| 1. ᠬᠤᠭᠤᠯᠠ ᠢᠳᠡᠭᠰᠡᠨ ᠤ ᠳᠠᠷᠠᠭ᠎ᠠ ᠬᠡᠷᠡᠮ ᠲᠠᠢ ᠨᠠᠭᠠᠯᠳᠣᠵᠦ ᠵᠤᠬᠰᠣᠬᠤ ᠨᠢ ᠂ ᠮᠠᠷᠢᠶ᠎ᠠ ᠰᠢᠭᠤᠷᠠᠭᠤᠯᠵᠤ ᠰᠢᠩᠭᠡᠭᠡᠯᠲᠡ ᠶᠢ ᠰᠠᠶᠢᠵᠢᠷᠠᠭᠤᠯᠤᠨ᠎ᠠ ᠃ ᠡᠬᠢᠯᠡᠬᠡᠳ | 5 ᠮᠢᠨᠦ᠋ᠲ ᠂ ᠤᠳᠠᠭᠠᠨ ᠳᠠᠭᠠᠨ 10 ᠠᠴᠠ 15 ᠮᠢᠨᠦ᠋ᠲ ᠵᠤᠬᠰᠣᠨ᠎ᠠ ᠃ ᠵᠣᠭᠰᠣᠬᠤ ᠳᠠᠭᠠᠨ ᠲᠡᠭᠰᠢ ᠤᠯᠠ ᠲᠠᠢ ᠱᠠᠬᠠᠢ ᠡᠮᠦᠰᠬᠦ ᠶᠢ ᠠᠩᠬᠠᠷᠬᠤ ᠬᠡᠷᠡᠭᠲᠡᠢ ᠃ | 2. ᠬᠡᠷᠡᠮ ᠲᠠᠢ ᠨᠠᠭᠠᠯᠳᠣᠵᠦ ᠵᠤᠬᠰᠣᠬᠤ ᠨᠢ ᠨᠢᠷᠣᠭᠤ ᠰᠡᠭᠡᠷ ᠢ ᠠᠮᠠᠷᠠᠭᠤᠯᠳᠠᠭ ᠃ ᠪᠡᠭᠡᠵᠢᠩ ᠤᠨ ᠰᠢᠶᠧ ᠾᠧ ᠡᠮᠨᠡᠯᠭᠡ ᠶᠢᠨ ᠬᠤᠷᠢᠶᠠᠨ ᠤ ᠰᠢᠮ᠎ᠡ | ᠲᠡᠵᠢᠭᠡᠯ ᠤᠨ ᠰᠠᠯᠠᠭᠠᠨ ᠤ ᠡᠷᠬᠢᠯᠡᠭᠴᠢ ᠡᠮᠴᠢ ᠴᠧᠨ ᠸᠧᠢ ᠶᠢᠨ ᠲᠠᠨᠢᠯᠴᠠᠭᠤᠯᠤᠭᠰᠠᠨ ᠢᠶᠠᠷ ᠂ ᠬᠡᠷᠡᠮ ᠲᠠᠢ ᠨᠠᠭᠠᠯᠳᠣᠵᠦ ᠵᠣᠭᠰᠣᠪᠠᠯ ᠬᠦᠵᠦᠭᠦᠦ ᠰᠡᠭᠡᠷ ᠪᠣᠯᠣᠨ | ᠪᠦᠰᠡᠯᠡᠭᠦᠷ ᠨᠢᠷᠤᠭᠤ ᠶᠢ ᠭᠦᠢᠴᠡᠳ ᠠᠮᠠᠷᠠᠭᠤᠯᠵᠦ ᠴᠢᠳᠠᠳᠠᠭ ᠶᠤᠮ ᠪᠠᠶᠢᠨ᠎ᠠ ᠃ | 3. ᠬᠡᠷᠡᠮ ᠲᠠᠢ ᠨᠠᠭᠠᠯᠳᠣᠵᠦ ᠵᠤᠬᠰᠣᠬᠤ ᠳᠠᠭᠠᠨ ᠂ ᠨᠢᠷᠤᠭᠤ ᠪᠠᠨ ᠰᠠᠨᠠᠭᠠᠴᠢᠯᠠᠭ᠎ᠠ ᠠᠴᠠ ᠪᠠᠨ ᠳᠡᠭᠰᠢᠯᠡᠬᠦ ᠭᠡᠷᠡᠭᠳᠡᠢ ᠃ ᠡᠮᠴᠢ ᠶᠢᠨ ᠲᠠᠨᠢᠯᠴᠠᠭᠤᠯᠤᠭᠰᠠᠨ ᠢᠶᠠᠷ ᠂ | ᠬᠡᠷᠡᠮ ᠲᠠᠢ ᠨᠠᠭᠠᠯᠳᠣᠵᠦ ᠵᠣᠭᠰᠣᠬᠤ ᠦᠶ᠎ᠡ ᠰᠠᠨᠠᠭᠠᠴᠢᠯᠠᠭ᠎ᠠ ᠠᠴᠠ ᠪᠠᠨ ᠰᠡᠭᠡᠷ ᠢᠶᠠᠨ ᠵᠠᠰᠠᠵᠤ ᠪᠤᠯᠳᠠᠭ ᠂ ᠤᠴᠢᠷ ᠨᠢ ᠬᠦᠮᠦᠰ ᠰᠡᠭᠡᠷ ᠨᠢᠷᠤᠭᠤ ᠪᠠᠨ ᠬᠠᠵᠠᠶᠢᠯᠭᠠᠵᠦ | ᠵᠤᠬᠰᠣᠬᠤ ᠳᠣᠷᠠᠳᠠᠢ ᠪᠠᠶᠢᠵᠤ ᠂ ᠬᠡᠷᠡᠮ ᠲᠠᠢ ᠨᠠᠭᠠᠯᠳᠣᠵᠦ ᠵᠣᠭᠰᠣᠬᠤ ᠨᠢ ᠰᠡᠭᠡᠷ ᠨᠢᠷᠤᠭᠤ ᠶᠢ ᠵᠣᠬᠢᠬᠤ ᠬᠡᠮᠵᠢᠶ᠎ᠡ ᠪᠠᠷ ᠳᠡᠭᠰᠢᠯᠡᠬᠦ ᠪᠠ ᠵᠠᠰᠠᠬᠤ ᠦᠢᠯᠡᠳᠦᠯ ᠲᠠᠢ | ᠪᠠᠶᠢᠳᠠᠭ ᠶᠤᠮ ᠪᠠᠶᠢᠨ᠎ᠠ ᠃ | 4. ᠬᠡᠷᠡᠮ ᠲᠠᠢ ᠨᠠᠭᠠᠯᠳᠣᠵᠦ ᠵᠤᠬᠰᠣᠬᠤ ᠨᠢ ᠪᠥᠭᠲᠥᠷ ᠪᠥᠭᠴᠥᠭᠡᠷ ᠢ ᠵᠠᠰᠠᠨ᠎ᠠ ᠃ ᠪᠠᠭ᠎ᠠ ᠰᠠᠭ᠎ᠠ ᠪᠥᠭᠲᠥᠷ ᠢ ᠬᠡᠷᠡᠮ ᠲᠠᠢ ᠨᠠᠭᠠᠯᠳᠣᠵᠦ ᠵᠤᠬᠰᠣᠭᠠᠳ ᠵᠠᠰᠠᠵᠦ | ᠪᠤᠯᠳᠠᠭ ᠮᠦᠷᠳᠡᠬᠡᠨ ᠦᠷ᠎ᠡ ᠳ᠋ᠦᠩ ᠨᠢ ᠨᠡᠯᠢᠶᠡᠳ ᠵᠦᠭᠡᠷ ᠪᠠᠶᠢᠳᠠᠭ ᠶᠤᠮ ᠃ | 5. ᠬᠡᠷᠡᠮ ᠲᠠᠢ ᠨᠠᠭᠠᠯᠳᠣᠵᠦ ᠵᠣᠭᠰᠣᠪᠠᠯ ᠠᠯᠬᠤᠭ᠎ᠠ ᠭᠢᠰᠬᠢᠭᠡ ᠪᠠᠨ ᠵᠠᠰᠠᠵᠦ ᠪᠤᠯᠳᠠᠭ ᠃ ᠣᠳᠣᠬᠠᠨ ᠳᠤ ᠣᠯᠠᠨ ᠬᠦᠮᠦᠰ ᠤᠨ ᠠᠯᠬᠤᠵᠦ ᠬᠢᠰᠬᠢᠬᠦ ᠨᠢ ᠡᠪ | ᠦᠬᠡᠢ ᠪᠠᠶᠢᠵᠦ ᠂ ᠦᠷᠭᠦᠯᠵᠢ ᠬᠡᠷᠡᠮ ᠲᠠᠢ ᠨᠠᠭᠠᠯᠳᠣᠵᠦ ᠵᠤᠬᠰᠣᠪᠠᠯ ᠲᠡᠭᠦᠨ ᠢ ᠵᠠᠰᠠᠵᠦ ᠪᠤᠯᠳᠠᠭ ᠶᠤᠮ ᠪᠠᠶᠢᠨ᠎ᠠ ᠃ | | |