ᠨᠠᠮᠤᠷ ᠤᠨ ᠰᠡᠷᠢᠬᠦᠨ ᠤᠷᠤᠬᠤ ᠳᠤ ᠪᠡᠶ᠎ᠠ ᠪᠠᠨ ᠶᠠᠭᠠᠬᠢᠵᠤ ᠰᠤᠪᠢᠯᠠᠬᠤ ᠪᠤᠢ
ᠨᠡᠶᠢᠲᠡᠯᠡᠭᠰᠡᠨ ᠴᠠᠭ᠄
2024/8/16
     ᠵᠤᠨ ᠤ ᠬᠠᠯᠠᠭᠤᠨ ᠠᠴᠠ ᠪᠤᠯᠵᠤ ᠬᠦᠮᠦᠨ ᠤ ᠪᠡᠶ᠎ᠠ ᠶᠢᠨ ᠬᠡᠪ ᠤᠨ ᠠᠵᠢᠯᠯᠠᠭ᠎ᠠ ᠠᠳᠠᠯᠢ ᠪᠤᠰᠤ ᠬᠡᠮᠵᠢᠶᠡᠨ ᠤ ᠬᠤᠪᠢᠷᠠᠯᠳᠠ ᠲᠠᠢ ᠪᠤᠯᠵᠤ ᠂ ᠨᠠᠮᠤᠷ ᠤᠨ ᠤᠯᠠᠷᠢᠯ ᠪᠤᠯᠤᠬᠰᠠᠭᠠᠷ ᠰᠢᠯᠦᠰᠦᠨ ᠤ ᠱᠦᠬᠦᠷᠡᠯᠳᠡ ᠪᠠᠭᠠᠰᠴᠤ ᠂ ᠪᠡᠶ᠎ᠡ ᠶᠢᠨ ᠠᠷᠠᠰᠤ ᠬᠠᠭᠤᠷᠠᠶᠢᠰᠢᠬᠤ ᠂ ᠬᠠᠮᠠᠷ ᠠᠮᠠ ᠬᠠᠳᠠᠬᠤ ᠂ ᠨᠢᠳᠤ ᠤᠯᠠᠶᠢᠵᠤ ᠡᠪᠡᠳᠬᠦ ᠂ ᠬᠤᠷᠭᠤᠰᠤ ᠬᠠᠳᠠᠬᠤ ᠵᠡᠷᠭᠡ ᠡᠪᠡᠳᠴᠢᠨ ᠬᠡᠮ ᠠᠮᠠᠷᠬᠠᠨ ᠡᠬᠦᠰᠳᠡᠭ ᠂ ᠳᠡᠷᠡᠴᠢᠯᠡᠨ ᠡᠪᠡᠳᠴᠢᠨ ᠢ ᠳᠠᠭᠠᠭᠠᠬᠤ ᠴᠢᠳᠠᠪᠦᠷᠢ ᠨᠢ ᠮᠡᠳᠡᠭᠳᠡᠮ᠎ᠡ ᠪᠠᠭᠤᠷᠠᠢ ᠪᠤᠯᠳᠠᠬ ᠳᠤᠯᠠ ᠪᠤᠰᠤᠳ ᠵᠦᠢᠯ ᠤᠨ ᠶᠡᠷᠦ ᠶᠢᠨ ᠡᠪᠡᠳᠴᠢᠨ ᠠᠷᠬᠠᠬ ᠪᠤᠶᠤ ᠬᠠᠯᠳᠠᠪᠦᠷᠢᠳᠤ ᠡᠪᠡᠳᠴᠢᠨ ᠬᠢᠵᠢᠭ ᠲᠤ ᠠᠮᠠᠷᠬᠠᠨ ᠨᠡᠷᠪᠡᠭᠳᠡᠳᠡᠭ ᠃ ᠡᠶᠢᠮᠦ ᠠᠴᠠ ᠨᠠᠮᠤᠷ ᠤᠨ ᠰᠤᠪᠢᠯᠠᠯᠳᠠ ᠳᠤ ᠄    ︵ 1 ︶ ᠬᠡᠳᠤ ᠶᠠᠳᠠᠷᠠᠬᠤ ᠂ ᠤᠨᠴᠠᠭᠠᠶᠢᠯᠠᠨ ᠳᠤᠳᠤᠷ ᠳᠠᠮᠢᠷ ᠢᠶᠠᠨ ᠶᠡᠭᠡ ᠪᠠᠷᠠᠬᠤ ᠶᠢ ᠰᠡᠷᠭᠡᠶᠢᠯᠡᠵᠤ ᠬᠡᠳᠤ ᠬᠦᠯᠦᠷᠡᠬᠦ ᠦᠬᠡᠢ ᠪᠠᠶᠢᠬᠤ ᠬᠡᠷᠡᠭᠲᠡᠢ ᠃    ︵ 2 ︶ ᠠᠮᠢᠳᠤᠷᠠᠯ ᠢᠶᠠᠨ ᠵᠢᠮ᠎ᠠ ᠵᠦᠢ ᠲᠠᠢ ᠪᠠᠶᠢᠯᠭᠠᠵᠤ ᠂ ᠰᠠᠭᠤᠬᠤ ᠦᠷᠤᠬᠡᠨ ᠳᠡᠭᠡᠨ ᠬᠤᠸᠠᠷ ᠴᠡᠴᠡᠭ ᠳᠡᠵᠢᠬᠡᠵᠤ ᠦᠷᠬᠦᠯᠵᠢ ᠪᠠᠭ᠎ᠠ ᠰᠠᠭ᠎ᠠ ᠤᠰᠤ ᠰᠦᠷᠴᠢᠨ ᠠᠭᠤᠷ ᠠᠮᠢᠰᠬᠤᠯ ᠢᠶᠠᠨ ᠴᠢᠬᠢᠭᠯᠢᠭ ᠪᠠᠶᠢᠯᠭᠠᠬᠤ ᠬᠡᠷᠡᠭᠲᠡᠢ ᠃    ︵ 3 ︶ ᠢᠳᠡᠬᠡᠨ ᠤᠮᠳᠠᠭᠠᠨ ᠢᠶᠠᠨ ᠳᠤᠬᠢᠳᠡᠢ ᠳᠤᠬᠢᠷᠠᠭᠤᠯᠵᠤ ᠠᠭᠤᠰᠭᠢ ᠂ ᠴᠤᠯᠤ ᠶᠢᠨ ᠳᠠᠮᠢᠷ ᠢ ᠰᠠᠶᠢᠵᠢᠷᠠᠭᠤᠯᠬᠤ ᠰᠢᠮ᠎ᠡ ᠳᠡᠵᠢᠬᠡᠯ ᠰᠠᠶᠢᠲᠠᠢ ᠢᠳᠡᠭᠡᠨ ᠲᠤᠬᠠᠶᠢᠯᠠᠪᠠᠯ ᠮᠠᠭᠠᠵᠢ ᠂ ᠵᠢᠵᠢᠭ ᠴᠠᠭᠠᠨ ᠨᠤᠭᠤᠭ᠎ᠠ ᠂ ᠯᠤᠤᠪᠠᠩ ᠂ ᠠᠯᠢᠮ᠎ᠠ ᠂ ᠱᠠᠪᠳᠠᠯ᠎ᠠ ᠂ ᠴᠠᠭᠠᠨ ᠳᠡᠯᠳᠡᠤ ᠵᠡᠷᠭᠡ ᠶᠢ ᠢᠯᠡᠬᠦᠬᠡᠨ ᠢᠳᠡᠵᠤ ᠪᠠᠶᠢᠪᠠᠯ ᠰᠠᠶᠢᠨ ᠃    ︵ 4 ︶ ᠨᠠᠮᠤᠷ ᠪᠤᠷᠤᠭᠠᠨ ᠰᠢᠪᠡᠷᠡᠬᠦ ᠪᠦᠷᠢ ᠲᠡᠭᠷᠢ ᠬᠦᠢᠳᠡᠷᠡᠨ᠎ᠠ ᠭᠡᠳᠡᠭ ᠂ ᠪᠡᠶ᠎ᠠ ᠡᠷᠡᠬᠦᠯ ᠴᠢᠬᠢᠷᠠᠬ ᠬᠦᠮᠦᠰ ᠲᠤ ᠠᠪᠴᠤ ᠬᠡᠯᠡᠪᠡᠯ ᠬᠡᠳᠤ ᠡᠷᠳᠡ ᠡᠮᠤᠰᠴᠤ ᠵᠡᠭᠦᠬᠦ ᠪᠠᠨ ᠵᠤᠵᠠᠭᠠᠯᠠᠬᠤ ᠦᠬᠡᠢ ᠪᠤᠯ ᠵᠤᠬᠢᠨ᠎ᠠ ᠃ ᠬᠠᠷᠢᠨ ᠳᠠᠮᠢᠷ ᠤᠨ ᠪᠤᠯᠪᠠᠰᠤᠷᠠᠯ ᠳᠤ ᠢᠯᠡᠬᠦᠬᠡᠨ ᠤᠷᠤᠯᠴᠠᠵᠤ ᠂ ᠡᠪᠡᠳᠴᠢᠨ ᠢ ᠳᠠᠭᠠᠭᠠᠬᠤ ᠴᠢᠳᠠᠪᠦᠷᠢ ᠪᠠᠨ ᠲᠡᠭᠡᠭᠰᠢᠯᠡᠭᠦᠯᠬᠦ ᠬᠡᠷᠡᠭᠲᠡᠢ ᠃ ᠭᠡᠪᠡᠴᠤ ᠬᠡᠳᠤᠷᠬᠡᠢ ᠨᠢᠮᠬᠡᠨ ᠡᠮᠤᠰᠴᠤ ᠵᠡᠬᠦᠬᠦ ᠦᠬᠡᠢ ᠃ ᠦᠬᠡᠢ ᠪᠤᠯ ᠦᠶ᠎ᠠ ᠭᠡᠰᠢᠭᠦᠦ ᠶᠢᠨ ᠡᠪᠡᠳᠴᠢᠨ ᠂ ᠮᠦᠬᠡᠷᠰᠤᠨ ᠬᠤᠭᠤᠯᠠᠢ ᠶᠢᠨ ᠦᠷᠪᠢᠰᠤᠯ ᠂ ᠰᠢᠩᠭᠡᠭᠡᠯᠳᠡ ᠶᠢᠨ ᠵᠠᠮ ᠤᠨ ᠡᠪᠡᠳᠴᠢᠨ ᠵᠡᠷᠭᠡ ᠳᠤ ᠨᠡᠷᠪᠡᠭᠳᠡᠳᠡᠭ ᠃    ︵ 5 ︶ ᠨᠠᠮᠤᠷ ᠤᠨ ᠴᠠᠬ ᠲᠤ ᠬᠠᠯᠠᠭᠤᠨ ᠬᠦᠢᠳᠡᠨ ᠨᠢ ᠳᠤᠬᠳᠠᠭᠤᠨ ᠦᠬᠡᠢ ᠳᠤᠯᠠ ᠬᠡᠤᠬᠡᠳ ᠠᠮᠠᠷᠬᠠᠨ ᠡᠪᠡᠳᠴᠢᠯᠡᠳᠡᠭ ᠂ ᠨᠠᠰᠤᠳᠠᠶᠢᠴᠤᠳ ᠠᠮᠠᠷᠬᠠᠨ ᠬᠢᠮᠦᠷᠠᠬᠤ ᠪᠤᠶᠤ ᠬᠠᠭᠤᠴᠢᠨ ᠡᠪᠡᠳᠴᠢᠨ ᠬᠡᠮ ᠨᠢ ᠬᠦᠳᠡᠯᠳᠡᠭ ᠃ ᠴᠢᠰᠤᠨ ᠳᠠᠷᠤᠯᠳᠠ ᠦᠨᠳᠤᠷ ᠡᠪᠡᠳᠴᠢᠳᠡᠨ ᠨᠠᠮᠤᠷ ᠤᠨ ᠬᠦᠢᠳᠡᠨ ᠳᠤ ᠴᠢᠰᠤᠨ ᠰᠤᠳᠠᠯ ᠨᠢ ᠠᠪᠴᠢᠵᠤ ᠴᠢᠰᠤᠨ ᠳᠠᠷᠤᠯᠳᠠ ᠨᠢ ᠦᠨᠳᠤᠷᠵᠢᠳᠡᠭ ᠳᠤᠯᠠ ᠦᠷᠬᠦᠯᠵᠢ ᠴᠢᠰᠤᠨ ᠳᠠᠷᠤᠯᠳᠠ ᠪᠠᠨ ᠬᠡᠮᠵᠢᠨ ᠡᠮ ᠲᠠᠩ ᠢᠶᠠᠨ ᠳᠠᠰᠤᠯᠳᠠᠭᠤᠯᠤᠯ ᠦᠬᠡᠢ ᠤᠤᠭᠤᠵᠤ ᠂ ᠡᠮᠴᠢ ᠪᠠᠷ ᠤᠨᠤᠰᠢᠯᠠᠭᠤᠯᠬᠤ ᠶᠢ ᠠᠩᠬᠠᠷᠬᠤ ᠬᠡᠷᠡᠭᠲᠡᠢ ᠃    
ᠢᠷᠡᠯᠲᠡ᠄ ᠲᠤᠮᠳᠠᠳᠤ ᠤᠯᠤᠰ ᠤᠨ ᠮᠤᠩᠭᠤᠯ ᠭᠡᠯᠡᠨ ᠤ ᠰᠤᠨᠢᠨ ᠮᠡᠳᠡᠭᠡ ᠶᠢᠨ ᠰᠦᠯᠵᠢᠶ᠎ᠡ