ᠶᠠᠭᠤᠨ ᠳᠤ ᠵᠠᠪᠠᠯ ᠨᠤᠮ ᠤᠩᠰᠢᠬᠤ ᠪᠤᠢ︖
ᠨᠡᠶᠢᠲᠡᠯᠡᠭᠰᠡᠨ ᠴᠠᠭ᠄
2024/8/14
    1. ᠠᠯᠬᠤᠵᠤ ᠬᠦᠷᠦᠭᠡ ᠦᠭᠡᠢ ᠭᠠᠵᠠᠷ ᠲᠤ ᠨᠤᠮ ᠢᠶᠠᠷ ᠬᠦᠷᠴᠦ ᠪᠤᠯᠳᠠᠭ ᠃ ᠨᠢᠳᠦ ᠪᠠᠷ ᠬᠠᠷᠠᠭ᠎ᠠ ᠦᠬᠡᠢ ᠵᠦᠢᠯ ᠢ ᠨᠤᠮ ᠠᠴᠠ ᠣᠩᠰᠢᠵᠤ ᠮᠡᠳᠡᠳᠡᠭ ᠃ ᠡᠶᠢᠮᠦ ᠠᠴᠠ ᠣᠩᠰᠢᠭᠰᠠᠨ ᠨᠤᠮ ᠪᠤᠯ ᠬᠦᠷᠦᠭᠰᠡᠨ ᠭᠠᠵᠠᠷ ᠂ ᠬᠠᠷᠠᠬᠰᠠᠨ ᠳᠡᠯᠡᠬᠡᠢ ᠃     2. ᠬᠡᠷᠪᠡ ᠲᠠ ᠨᠠᠰᠣᠨ ᠳᠣᠷᠰᠢ ᠰᠣᠷᠬᠤ ᠶᠢᠨ ᠬᠦᠰᠡᠯ ᠲᠠᠢ ᠪᠤᠯ ᠪᠤᠯᠤᠮᠵᠢ ᠪᠦᠬᠦᠨ ᠨᠡᠬᠡᠬᠡᠯᠳᠡᠳᠡᠢ ᠰᠢᠦ ᠃ ᠰᠣᠨᠢᠭᠤᠴᠢ ᠵᠠᠩ ᠢᠶᠠᠨ ᠠᠯᠳᠠᠬᠤ ᠬᠤᠷᠤᠮ ᠳᠤ ᠯᠠ ᠬᠦᠮᠦᠨ ᠰᠠᠶ᠋ᠢ ᠵᠢᠩᠬᠢᠨᠢ ᠦᠳᠡᠯᠳᠡᠭ ᠃     3. ᠣᠩᠰᠢᠬᠰᠠᠨ ᠨᠤᠮ ᠴᠢᠨᠢ ᠲᠠᠨ ᠢ ᠬᠠᠶᠢᠷᠠᠳᠠᠢ ᠬᠦᠮᠦᠰ ᠲᠠᠢ ᠪᠠᠨ ᠠᠮᠢᠳᠣᠷᠠᠯ ᠤᠨ ᠠᠷᠰᠠᠷ ᠵᠦᠢᠯ ᠠᠴᠠ ᠪᠤᠰᠤᠤᠨ ᠶᠠᠷᠢᠬᠤ ᠶᠠᠭᠤᠮ᠎ᠠ ᠲᠠᠢ ᠪᠤᠯᠭᠠᠳᠠᠭ ᠃     4. ᠨᠠᠰᠣᠨ ᠳᠣᠷᠰᠢ ᠲᠠᠨ ᠠᠴᠠ ᠰᠠᠯᠬᠤ ᠦᠬᠡᠢ ᠵᠦᠢᠯ ᠭᠡᠵᠦ ᠪᠠᠶᠢᠳᠠᠭ ᠃ ᠡᠭᠦᠨ ᠳᠤ ᠲᠠᠨ ᠤ ᠣᠩᠰᠢᠬᠰᠠᠨ ᠨᠤᠮ ᠶᠠᠭᠠᠬᠢᠯᠳᠠ ᠴᠦ ᠦᠬᠡᠢ ᠨᠢᠬᠡ ᠨᠢ ᠶᠤᠮ ᠃    5. ᠶᠢᠷᠲᠢᠨᠴᠦ ᠲᠠᠢ ᠳᠠᠨᠢᠯᠴᠠᠵᠦ ᠂ ᠦᠪᠡᠷ ᠢ ᠪᠠᠨ ᠮᠡᠳᠡᠷᠡᠨ ᠂ ᠵᠦᠭ ᠴᠢᠭ ᠢᠶᠠᠨ ᠠᠯᠳᠠᠬᠤ ᠴᠠᠭ ᠲᠤ ᠂ ᠲᠠ ᠨᠣᠮ ᠠᠴᠠ ᠡᠷᠴᠢ ᠬᠦᠴᠦ ᠣᠯᠣᠭᠠᠷᠠᠢ ᠃     6. ᠨᠤᠮ ᠤᠨ ᠬᠠᠭᠤᠳᠠᠰᠦ ᠶᠢ ᠰᠡᠬᠦᠬᠦ ᠳᠤ ᠨᠢᠳᠦ ᠨᠡᠭᠡᠭᠡᠭᠳᠡᠵᠦ ᠴᠣ ᠰᠢᠨ᠎ᠡ ᠶᠢᠷᠲᠢᠨᠴᠦ ᠬᠠᠷᠠᠭᠳᠠᠳᠠᠭ ᠃     7. ᠣᠯᠠᠨ ᠨᠤᠮ ᠣᠩᠰᠢᠬᠤ ᠨᠢ ᠲᠠᠨ ᠢ ᠬᠠᠯᠠᠭᠤᠮᠰᠤᠭ ᠂ ᠬᠦᠭᠵᠢᠯᠳᠡᠢ ᠂ ᠦᠵᠡᠯ ᠪᠤᠳᠣᠯ ᠲᠠᠢ ᠬᠦᠮᠦᠨ ᠪᠤᠯᠭᠠᠳᠠᠭ ᠃      
ᠢᠷᠡᠯᠲᠡ᠄ ᠲᠣᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ