ᠭᠡᠵᠢᠭᠡ ᠪᠠᠨ ᠤᠬᠢᠶᠠᠭᠠᠳ ᠳᠠᠷᠦ᠋ᠢᠬᠠᠨ ᠦᠯᠢᠶᠡᠵᠦ ᠬᠠᠲᠠᠭᠠᠬᠤ ᠦᠦ︖ ᠣᠷᠴᠢᠮ ᠳᠤ ᠮᠠᠰᠢ ᠣᠯᠠᠨ ᠬᠥᠮᠦᠨ ᠲᠣᠯᠣᠭᠠᠶ ᠪᠠᠨ ᠤᠬᠢᠶᠠᠭᠰᠠᠨ ᠤ ᠳᠠᠷᠠᠭ᠎ᠠ | ᠳᠠᠷᠤᠢ ᠳᠤᠨᠢ ᠦᠯᠢᠶᠡᠵᠦ ᠬᠠᠲᠠᠭᠠᠬᠤ ᠡᠰᠡᠬᠦ ᠶᠢ ᠰᠦᠯᠵᠢᠶᠡᠨ ᠳᠡᠭᠡᠷ᠎ᠡ ᠮᠠᠷᠭᠤᠯᠳᠤᠵᠤ ᠪᠠᠶᠢᠨ᠎ᠠ᠃ ᠪᠡᠭᠡᠵᠢᠩ ᠶᠡᠭᠡ ᠰᠤᠷᠭᠠᠭᠤᠯᠢ ᠶᠢᠨ ᠨᠢᠭᠡᠳᠦᠭᠡᠷ ᠡᠮᠨᠡᠯᠭᠡ ᠶᠢᠨ | ᠬᠤᠷᠢᠶᠠᠨ ᠤ ᠠᠷᠠᠰᠤᠨ ᠤ ᠰᠠᠯᠠᠭᠠᠨ ᠤ ᠡᠷᠬᠢᠯᠡᠭᠴᠢ ᠡᠮᠴᠢ ᠶᠠᠩ ᠱᠤ᠋ ᠰᠢᠶᠠ ᠢᠯᠡᠷᠬᠡᠶᠢᠯᠡᠬᠦ ᠳᠡᠭᠡᠨ᠄ ︽ᠲᠣᠯᠣᠭᠠᠶ ᠪᠠᠨ ᠤᠬᠢᠶᠠᠭᠰᠠᠨ ᠤ ᠳᠠᠷᠠᠭ᠎ᠠ ᠭᠡᠵᠢᠭᠡ ᠶᠢ | ᠳᠠᠷᠦ᠋ᠢᠬᠠᠨ ᠦᠯᠢᠶᠡᠨ ᠬᠠᠳᠠᠭᠠᠵᠤ ᠪᠣᠯᠬᠤ ᠥᠬᠡᠶ︾᠂ ᠵᠠᠷᠢᠮ ᠬᠥᠮᠦᠨ ᠭᠡᠵᠢᠭᠡ ᠪᠠᠨ ᠤᠬᠢᠶᠠᠵᠤ ᠪᠠᠷᠠᠪᠠᠯ ᠴᠠᠬᠢᠯᠭᠠᠨ ᠦᠯᠢᠶᠡᠭᠦᠷ ᠢ ᠨᠡᠯᠢᠶᠡᠳ ᠶᠡᠭᠡ ᠬᠠᠯᠠᠭᠤᠨ ᠳᠤ | ᠲᠣᠬᠢᠷᠠᠭᠤᠯᠤᠨ ᠦᠯᠢᠶᠡᠯᠭᠡᠳᠡᠭ᠂ ᠡᠨᠡ ᠦᠶ᠎ᠡ ᠳᠤ ᠭᠡᠵᠢᠭᠡᠨ ᠳᠣᠲᠣᠷᠠᠬᠢ ᠤᠰᠤ ᠨᠢ ᠠᠭᠤᠷᠰᠢᠭᠠᠳ ᠦᠰᠦᠨ ᠳᠣᠲᠣᠷ᠎ᠠ ︽ᠬᠥᠭᠡᠰᠦᠯᠢᠭ ᠭᠡᠵᠢᠭᠡ︾ ᠭᠠᠷᠴᠤ | ᠦᠰᠦ ᠠᠮᠠᠷᠬᠠᠨ ᠬᠤᠭᠤᠷᠳᠠᠭ ᠭᠡᠪᠡ᠃ ᠠᠶᠠᠨᠳᠠᠭᠠᠨ ᠬᠠᠳᠠᠭᠠᠬᠤ ᠳᠤᠷᠠᠲᠠᠶ ᠬᠥᠮᠦᠨ ᠳᠤ ᠶᠠᠩ ᠡᠮᠴᠢ ᠰᠠᠨᠠᠭᠤᠯᠤᠭᠰᠠᠨ ᠨᠢ᠄ ︽ᠠᠶᠠᠨᠳᠠᠭᠠᠨ ᠬᠠᠲᠠᠭᠠᠬᠤ | ᠶᠠᠪᠤᠴᠠ ᠳᠤ ᠭᠡᠵᠢᠭᠡ ᠪᠠᠨ ᠪᠢᠲᠡᠭᠡᠶ ᠠᠬᠢᠨ ᠲᠠᠬᠢᠨ ᠰᠠᠮᠨᠠᠭᠠᠳ ᠪᠤᠢ︾᠃ ᠦᠰᠦ ᠨᠦᠢᠲᠠᠨ ᠦᠶ᠎ᠡ ᠳᠡᠭᠡᠨ᠂ ᠦᠰᠦᠨ ᠤ ᠬᠠᠭᠤᠷᠠᠶ ᠦᠷᠦᠯᠲᠡ ᠶᠢᠨ ᠬᠦᠴᠦ | ᠲᠦᠢᠯ ᠤᠨ ᠶᠡᠭᠡ᠂ ᠭᠡᠵᠢᠭᠡ ᠪᠠᠰᠠ ᠨᠡᠯᠢᠶᠡᠳ ᠬᠡᠪᠡᠷᠡᠭ ᠪᠠᠶᠢᠳᠠᠯ ᠳᠤ ᠤᠷᠤᠵᠤ᠂ ᠳᠠᠬᠢᠨ ᠳᠠᠪᠲᠠᠨ ᠰᠠᠮᠨᠠᠪᠠᠯ ᠭᠡᠵᠢᠭᠡ ᠶᠢ ᠭᠡᠮᠲᠦᠭᠡᠨ᠎ᠡ ᠭᠡᠯᠡ᠃ |