| ᠡᠮᠴᠢᠯᠡᠭᠡᠨ ᠤ ᠠᠨᠠᠭᠠᠬᠤ ᠤᠬᠠᠭᠠᠨ ᠤ ᠲᠠᠯ᠎ᠠ ᠠᠴᠠ ᠠᠪᠴᠤ ᠬᠡᠯᠡᠪᠡᠯ ᠥᠷᠯᠥᠭᠡ ᠡᠷᠲᠡ ᠶᠢᠨ 2 ᠠᠴᠠ 4 ᠴᠠᠭ ᠲᠤ ᠰᠡᠷᠢᠵᠦ ᠂ ᠰᠡᠷᠭᠦᠭᠰᠡᠨ ᠤ ᠰᠡᠭᠦᠯᠡᠷ ᠳᠠᠬᠢᠨ | ᠤᠨᠲᠠᠵᠤ ᠴᠢᠳᠠᠬᠤ ᠦᠭᠡᠢ ᠦᠵᠡᠭᠳᠡᠯ ᠢ ︽ ᠡᠷᠲᠡ ᠰᠡᠷᠢᠬᠦ ︾ ᠭᠡᠳᠡᠭ ᠃ ᠬᠠᠶᠠ ᠵᠠᠷᠢᠮ ᠳᠠᠭᠠᠨ ᠡᠷᠲᠡ ᠰᠡᠷᠢᠬᠦ ᠨᠢ ᠬᠦᠮᠦᠨ ᠤ ᠪᠡᠶ᠎ᠡ ᠦᠳᠡᠯᠬᠦ ᠶᠢᠨ ᠬᠡᠪ ᠤᠨ | ᠢᠯᠡᠷᠡᠯ ᠪᠤᠯᠤᠨ᠎ᠠ ᠂ ᠤᠷᠲᠤ ᠬᠤᠭᠤᠴᠠᠭ᠎ᠠ ᠪᠠᠷ ᠡᠷᠲᠡ ᠰᠡᠷᠢᠬᠦ ᠠᠴᠠ ᠪᠤᠯᠵᠤ ᠪᠠᠰᠠ ᠪᠡᠶ᠎ᠡ ᠡᠪ ᠦᠭᠡᠶᠢᠷᠡᠬᠦ ᠪᠠᠶᠢᠳᠠᠯ ᠭᠠᠷᠬᠤ ᠂ ᠲᠤᠬᠠᠶᠢᠯᠠᠪᠠᠯ ᠵᠢᠷᠦᠬᠡ ᠲᠡᠯᠡᠰᠬᠦ ᠂ | ᠴᠡᠭᠡᠵᠢ ᠪᠢᠲᠡᠭᠦᠷᠡᠬᠦ ᠂ ᠰᠠᠭᠤᠯᠭᠠᠬᠤ ᠵᠡᠷᠭᠡ ᠪᠠᠶᠢᠳᠠᠯ ᠭᠠᠷᠴᠤ ᠮᠡᠳᠡᠨ᠎ᠡ ᠂ ᠡᠨᠡ ᠨᠢ ᠠᠮᠢᠳᠤᠷᠠᠯ ᠤᠨ ᠴᠢᠨᠠᠷ ᠴᠢᠨᠰᠠᠭ᠎ᠠ ᠨᠢ ᠬᠦᠨᠳᠦ ᠨᠣᠴᠢᠲᠠᠢ ᠨᠥᠯᠦᠭᠡᠯᠡᠳᠡᠭ ᠃ | ᠵᠠᠷᠢᠮ ᠬᠦᠮᠦᠨ ᠡᠷᠲᠡ ᠰᠡᠷᠢᠭᠡᠳ ᠳᠠᠬᠢᠨ ᠤᠨᠳᠠᠵᠤ ᠲᠡᠶᠢᠯᠬᠦ ᠦᠭᠡᠢ ᠂ ᠤᠷᠳᠤ ᠬᠤᠭᠤᠴᠠᠭ᠎ᠠ ᠪᠠᠷ ᠨᠦᠢᠷ ᠠᠯᠳᠠᠳᠠᠭ ᠃ ᠰᠠᠶᠢᠳᠤᠷ ᠤᠨᠳᠠᠵᠤ ᠲᠡᠶᠢᠯᠬᠦ ᠦᠭᠡᠢ ᠪᠤᠯ | ᠨᠦᠢᠷ ᠬᠦᠷᠬᠦ ᠂ ᠣᠶᠤᠨ ᠰᠠᠨᠠᠭ᠎ᠠ ᠨᠢ ᠳᠣᠷᠣᠢ ᠪᠠᠭᠤᠷᠠᠢ ᠪᠤᠯᠬᠤ ᠪᠦᠭᠡᠳ ᠪᠠᠰᠠ ᠦᠳᠡᠯᠬᠦ ᠶᠢ ᠲᠦᠷᠭᠡᠳᠬᠡᠵᠦ ᠮᠡᠳᠡᠨ᠎ᠡ ᠃ 2024 ᠣᠨ ᠤ 3 ᠰᠠᠷ᠎ᠠ ᠳᠤ ᠂ | ᠴᠢᠩᠬᠤᠸᠠ ᠶᠡᠭᠡ ᠰᠤᠷᠭᠠᠭᠤᠯᠢ ᠶᠢᠨ ᠪᠡᠶ᠎ᠡ ᠶᠢᠨ ᠲᠠᠮᠢᠷ ᠤᠨ ᠬᠡᠯᠳᠡᠰ ᠤᠨ ᠰᠤᠳᠤᠯᠤᠬᠴᠢ ᠶᠢᠨ ︽ ᠰᠢᠨᠵᠢᠯᠡᠬᠦ ᠤᠬᠠᠭᠠᠨ ᠤ ᠮᠡᠳᠡᠬᠦᠯᠦᠯᠳᠡ ︾ ᠰᠡᠳᠬᠦᠯ ᠲᠡᠭᠡᠷ᠎ᠡ | ᠨᠡᠶᠢᠳᠡᠯᠡᠭᠰᠡᠨ ᠰᠤᠳᠤᠯᠭᠠᠨ ᠳᠤ ᠂ 7 ᠴᠠᠭ ᠤᠨᠳᠠᠪᠠᠯ ᠤᠷᠳᠤ ᠨᠠᠰᠤᠯᠠᠨ᠎ᠠ ᠂ ᠬᠡᠳᠤ ᠤᠷᠳᠤ ᠴᠠᠭ ᠤᠨᠳᠠᠬᠤ ᠪᠠ ᠭᠡᠳᠦ ᠤᠬᠤᠷ ᠴᠠᠭ ᠤᠨᠳᠠᠬᠤ ᠨᠢ ᠪᠦᠷ | ᠢᠯᠡᠷᠡᠯ ᠤᠨ ᠴᠢᠨᠠᠷᠳᠠᠢ ᠨᠠᠰᠤ ᠶᠢ ᠨᠡᠮᠡᠭᠳᠡᠬᠦᠯᠵᠦ ᠂ ᠠᠮᠢᠳᠤ ᠪᠤᠳᠠᠰ ᠤᠨ ᠤᠬᠠᠭᠠᠨ ᠤ ᠦᠳᠡᠯᠦᠬᠡ ᠨᠠᠰᠤ ᠶᠢ ᠠᠬᠢᠭᠤᠯᠳᠠᠭ ᠃ ᠬᠦᠮᠦᠨ ᠤᠨᠳᠠᠬᠰᠠᠨ ᠦᠶ᠎ᠡ ᠳᠤ ᠰᠠᠶ᠋ᠢ | ᠠᠷᠠᠰᠤ ᠮᠢᠬ᠎ᠠ ᠪᠡᠶ᠎ᠡ ᠴᠤᠬᠴᠠᠰ ᠤᠨ ᠢᠶᠠᠨ ᠲᠠᠮᠢᠷ ᠢ ᠨᠦᠬᠦᠨ ᠰᠢᠨᠡᠳᠬᠡᠳᠡᠭ ᠃ ᠤᠷᠲᠤ ᠬᠤᠭᠤᠴᠠᠭ᠎ᠠ ᠪᠠᠷ ᠤᠨᠳᠠᠵᠦ ᠲᠡᠶᠢᠯᠬᠦ ᠦᠭᠡᠢ ᠨᠦᠢᠷ ᠠᠯᠳᠠᠬᠤ ᠳᠤ ᠬᠦᠷᠪᠡᠯ | ᠠᠶᠠᠨᠳᠠᠭᠠᠨ ᠲᠦᠷᠭᠡᠨ ᠦᠳᠡᠯᠬᠦ ᠨᠢ ᠲᠦᠷᠭᠡᠳᠦᠨ᠎ᠡ ᠬᠡᠪᠡ ᠃ | | |