠ ᠭᠠᠳᠠᠨ᠎ᠠ ᠂ ᠬᠤᠳᠣᠭᠤᠳᠣᠨ ᠤ ᠦᠮᠡᠨ ᠂ ᠮᠠᠷᠢᠶᠠᠯᠠᠬᠤ ᠂ ᠵᠢᠷᠦᠬᠡᠨ ᠲᠠᠮᠢᠷ ᠢ | ᠮᠠᠭᠤᠳᠠᠭᠤᠯᠬᠤ ᠂ ᠶᠠᠰᠣ ᠰᠡᠶᠢᠷᠡᠭᠵᠢᠬᠦᠯᠬᠦ ᠵᠡᠷᠬᠡ ᠡᠪᠡᠳᠴᠢᠨ ᠢ ᠡᠬᠦᠰᠬᠡᠬᠦ ᠠᠶᠣᠯ ᠲᠠᠢ ᠃ ᠡᠶᠢᠮᠦ ᠠᠴᠠ ᠲᠠᠪᠣᠰᠣ ᠶᠢ ᠬᠡᠮᠵᠢᠶ᠎ᠠ ᠲᠠᠢ ᠢᠳᠡᠪᠡᠯ ᠵᠣᠬᠢᠨ᠎ᠠ ᠃ 1. | ᠬᠤᠭᠤᠯᠨ ᠬᠢᠬᠦ ᠳᠡᠭᠡᠨ ᠼᠣᠣ ᠂ ᠨᠢᠮᠪᠡᠭᠡ ᠶᠢᠨ ᠰᠢᠬᠦᠰᠦ ᠵᠡᠷᠬᠡ ᠬᠦᠴᠢᠯᠯᠢᠭ ᠠᠮᠳᠠ ᠲᠣᠬᠢᠷᠠᠭᠤᠯᠣᠭᠴᠢ ᠪᠠᠷ ᠲᠠᠪᠣᠰᠣ ᠪᠣᠯᠣᠨ ᠵᠢᠶᠠᠩᠶ᠋ᠢᠣ ᠶᠢ ᠣᠷᠣᠯᠠᠭᠤᠯᠵᠦ | ᠬᠡᠷᠡᠭᠯᠡᠨ᠎ᠡ ᠃ 2. ᠵᠢᠩᠨᠡᠬᠦ ᠂ ᠰᠢᠷᠠᠬᠤ ᠂ ᠴᠢᠨᠠᠬᠤ ᠵᠡᠷᠬᠡ ᠠᠷᠭ᠎ᠠ ᠶᠢ ᠬᠡᠷᠡᠭᠯᠡᠵᠦ ᠂ ᠲᠠᠪᠣᠰᠣ ᠪᠠᠭ᠎ᠠ ᠬᠢᠨ᠎ᠡ ᠃ ᠲᠠᠪᠣᠰᠣ ᠬᠢᠭᠰᠡᠨ ᠱᠦᠯᠦ ᠲᠠᠢ ᠬᠤᠭᠤᠯᠠᠨ ᠤ ᠪᠠᠨ | ᠱᠦᠯᠦ ᠶᠢ ᠪᠣᠯᠬᠤ ᠶᠢᠨ ᠲᠣᠳᠣᠷ᠎ᠠ ᠣᠣᠭᠤᠬᠤ ᠦᠬᠡᠢ ᠃ 3. ᠣᠷᠣᠰ ᠰᠣᠩᠬᠢᠨ᠎ᠠ ᠂ ᠲᠦᠪᠡᠳ ᠬᠠᠰᠢ ᠂ ᠰᠢᠷ᠎ᠠ ᠯᠣᠣᠪᠠᠩ ᠵᠡᠷᠬᠡ ᠠᠮᠳᠠᠳᠠᠢ ᠨᠣᠭᠤᠭ᠎ᠠ ᠴᠠᠭ᠎ᠠ ᠶᠢ | ᠢᠯᠡᠬᠦᠦ ᠢᠳᠡᠨ᠎ᠡ ᠃ 4. ᠰᠡᠷᠢᠬᠦᠨ ᠨᠣᠭᠤᠭ᠎ᠠ ᠬᠢᠬᠦ ᠳᠡᠭᠡᠨ ᠲᠠᠪᠣᠰᠣ ᠶᠢ ᠬᠠᠮᠤᠭ ᠤᠨ ᠰᠡᠬᠦᠯ ᠳᠤ ᠬᠢᠨ᠎ᠡ ᠃ ᠪᠠᠭ᠎ᠠ ᠲᠠᠪᠣᠰᠣ ᠰᠠᠴᠣᠭᠰᠠᠨ ᠤ ᠲᠠᠷᠠᠭ᠎ᠠ ᠼᠣᠣ ᠬᠢᠪᠡᠯ | ᠠᠮᠳᠠ ᠨᠢ ᠰᠠᠶᠢᠬᠠᠨ ᠪᠣᠯᠳᠠᠭ ᠃ 5. ᠵᠢᠶᠠᠩᠶ᠋ᠢᠣ ᠵᠡᠷᠬᠡ ᠠᠮᠳᠠ ᠲᠣᠬᠢᠷᠠᠭᠤᠯᠣᠭᠴᠢ ᠶᠢ ᠬᠡᠷᠡᠭᠯᠡᠵᠦ ᠬᠤᠭᠤᠯᠨ ᠬᠢᠬᠦ ᠳᠡᠭᠡᠨ ᠪᠠᠭ᠎ᠠ ᠪᠠᠭ᠎ᠠ ᠪᠠᠷ ᠲᠣᠰᠣᠭᠠᠨ᠎ᠠ ᠃ ᠬᠠᠷᠢᠨ | ᠨᠢᠬᠡ ᠯᠨ ᠲᠣᠣᠷ᠎ᠠ ᠬᠢᠬᠦ ᠦᠬᠡᠢ ᠃ 6. ᠠᠯᠢᠪᠠ ᠬᠤᠭᠤᠯᠨᠨ ᠳᠤ ᠪᠦᠷ ᠲᠠᠪᠣᠰᠣ ᠬᠢᠬᠦ ᠠᠯᠪᠠ ᠦᠬᠡᠢ ᠃ ᠨᠢᠭᠡ ᠡᠷᠡᠨ ᠤ ᠬᠤᠭᠤᠯᠠ ᠶᠢᠨ ᠬᠠᠮᠤᠭ ᠤᠨ ᠰᠡᠬᠦᠯ ᠳᠤ | ᠤᠤᠭᠤᠬᠤ ᠱᠦᠯᠦᠨ ᠳᠡᠭᠡᠨ ᠲᠠᠪᠣᠰᠣ ᠬᠢᠬᠦ ᠦᠬᠡᠢ ᠪᠠᠶᠢᠵᠦ ᠪᠣᠯᠣᠨ᠎ᠠ ᠃ | |