| ᠵᠡᠭᠦᠨᠭᠠᠷ ᠬᠤᠰᠢᠭᠤᠨ ᠤ ᠯᠦᠩ ᠺᠧᠦ ᠪᠠᠯᠭᠠᠰᠤ ᠨᠢ ᠬᠠᠲᠤᠨ ᠭᠤᠣᠯ ᠲᠠᠢ ᠬᠥᠷᠰᠢᠯᠡᠵᠦ ᠂ ᠠᠭᠤᠷ ᠠᠮᠢᠰᠬᠤᠯ ᠴᠢᠭᠢᠭᠯᠢᠭᠨᠤᠶᠢᠳᠠᠨ ᠂ ᠤᠰᠤᠨ ᠤ ᠡᠬᠢ | ᠰᠤᠷᠪᠤᠯᠵᠢ ᠭᠦᠢᠴᠡᠳ ᠪᠠᠶᠢᠳᠠᠭ ᠃ ᠡᠨᠡ ᠬᠡᠳᠦᠨ ᠡᠳᠦᠷ ᠂ ᠠᠳᠡᠬᠢ ᠴᠠᠷᠭᠠᠰᠤ ᠶᠢᠨ ᠡᠪᠡᠰᠦ ᠂ ᠰᠢᠬᠢᠷᠯᠢᠭ ᠰᠢᠯᠦᠬᠡᠢ ᠡᠷᠳᠡᠨᠢ ᠰᠢᠰᠢ᠂ ᠲᠠᠷᠪᠤᠰ ᠵᠡᠷᠭᠡ ᠲᠠᠷᠢᠮᠠᠯ | ᠡᠯᠪᠡᠭ ᠬᠤᠷᠢᠶᠠᠯᠲᠠ ᠣᠯᠵᠤ ᠂ ᠭᠠᠵᠠᠷ ᠪᠣᠯᠭᠠᠨ ᠳᠤ ᠡᠯᠪᠡᠭ ᠬᠤᠷᠢᠶᠠᠯᠲᠠ ᠶᠢᠨ ᠪᠠᠶᠠᠷ ᠪᠠᠭ᠋ᠠᠳᠤᠯ ᠢᠶᠠᠷ ᠪᠢᠯᠬᠠᠨ᠎ᠠ᠃ | | | | ᠬᠦᠩᠭᠡᠵᠢᠨ ᠰᠢᠯᠢ ᠲᠣᠰᠬᠤᠨ ᠤ ᠬᠤᠢ ᠯᠦᠩ ᠨᠡᠭᠦᠷᠡᠰᠦᠨ ᠠᠭᠤᠷᠬᠠᠢ ᠶᠢᠨ ᠳᠠᠬᠢᠨ ᠬᠠᠭᠠᠯᠪᠤᠷᠢᠯᠠᠯᠲᠠ ᠶᠢᠨ ᠣᠷᠣᠨ ᠳᠤ ᠬᠦᠷᠬᠦ ᠳᠤ ᠂ 1000 ᠭᠠᠷᠤᠢ ᠮᠦ | ᠪᠣᠷᠣ ᠴᠠᠷᠭᠠᠰᠤ ᠬᠠᠳᠤᠵᠤ ᠬᠤᠷᠢᠶᠠᠬᠤ ᠬᠤᠭᠤᠴᠠᠭᠠᠨ ᠳᠠᠭᠠᠨ ᠣᠷᠣᠵᠤ ᠂ ᠴᠠᠷᠭᠠᠰᠤ ᠨᠢ ᠬᠥᠬᠡᠷᠡᠨ ᠨᠣᠭᠤᠭᠠᠷᠠᠵᠤ ᠂ ᠠᠩᠬᠢᠯᠤᠮ᠎ᠠ ᠰᠠᠶᠢᠬᠠᠨ ᠦᠨᠦᠷ ᠬᠠᠩᠬᠤᠯᠤᠨ ᠂ | ᠤᠷᠭᠤᠯᠲᠠ ᠶᠢᠨ ᠪᠠᠶᠢᠳᠠᠯ ᠨᠢ ᠬᠥᠮᠥᠨ ᠢ ᠪᠠᠶᠠᠰᠬᠠᠵᠤ ᠪᠠᠶᠢᠯ᠎ᠠ ᠂ ᠮᠠᠰᠢᠨ ᠤ ᠬᠦᠷᠴᠢᠬᠢᠨᠡᠬᠦ ᠲᠠᠭᠤᠨ ᠢ ᠳᠠᠭᠠᠯᠳᠤᠨ ᠂ ᠪᠣᠷᠣ ᠴᠡᠴᠡᠭ ᠬᠠᠳᠬᠤᠬᠰᠠᠨ ︽ ᠨᠣᠭᠤᠭᠠᠨ | ᠬᠡᠪᠢᠰ ︾ ᠨᠢ ︽ ᠵᠢᠷᠤᠭᠠᠰᠤ ᠲᠠᠢ ᠬᠡᠪᠢᠰ ︾ ᠪᠣᠯᠵᠤ ᠂ ᠴᠠᠷᠭᠠᠰᠤ ᠶᠢᠨ ᠡᠪᠡᠰᠦ ᠨᠢ ᠮᠠᠯ ᠤᠨ ᠢᠳᠡᠬᠦ ᠳᠤᠷᠠᠲᠠᠢ ᠰᠢᠮ᠎ᠡ ᠲᠡᠵᠢᠭᠡᠯ ᠲᠠᠢ ︽ ᠡᠪᠡᠰᠦᠨ ᠪᠢᠩᠭᠠᠨ ︾ | ᠪᠣᠯᠵᠤ ᠂ ᠠᠯᠤᠰ ᠬᠤᠯᠠ ᠵᠥᠭᠡᠭᠡᠪᠦᠷᠢᠯᠡᠭᠳᠡᠬᠦ ᠪᠠᠷ ᠪᠡᠯᠡᠭᠡᠨ ᠪᠤᠯᠵᠠᠢ ᠃ | | | | | ︽ ᠮᠠᠨ ᠤ ᠳᠤᠰᠬᠤᠨ 1000 ᠭᠠᠷᠤᠢ ᠮᠦ ᠪᠣᠷᠣ ᠴᠠᠷᠭᠠᠰᠤ ᠳᠠᠷᠢᠵᠤ ᠂ ᠨᠢᠭᠡ ᠮᠦ ᠭᠠᠵᠠᠷ ᠤᠨ ᠡᠪᠡᠰᠤ ᠶᠢ 150 ᠲᠥᠭᠦᠷᠢᠭ ᠤᠨ ᠦᠨ᠎ᠡ ᠪᠠᠷ ᠤᠶᠢᠷ᠎ᠠ ᠬᠠᠪᠢ | ᠶᠢᠨ ᠲᠡᠵᠢᠭᠡᠨ ᠦᠷᠡᠵᠢᠭᠦᠯᠬᠦ ᠡᠷᠦᠬᠡ ᠳᠤ ᠬᠤᠳᠠᠯᠳᠤᠨ ᠥᠭᠳᠡᠭ ᠃ ᠣᠳᠣᠬᠠᠨ ᠳᠤ 460 ᠭᠠᠷᠤᠢ ᠮᠦ ᠡᠪᠡᠰᠤ ᠶᠢ ᠬᠤᠳᠠᠯᠳᠤᠵᠤ ᠂ ᠵᠢᠷᠭᠤᠭᠠᠨ ᠲᠦᠮᠡ ᠲᠠᠪᠤᠨ | ᠮᠢᠩᠭ᠎ᠠ ᠭᠠᠷᠤᠢ ᠲᠥᠭᠦᠷᠢᠭ ᠤᠨ ᠣᠷᠣᠯᠭ᠎ᠠ ᠤᠯᠤᠬᠰᠠᠨ ᠪᠠᠶᠢᠨ᠎ᠠ ᠂ ᠨᠠᠮᠤᠷ ᠤᠨ ᠤᠯᠠᠷᠢᠯ ᠪᠣᠯᠬᠤ ᠳᠤ ᠨᠡᠶᠢᠲᠡ 13 ᠲᠦᠮᠡᠨ ᠲᠥᠭᠦᠷᠢᠭ ᠤᠨ ᠣᠷᠣᠯᠭ᠎ᠠ ᠲᠠᠢ | ᠪᠣᠯᠵᠤ ᠂ ᠳᠤᠰᠬᠤᠨ ᠤ ᠬᠠᠮᠲᠤ ᠶᠢᠨ ᠠᠵᠤ ᠠᠬᠤᠢ ᠶᠢᠨ ᠣᠷᠣᠯᠭ᠎ᠠ ᠶᠢ ᠪᠤᠵᠠᠭᠠᠶᠢᠷᠠᠭᠤᠯᠬᠤ ᠪᠥᠭᠡᠳ ᠲᠠᠷᠢᠶᠠᠴᠢᠳ ᠤᠨ ᠣᠷᠣᠯᠭ᠎ᠠ ᠶᠢ ᠴᠤ ᠨᠡᠮᠡᠭᠳᠡᠭᠦᠯᠵᠦ ᠴᠢᠳᠠᠬᠤ | ᠪᠤᠯᠤᠨ᠎ᠠ︾ ᠭᠡᠵᠦ ᠯᠦᠩ ᠺᠧᠦ ᠪᠠᠯᠭᠠᠰᠤᠨ ᠤ ᠬᠦᠩᠭᠡ ᠶᠢᠨ ᠰᠢᠯᠢ ᠲᠣᠰᠬᠤᠨ ᠤ ᠠᠷᠠᠳ ᠤᠨ ᠵᠥᠪᠯᠡᠯ ᠤᠨ ᠭᠡᠰᠢᠭᠦᠨ ᠯᠢᠦ ᠶᠢᠨ ᠱᠢ ᠶᠠᠷᠢᠨ᠎ᠠ᠃ | | | | ᠲᠠᠨᠢᠯᠴᠠᠭᠤᠯᠤᠭᠰᠠᠨ ᠢᠶᠠᠷ ᠂ ᠪᠣᠷᠣ ᠴᠠᠷᠭᠠᠰᠤ ᠭᠠᠩᠬᠠᠭᠰᠠᠷᠠᠭᠠᠨ ᠪᠠ ᠬᠦᠢᠲᠡᠨ ᠳᠤ ᠲᠡᠰᠪᠦᠷᠢᠲᠡᠢ ᠂ ᠡᠳᠡᠭᠡᠷᠡᠯᠲᠡ ᠶᠢᠨ ᠨᠣᠷᠮ᠎ᠠ ᠨᠢ ᠥᠨᠳᠥᠷ ᠂ ᠬᠠᠮᠢᠶᠠᠷᠤᠯᠲᠠ | ᠨᠢ ᠳᠥᠭᠦᠮ ᠮᠥᠷᠲᠡᠭᠡᠨ ᠡᠪᠡᠰᠦᠨ ᠤ ᠲᠣᠰ ᠪᠡᠶ᠎ᠡ ᠶᠢᠨ ᠤᠭᠤᠷᠠᠭ ᠤᠨ ᠠᠭᠤᠯᠤᠭᠳᠠᠴᠠ ᠨᠢ ᠥᠨᠳᠥᠷ ᠂ ᠰᠢᠮ᠎ᠡ ᠲᠡᠵᠢᠭᠡᠯ ᠤᠨ ᠥᠷᠲᠡᠭ ᠨᠢ ᠥᠨᠳᠥᠷ ᠪᠠᠶᠢᠳᠠᠭ | ᠪᠣᠯᠬᠤᠷ ᠡᠪᠡᠰᠦ ᠪᠣᠷᠳᠤᠭ᠎ᠠ ᠶᠢ ᠨᠥᠬᠦᠪᠦᠷᠢᠯᠡᠬᠦ ᠬᠠᠮᠤᠭ ᠤᠨ ᠰᠠᠶᠢᠨ ᠰᠣᠩᠭᠤᠯᠲᠠ ᠪᠤᠯᠳᠠᠭ ᠪᠠᠶᠢᠨ᠎ᠠ ᠂ ᠡᠬᠢᠨ ᠤ ᠬᠤᠭᠤᠴᠠᠭᠠᠨ ᠳᠤ ᠬᠠᠳᠤᠵᠤ ᠬᠤᠷᠢᠶᠠᠪᠠᠯ ᠰᠢᠮ᠎ᠡ | ᠲᠡᠵᠢᠭᠡᠯ ᠤᠨ ᠪᠦᠷᠢᠯᠳᠦᠭᠦᠨ ᠨᠢ ᠬᠠᠮᠤᠭ ᠤᠨ ᠰᠠᠶᠢᠨ ᠪᠠᠶᠢᠳᠠᠭ ᠃ ᠣᠶᠢᠷ᠎ᠠ ᠶᠢᠨ ᠵᠢᠯ ᠤᠳ ᠲᠤ ᠂ ᠬᠦᠩᠭᠡ ᠶᠢᠨ ᠰᠢᠯᠢ ᠲᠣᠰᠬᠤᠨ ᠤ ᠨᠠᠮ ᠤᠨ ᠡᠭᠦᠷ ᠤᠨ ᠬᠢᠨ | ᠯᠦᠩ ᠺᠧᠦ ᠪᠠᠯᠭᠠᠰᠤᠨ ᠤ ᠨᠠᠮ ᠤᠨ ᠬᠤᠷᠢᠶ᠎ᠠ ᠵᠠᠰᠠᠭ ᠤᠨ ᠣᠷᠳᠣᠨ ᠪᠣᠯᠣᠨ ᠬᠤᠯᠪᠤᠭᠠᠯᠠᠨ ᠳᠠᠭᠠᠭᠠᠴᠢᠯᠠᠵᠤ ᠪᠠᠶᠢᠭ᠎ᠠ ᠪᠠᠶᠢᠭᠤᠯᠭ᠎ᠠ ᠪᠤᠯᠬᠤ ᠬᠤᠰᠢᠭᠤᠨ ᠤ | ᠠᠭᠤᠷᠬᠠᠢ ᠶᠢᠨ ᠣᠷᠣᠨ ᠤ ᠦᠢᠯᠡᠰ ᠤᠨ ᠬᠥᠭᠵᠢᠯᠲᠡ ᠶᠢᠨ ᠲᠥᠪ ᠤᠨ ᠬᠠᠪᠰᠤᠷᠤᠯᠭ᠎ᠠ ᠳᠣᠣᠷ᠎ᠠ᠂ ᠤᠯᠠᠨ ᠲᠠᠯ᠎ᠠ ᠪᠠᠷ ᠪᠠᠶᠢᠴᠠᠭᠠᠨ ᠰᠤᠳᠤᠯᠤᠯᠲᠠ ᠬᠢᠵᠦ ᠨᠤᠲᠠᠯᠠᠯᠲᠠ | ᠬᠢᠭᠡᠳ ᠂ ᠬᠤᠢ ᠯᠦᠩ ᠨᠡᠭᠦᠷᠡᠰᠦᠨ ᠠᠭᠤᠷᠬᠠᠢ ᠶᠢᠨ ᠡᠭᠡᠬᠦᠯᠤᠨ ᠪᠤᠴᠠᠭᠠᠭᠰᠠᠨ 2000 ᠭᠠᠷᠤᠢ ᠮᠦ ᠭᠠᠵᠠᠷ ᠰᠢᠷᠣᠢ ᠳᠡᠭᠡᠷ᠎ᠠ ᠪᠣᠷᠣ ᠴᠠᠷᠭᠠᠰᠤ ᠂ ᠠᠯᠮᠤᠷᠠᠳ᠂ | ᠵᠢᠵᠢᠭ ᠠᠯᠮᠤᠷᠠᠳ ᠵᠡᠷᠭᠡ ᠶᠢ ᠲᠠᠷᠢᠵᠤ ᠂ ᠬᠠᠮᠲᠤ ᠶᠢᠨ ᠠᠵᠤ ᠠᠬᠤᠢ ᠶᠢᠨ ᠣᠷᠣᠯᠭ᠎ᠠ ᠶᠢ ᠲᠣᠭᠲᠠᠭᠤᠨ ᠢᠶᠠᠷ ᠨᠡᠮᠡᠭᠳᠡᠭᠦᠯᠵᠦ ᠂ ᠠᠭᠤᠷᠬᠠᠢ ᠶᠢᠨ ᠣᠷᠣᠨ ᠤ ᠣᠷᠴᠢᠨ | ᠲᠣᠭᠤᠷᠢᠨ ᠤ ᠵᠠᠰᠠᠯᠲᠠ ᠪᠣᠯᠣᠨ ᠬᠠᠮᠲᠤ ᠶᠢᠨ ᠠᠵᠤ ᠠᠬᠤᠢ ᠶᠢᠨ ᠬᠥᠭᠵᠢᠯᠲᠡ ᠳᠤ ᠦᠯᠢᠭᠡᠷ ᠳᠠᠭᠤᠷᠢᠶᠠᠯ ᠪᠣᠯᠤᠭᠰᠠᠨ ᠪᠠᠶᠢᠨ᠎ᠠ᠃ | | | | ᠡᠯᠪᠡᠭ ᠬᠤᠷᠢᠶᠠᠯᠲᠠ ᠶᠢᠨ ᠵᠢᠷᠤᠬᠯᠠᠯ ᠨᠢ ᠬᠦᠩᠭᠡ ᠶᠢᠨ ᠰᠢᠯᠢ ᠲᠣᠰᠬᠤᠨ ᠳᠤ ᠯᠠ ᠪᠠᠶᠢᠬᠤ ᠪᠢᠰᠢ᠂ ᠡᠨᠡ ᠬᠡᠳᠦᠨ ᠡᠳᠦᠷ ᠂ ᠮᠤᠷᠢᠨᠬᠠᠰᠢᠶᠠ ᠲᠣᠰᠬᠤᠨ ᠤ ᠬᠤᠶᠠᠷ | ᠲᠦᠮᠡ ᠭᠠᠷᠤᠢ ᠮᠦ ᠰᠢᠨ᠎ᠡ ᠰᠣᠷᠭᠤᠭ ᠡᠷᠳᠡᠨᠢ ᠰᠢᠰᠢ ᠴᠤ ᠵᠠᠯᠭᠠᠪᠡᠷ ᠡᠯᠪᠡᠭ ᠬᠤᠷᠢᠶᠠᠯᠲᠠ ᠶᠢᠨ ᠬᠤᠭᠤᠴᠠᠭᠠᠨ ᠳᠠᠭᠠᠨ ᠣᠷᠣᠬᠰᠠᠨ ᠪᠠᠶᠢᠨ᠎ᠠ᠃ ᠲᠣᠰᠬᠤᠨ ᠤ ᠠᠷᠠᠳ | ᠹᠠᠨ ᠵᠢᠶᠦ᠋ᠨ ᠰᠢᠶᠠᠨ ᠡᠨᠡ ᠵᠢᠯ ᠠᠷᠪᠠᠨ ᠬᠤᠶᠠᠷ ᠮᠦ ᠰᠢᠨ᠎ᠠ ᠰᠤᠷᠭᠤᠭ ᠡᠷᠳᠡᠨᠢ ᠰᠢᠰᠢ ᠲᠠᠷᠢᠵᠦ ᠂ ᠡᠷᠳᠡᠨᠢ ᠰᠢᠰᠢ ᠨᠢ ᠰᠢᠭᠦᠰᠦᠯᠢᠭ ᠰᠠᠶᠢᠬᠠᠨ ᠠᠮᠲᠠᠲᠠᠢ ᠪᠠᠶᠢᠵᠤ ᠂ | ᠰᠢᠯᠦᠰᠦ ᠶᠢ ᠬᠤᠷᠠᠭᠤᠯᠤᠨ᠎ᠠ ᠭᠡᠵᠦ ᠶᠠᠷᠢᠨ᠎ᠠ᠃ ︽ ᠠᠷᠪᠠᠨ ᠬᠤᠶᠠᠷ ᠮᠦ ᠪᠠᠭ᠎ᠠ ᠡᠷᠳᠡᠨᠢ ᠰᠢᠰᠢ ᠶᠢ ᠤᠳᠤᠬᠠᠨ ᠳᠤ ᠵᠠᠬ᠎ᠠ ᠳᠡᠯᠭᠡᠭᠦᠷ ᠲᠤ ᠭᠠᠷᠭᠠᠵᠤ ᠂ 10 | ᠲᠥᠭᠦᠷᠢᠭ ᠲᠤ 3 ᠶᠢ ᠬᠤᠳᠠᠯᠳᠤᠨ ᠂ ᠮᠦ ᠪᠦᠷᠢ ᠶᠢᠨ ᠤᠨᠠᠯᠲᠠ ᠨᠢ 7000 ᠭᠠᠷᠤᠢ ᠰᠠᠪᠠᠭ᠎ᠠ ᠪᠠᠶᠢᠵᠤ ᠂ ᠲᠦᠮᠡᠨ ᠲᠥᠭᠦᠷᠢᠭ ᠤᠨ ᠣᠷᠣᠯᠭ᠎ᠠ ᠤᠯᠬᠤ ᠪᠤᠯᠤᠨ᠎ᠠ ᠃ | ᠡᠷᠳᠡᠨᠢ ᠰᠢᠰᠢ ᠶᠢ ᠬᠤᠳᠠᠯᠳᠤᠬᠤ ᠳᠤ ᠵᠣᠪᠠᠭ᠋ᠤ ᠬᠡᠷᠡᠭ ᠦᠭᠡᠢ ᠂ ᠬᠡᠷᠪᠡ ᠥᠪᠡᠷ ᠢᠶᠠᠨ ᠬᠤᠳᠠᠯᠳᠤᠵᠤ ᠭᠠᠷᠭᠠᠵᠤ ᠳᠡᠶᠢᠯᠬᠦ ᠦᠭᠡᠢ ᠪᠣᠯ ᠪᠠᠯᠭᠠᠰᠤᠨ ᠠᠴᠠ ᠪᠠᠰᠠ | ᠬᠠᠪᠰᠤᠷᠤᠨ ᠬᠤᠳᠠᠯᠳᠤᠵᠤ ᠥᠭᠭᠦᠨ᠎ᠡ ︾ ᠭᠡᠵᠦ ᠲᠣᠰᠬᠤᠨ ᠤ ᠠᠷᠠᠳ ᠹᠠᠨ ᠵᠢᠶᠦ᠋ᠨ ᠰᠢᠶᠠᠨ ᠶᠠᠷᠢᠨ᠎ᠠ᠃ | | | | ᠣᠶᠢᠷ᠎ᠠ ᠶᠢᠨ ᠵᠢᠯ ᠤᠳ ᠲᠤ ᠂ ᠯᠦᠩ ᠺᠧᠦ ᠪᠠᠯᠭᠠᠰᠤ ᠲᠣᠰᠬᠤᠨ ᠤ ᠬᠠᠮᠲᠤ ᠶᠢᠨ ᠠᠵᠤ ᠠᠬᠤᠢ ᠶᠢ ᠬᠥᠭᠵᠢᠭᠦᠯᠦᠨ ᠪᠤᠵᠠᠭᠠᠶᠢᠷᠠᠭᠤᠯᠬᠤ ᠶᠢ ᠦᠨᠳᠦᠰᠦᠨ | ᠱᠠᠲᠤᠨ ᠤ ᠵᠣᠬᠢᠶᠠᠨ ᠪᠠᠶᠢᠭᠤᠯᠤᠯᠲᠠ ᠶᠢᠨ ᠴᠣᠭᠴᠠᠯᠠᠯᠲᠠ᠂ ᠲᠠᠷᠢᠶᠠᠴᠢᠳ ᠤᠨ ᠣᠷᠣᠯᠭ᠎ᠠ ᠶᠢᠨ ᠨᠡᠮᠡᠭᠳᠡᠯ ᠢ ᠠᠬᠢᠭᠤᠯᠬᠤ ᠂ ᠬᠥᠳᠡᠭᠡ ᠲᠣᠰᠬᠤᠨ ᠢ ᠬᠥᠭᠵᠢᠭᠦᠯᠦᠨ | ᠮᠠᠨᠳᠤᠭᠤᠯᠬᠤ ᠶᠢ ᠲᠦᠷᠭᠡᠳᠬᠡᠬᠦ ᠴᠢᠬᠤᠯᠠ ᠭᠠᠷᠳᠠᠴᠠ ᠪᠣᠯᠭᠠᠵᠤ ᠂ ᠭᠠᠵᠠᠷ ᠰᠢᠷᠣᠢ ᠶᠢ ᠰᠢᠯᠵᠢᠬᠦᠯᠬᠦ ᠂ ᠠᠵᠤ ᠦᠢᠯᠡᠰ ᠢ ᠤᠯᠠᠨ ᠲᠠᠯ᠎ᠠ ᠪᠠᠷ ᠬᠥᠭᠵᠢᠭᠦᠯᠬᠦ ᠵᠡᠷᠭᠡ | ᠬᠡᠯᠪᠡᠷᠢ ᠪᠠᠷ ᠳᠠᠮᠵᠢᠭᠤᠯᠵᠤ ᠂ ᠭᠠᠵᠠᠷ ᠵᠦᠢ ᠶᠢᠨ ᠪᠠᠶᠢᠷᠢᠰᠢᠯ ᠵᠢᠴᠢ ᠡᠳ᠋ᠰᠢᠭᠦᠯᠬᠦ ᠵᠡᠷᠭᠡ ᠳᠠᠪᠠᠭᠤᠯᠢᠭ ᠲᠠᠭᠠᠨ ᠲᠦᠰᠢᠭᠯᠡᠨ ᠂ ᠭᠠᠵᠠᠷ ᠣᠷᠣᠨ ᠤ ᠪᠠᠶᠢᠳᠠᠯ ᠳᠠᠭᠠᠨ | ᠲᠣᠬᠢᠷᠠᠭᠤᠯᠵᠤ ᠂ ᠲᠣᠰᠬᠤᠨ ᠤ ᠪᠠᠶᠢᠳᠠᠯ ᠳᠠᠭᠠᠨ ᠲᠣᠬᠢᠷᠠᠭᠤᠯᠤᠨ ᠠᠷᠭ᠎ᠠ ᠪᠣᠳᠣᠯᠭ᠎ᠠ ᠬᠡᠷᠡᠭᠵᠢᠭᠦᠯᠵᠦ ᠂ ᠲᠣᠰᠬᠤᠨ ᠤ ᠬᠠᠮᠲᠤ ᠶᠢᠨ ᠠᠵᠤ ᠠᠬᠤᠢ ᠶᠢ ᠪᠦᠬᠦ | ᠲᠠᠯ᠎ᠠ ᠪᠠᠷ ᠬᠥᠭᠵᠢᠭᠦᠯᠦᠨ ᠪᠤᠵᠠᠭᠠᠶᠢᠷᠠᠭᠤᠯᠵᠤ ᠂ ᠲᠣᠰᠬᠤᠨ ᠤ ᠠᠷᠠᠳ ᠤᠨ ᠣᠷᠣᠯᠭ᠎ᠠ ᠶᠢ ᠨᠡᠮᠡᠭᠳᠡᠭᠦᠯᠦᠨ ᠪᠠᠶᠠᠵᠢᠭᠤᠯᠬᠤ ᠶᠢ ᠲᠠᠶᠢᠴᠢᠯᠠᠵᠤ ᠪᠠᠶᠢᠨ᠎ᠠ᠃ | ︽ᠮᠤᠷᠢᠨᠬᠠᠰᠢᠶᠠ ᠲᠣᠰᠬᠤᠨ ᠤ ᠳᠠᠷᠢᠬᠰᠠᠨ ᠡᠷᠳᠡᠨᠢ ᠰᠢᠰᠢ ᠪᠠᠷᠤᠭ 2 ᠲᠦᠮᠡ ᠭᠠᠷᠤᠢ ᠮᠦ ᠪᠠᠶᠢᠵᠤ ᠂ ᠮᠦ ᠪᠦᠷᠢ ᠶᠢᠨ ᠤᠨᠠᠯᠲᠠ ᠨᠢ ᠪᠠᠷᠤᠭ 7000 ᠰᠠᠪᠠᠭ᠎ᠠ | ᠪᠤᠢ ᠃ ᠣᠳᠣᠬᠠᠨ ᠳᠤ ᠂ ᠬᠠᠮᠤᠭ ᠤᠨ ᠡᠷᠳᠡ ᠶᠢᠨ ᠡᠷᠳᠡᠨᠢ ᠰᠢᠰᠢ ᠶᠢ ᠭᠠᠳᠠᠭᠰᠢ ᠪᠣᠷᠣᠯᠠᠭᠤᠯᠵᠤ ᠂ ᠲᠣᠰᠬᠤᠨ ᠤ ᠠᠷᠠᠳ ᠡᠷᠳᠡᠨᠢ ᠰᠢᠰᠢ ᠪᠣᠯᠣᠨ ᠲᠠᠷᠪᠤᠰ ᠢᠶᠠᠷ | ᠳᠠᠮᠵᠢᠭᠤᠯᠤᠨ 2 ᠠᠴᠠ 3 ᠮᠢᠩᠭᠠᠨ ᠲᠥᠭᠦᠷᠢᠭ ᠤᠨ ᠣᠷᠣᠯᠭ᠎ᠠ ᠶᠢ ᠨᠡᠮᠡᠭᠳᠡᠭᠦᠯᠵᠦ ᠪᠣᠯᠣᠨ᠎ᠠ ᠃ ᠮᠠᠨ ᠤ ᠳᠠᠷᠢᠬᠰᠠᠨ ᠲᠠᠷᠪᠤᠰ ᠪᠠᠷᠤᠭ 4 ᠲᠦᠮᠡᠨ ᠮᠦ ᠣᠷᠴᠢᠮ᠂ ᠮᠦ | ᠪᠦᠷᠢ ᠶᠢᠨ ᠤᠨᠠᠯᠲᠠ ᠨᠢ ᠲᠤᠯᠤᠭ᠎ᠠ ᠨᠠᠢᠮᠠᠨ ᠮᠢᠩᠭᠠᠨ ᠵᠢᠩ ᠣᠷᠴᠢᠮ ᠬᠦᠷᠴᠡᠢ᠂ ᠲᠠᠬᠢᠭᠠᠳ ᠬᠡᠳᠦᠨ ᠡᠳᠦᠷ ᠥᠩᠭᠡᠷᠡᠪᠡᠯ ᠮᠤᠷᠢᠨᠬᠠᠰᠢᠶᠠ ᠶᠢᠨ ᠲᠠᠷᠪᠤᠰ ᠪᠣᠯᠪᠠᠰᠤᠷᠠᠵᠤ ᠂ | ᠪᠠᠰᠠ ᠨᠢᠭᠡ ᠡᠯᠪᠡᠭ ᠬᠤᠷᠢᠶᠠᠯᠲᠠ ᠲᠠᠢ ᠵᠢᠯ ᠪᠣᠯᠣᠨ᠎ᠠ︾ ᠭᠡᠵᠦ ᠯᠦᠩ ᠺᠧᠦ ᠪᠠᠯᠭᠠᠰᠤᠨ ᠤ ᠮᠤᠷᠢᠨᠬᠠᠰᠢᠶᠠ ᠲᠣᠰᠬᠤᠨ ᠤ ᠨᠠᠮ ᠤᠨ ᠡᠭᠦᠷ ᠤᠨ ᠱᠦᠵᠢ ᠬᠤᠸᠠᠩ | ᠵᠢᠶᠠᠨ ᠵᠢᠶᠦ᠋ᠨ ᠶᠠᠷᠢᠨ᠎ᠠ᠃ | |