| ᠪᠢᠳᠡ ᠦᠷᠭᠦᠯᠵᠢ ᠡᠮᠴᠢ ᠶᠢᠨ ᠰᠢᠩᠭᠡᠨ ᠢᠳᠡᠭᠡᠨ ᠤᠮᠳᠠᠭᠠᠨ ᠢᠳᠡᠬᠦ ᠬᠡᠷᠡᠭᠲᠡᠢ ᠭᠡᠰᠡᠨ ᠰᠠᠨᠠᠭᠤᠯᠭ᠎ᠠ ᠶᠢ ᠤᠯᠵᠤ ᠰᠤᠨᠤᠰᠳᠠᠬ᠃ ᠭᠡᠲᠡᠯ᠎ᠡ ᠣᠯᠠᠩᠬᠢ ᠬᠥᠮᠥᠰ | ᠬᠠᠷᠠᠰᠣ ᠢᠳᠡᠭᠡᠨ ᠤᠮᠳᠠᠭᠠᠨ ᠤ ᠲᠤᠬᠠᠢ ᠪᠤᠷᠤᠭᠤ ᠲᠠᠨᠢᠯᠲᠠ ᠲᠠᠢ ᠪᠠᠶᠢᠵᠤ᠂ ᠬᠠᠷᠠᠰᠣ ᠢᠳᠡᠭᠡᠨ ᠪᠣᠯ ᠳᠠᠷᠤᠢ ︽ᠠᠯᠢ ᠴᠢᠳᠠᠬᠤ ᠪᠠᠷ ᠬᠠᠷᠠᠰᠣ ᠢᠳᠡᠭᠡᠨ ᠢᠳᠡᠵᠦ᠂ | ᠮᠢᠬ᠎ᠠ ᠢᠳᠡᠵᠦ ᠪᠣᠯᠬᠤ ᠦᠭᠡᠢ︾ ᠭᠡᠵᠦ ᠦᠵᠡᠳᠡᠭ᠃ ᠦᠨᠡᠨ ᠳᠡᠭᠡᠨ ᠢᠩᠭᠢᠵᠦ ᠢᠳᠡᠬᠦ ᠨᠢ ᠰᠢᠮ᠎ᠡ ᠲᠡᠵᠢᠭᠡᠯ ᠤᠨ ᠲᠡᠩᠴᠡᠭᠦᠷᠢ ᠳᠤ ᠠᠰᠢᠭ ᠦᠭᠡᠢ ᠮᠥᠷᠲᠡᠭᠡᠨ ᠪᠡᠶ᠎ᠡ | ᠮᠠᠬᠠᠪᠤᠳ ᠢ ᠴᠤ ᠮᠠᠭᠤᠳᠠᠭᠤᠯᠳᠠᠭ᠃ ᠰᠢᠩᠬᠡᠨ ᠬᠤᠭᠤᠯᠠ ᠢᠳᠡᠬᠦ ᠨᠢ ᠬᠠᠷᠠᠰᠣ ᠪᠤᠳᠠᠭ᠎ᠠ ᠢᠳᠡᠬᠦ ᠲᠠᠢ ᠠᠳᠠᠯᠢ ᠪᠢᠰᠢ ᠪᠡᠶ᠎ᠡ ᠮᠠᠬᠠᠪᠤᠳ ᠤᠨ ᠡᠷᠡᠭᠦᠯ ᠴᠢᠭᠢᠷᠠᠭ ᠤᠨ | ᠭᠤᠣᠯ ᠰᠢᠯᠲᠠᠭᠠᠨ ᠨᠢ ᠮᠢᠬ᠎ᠠ ᠢᠳᠡᠬᠦ ᠶᠤᠮ ᠦᠦ ᠬᠠᠷᠠᠰᠣ ᠢᠳᠡᠬᠦ ᠶᠤᠮ ᠦᠦ ᠭᠡᠳᠡᠭ ᠲᠤ ᠪᠠᠶᠢᠬᠤ ᠪᠢᠰᠢ᠂ ᠬᠠᠷᠢᠨ ᠶᠠᠭᠤ ᠢᠳᠡᠬᠦ ᠪᠠ ᠬᠡᠳᠦᠢ ᠢᠳᠡᠬᠦ ᠳᠤ ᠪᠤᠢ᠂ | ᠥᠭᠡᠷ᠎ᠡ ᠪᠠᠷ ᠬᠡᠯᠡᠪᠡᠯ ᠬᠥᠮᠥᠨ ᠤ ᠪᠡᠶ᠎ᠡ ᠶᠢᠨ ᠬᠡᠷᠡᠭᠰᠡᠬᠦ ᠰᠢᠮ᠎ᠡ ᠲᠡᠵᠢᠭᠡᠯ ᠤᠨ ᠪᠦᠷᠢᠯᠳᠦᠭᠦᠨ ᠪᠦᠷᠢᠨ ᠭᠦᠢᠴᠡᠳ ᠪᠠᠶᠢᠬᠤ ᠡᠰᠡᠬᠦ᠂ ᠬᠡᠮᠵᠢᠶ᠎ᠡ ᠨᠢ ᠳᠤᠬᠢᠷᠠᠮᠵᠢᠳᠠᠢ | ᠪᠠᠶᠢᠬᠤ ᠡᠰᠡᠬᠦ ᠳᠤ ᠪᠠᠶᠢᠳᠠᠭ᠃ ᠲᠠᠬᠢᠶ᠎ᠠ᠂ ᠨᠤᠭᠤᠰᠤ᠂ ᠵᠢᠭᠠᠰᠤᠨ ᠮᠢᠬ᠎ᠠ ᠵᠡᠷᠭᠡ ᠨᠢ ᠰᠢᠮ᠎ᠡ ᠲᠡᠵᠢᠭᠡᠯ ᠤᠨ ᠴᠢᠬᠤᠯᠠ ᠢᠷᠡᠯᠲᠡ ᠪᠣᠯᠵᠤ᠂ ᠬᠥᠮᠥᠨ ᠤ ᠪᠡᠶ᠎ᠡ ᠶᠢᠨ | ᠥᠰᠦᠯᠲᠡ ᠪᠤᠶᠢᠵᠢᠯᠲᠠ ᠪᠠ ᠰᠢᠨ᠎ᠡ ᠬᠠᠭᠤᠴᠢᠨ ᠤ ᠰᠣᠯᠢᠯᠴᠠᠭ᠎ᠠ ᠳᠤ ᠶᠡᠭᠡ ᠬᠡᠮᠵᠢᠶᠡᠨ ᠤ ᠴᠢᠨᠠᠷ ᠰᠠᠶᠢᠲᠠᠢ ᠤᠭᠤᠷᠠᠭ ᠪᠠ ᠥᠭᠡᠬᠦᠨ ᠬᠦᠴᠢᠯ ᠢ ᠬᠠᠩᠭᠠᠳᠠᠭ᠃ | ᠡᠶᠢᠮᠦ ᠠᠴᠠ ᠡᠩ ᠤᠨ ᠬᠥᠮᠥᠰ ᠲᠤ ᠠᠪᠴᠤ ᠬᠡᠯᠡᠪᠡᠯ᠂ ᠮᠢᠬᠠᠨ ᠤ ᠲᠥᠷᠥᠯ ᠢ ᠵᠣᠬᠢᠬᠤ ᠬᠡᠮᠵᠢᠶ᠎ᠡ ᠪᠠᠷ ᠢᠳᠡᠪᠡᠯ ᠪᠡᠶ᠎ᠡ ᠶᠢᠨ ᠡᠷᠡᠭᠦᠯ ᠮᠡᠨᠳᠦ ᠳᠤ ᠮᠠᠰᠢ ᠠᠰᠢᠭᠲᠠᠢ | ᠪᠠᠶᠢᠳᠠᠭ᠃ ᠡᠶᠢᠮᠦ ᠠᠴᠠ ᠡᠮᠴᠢ ᠶᠢᠨ ᠱᠠᠭᠠᠷᠳᠠᠯᠭ᠎ᠠ ᠨᠢ ᠮᠢᠬ᠎ᠠ ᠳᠤᠰᠤ ᠪᠠᠭᠠᠳᠠᠢ ᠢᠳᠡᠭᠡᠨ ᠪᠠᠶᠢᠭᠰᠠᠨ ᠴᠤ ᠴᠢᠳᠠᠬᠤ ᠶᠢᠨ ᠬᠢᠷᠢ ᠪᠠᠷ ᠮᠢᠬᠠᠲᠠᠢ ᠢᠳᠡᠭᠡᠨ ᠢ ᠢᠳᠡᠬᠦ | ᠬᠡᠷᠡᠭᠲᠡᠢ᠃ ᠮᠢᠬᠠᠲᠠᠢ ᠢᠳᠡᠭᠡᠨ ᠤᠮᠳᠠᠭᠠᠨ ᠨᠢ ᠬᠥᠮᠥᠨ ᠤ ᠪᠡᠶ᠎ᠡ ᠶᠢᠨ ᠰᠢᠨ᠎ᠡ ᠬᠠᠭᠤᠴᠢᠨ ᠤ ᠰᠣᠯᠢᠯᠴᠠᠭ᠎ᠠ ᠶᠢ ᠠᠬᠢᠭᠤᠯᠵᠤ᠂ ᠨᠡᠬᠡᠳᠡᠰᠦ ᠶᠢᠨ ᠡᠰ ᠤᠨ ᠪᠦᠲᠦᠴᠡ ᠶᠢᠨ | ᠪᠦᠷᠢᠨ ᠪᠦᠲᠦᠨ ᠪᠠᠶᠢᠬᠤ ᠶᠢ ᠪᠠᠲᠤᠯᠠᠨ᠂ ᠡᠪᠡᠳᠴᠢᠨ ᠢ ᠡᠰᠡᠷᠭᠦᠴᠡᠬᠦ ᠴᠢᠳᠠᠪᠤᠷᠢ ᠶᠢ ᠳᠡᠭᠡᠭᠰᠢᠯᠡᠭᠦᠯᠵᠦ᠂ ᠥᠲᠡᠯᠬᠦ ᠶᠢ ᠤᠳᠠᠭᠠᠰᠢᠷᠠᠭᠤᠯᠤᠨ᠂ ᠣᠷᠳᠣ ᠨᠠᠰᠤᠯᠠᠬᠤ ᠶᠢ | ᠠᠬᠢᠭᠤᠯᠳᠠᠭ᠃ ᠢᠳᠡᠭᠡᠨ ᠢ ᠤᠯᠠᠨ ᠶᠠᠩᠵᠤᠴᠢᠯᠠᠬᠤ ᠪᠣᠯ ᠦᠨᠳᠦᠰᠦᠨ ᠵᠠᠷᠴᠢᠮ ᠮᠥᠨ ᠲᠡᠭᠡᠪᠡᠯ ᠴᠣᠬᠤᠮ ᠶᠠᠭᠤ ᠶᠢ ᠵᠢᠩᠬᠢᠨᠢ ᠮᠢᠬ᠎ᠠ ᠳᠤᠰᠤ ᠪᠠᠭᠠᠳᠠᠢ ᠢᠳᠡᠭᠡᠨ | ᠤᠮᠳᠠᠭᠠᠨ ᠭᠡᠬᠦ ᠪᠤᠢ︖ ᠦᠨᠡᠨ ᠳᠡᠭᠡᠨ ᠬᠠᠷᠢᠭᠤᠯᠲᠠ ᠨᠢ ᠲᠡᠶᠢᠮᠦ ᠪᠤᠳᠤᠯᠢᠶᠠᠨᠲᠠᠢ ᠪᠢᠰᠢ᠂ ᠬᠠᠮᠤᠭ ᠤᠨ ᠦᠨᠳᠦᠰᠦᠨ ᠵᠠᠷᠴᠢᠮ ᠪᠣᠯ ᠳᠠᠷᠤᠢ ᠢᠳᠡᠭᠡᠨ ᠢ ᠣᠯᠠᠨ | ᠶᠠᠩᠵᠤ ᠶᠢᠨ ᠪᠣᠯᠭᠠᠬᠤ ᠶᠠᠪᠤᠳᠠᠯ ᠪᠣᠯᠣᠨ᠎ᠠ᠃ ᠭᠤᠣᠯ ᠢᠳᠡᠭᠡᠨ ᠨᠢ ᠨᠠᠷᠢᠮᠤ ᠲᠦᠮᠤᠰᠤ ᠶᠢᠨ ᠵᠦᠢᠯ ᠢᠶᠠᠷ ᠭᠤᠣᠯᠯᠠᠵᠤ᠂ ᠢᠳᠡᠰᠢᠨ ᠨᠣᠭᠤᠭ᠎ᠠ ᠪᠠ ᠵᠢᠮᠢᠰ ᠢ ᠵᠣᠬᠢᠬᠤ | ᠬᠡᠮᠵᠢᠶ᠎ᠡ ᠪᠠᠷ ᠢᠯᠡᠭᠦᠦ ᠢᠳᠡᠵᠦ᠂ ᠦᠷᠭᠦᠯᠵᠢ ᠰᠦ᠂ ᠪᠤᠷᠴᠠᠭ ᠤᠨ ᠲᠦᠷᠦᠯ ᠪᠠ ᠵᠣᠬᠢᠬᠤ ᠬᠡᠮᠵᠢᠶᠡᠨ ᠤ ᠵᠢᠭᠠᠰᠤ᠂ ᠵᠢᠭᠦᠷᠲᠡᠨ᠂ ᠥᠨᠳᠡᠭᠡ᠂ ᠬᠠᠷ᠎ᠠ ᠮᠢᠬ᠎ᠠ ᠢᠳᠡᠬᠦ | ᠬᠡᠷᠡᠭᠲᠡᠢ᠃ ᠡᠭᠦᠨ ᠤ ᠰᠠᠭᠤᠷᠢᠨ ᠳᠡᠭᠡᠷ᠎ᠡ ᠦᠨᠦᠷ ᠠᠮᠳᠠ ᠨᠢ ᠳᠠᠩ ᠴᠤᠯᠭᠤᠢ ᠪᠠᠶᠢᠬᠤ ᠶᠢ ᠡᠷᠬᠢᠮᠯᠡᠵᠦ᠂ ᠲᠣᠰᠣ ᠪᠠᠭ᠎ᠠ ᠳᠠᠪᠤᠰᠤ ᠪᠠᠭ᠎ᠠ ᠰᠢᠬᠢᠷ ᠪᠠᠭ᠎ᠠ ᠪᠠᠶᠢᠬᠤ ᠶᠢ | ᠪᠠᠷᠢᠮᠳᠠᠯᠠᠪᠠᠯ ᠵᠤᠬᠢᠨ᠎ᠠ᠃ ᠡᠳᠦᠷ ᠳᠤᠳᠤᠮ ᠤᠨ ᠢᠳᠡᠬᠡᠨ ᠤᠮᠳᠠᠭᠠᠨ ᠳᠠᠭᠠᠨ ᠪᠠᠶᠢᠭᠠᠯᠢᠯᠢᠬ ᠢᠳᠡᠬᠡᠨ ᠤ ᠮᠠᠲ᠋ᠧᠷᠢᠶᠠᠯ ᠰᠤᠩᠭᠤᠬᠤ ᠶᠢ ᠠᠩᠬᠠᠷᠴᠤ᠂ ᠲᠦᠬᠦᠮᠬᠡᠨ | ᠡᠳ᠋ᠰᠢᠬᠦᠯᠦᠨ ᠪᠣᠯᠪᠠᠰᠤᠷᠠᠭᠤᠯᠪᠠᠯ ᠪᠣᠯᠴᠢᠬᠠᠨ᠎ᠠ᠃ ᠬᠡᠳᠦ ᠳᠡᠯᠭᠡᠭᠦᠷ ᠤᠨ ᠵᠠᠷᠢᠮ ᠨᠠᠷᠢᠯᠢᠭ ᠪᠣᠯᠪᠠᠰᠤᠷᠠᠭᠤᠯᠤᠭᠰᠠᠨ ᠰᠤᠯᠠ ᠢᠳᠡᠭᠡᠨ ᠵᠢᠴᠢ ᠬᠤᠭᠤᠯᠠᠨ ᠭᠡᠷ ᠤᠨ | ᠬᠠᠩᠭᠠᠭᠰᠠᠨ ᠠᠮᠲᠠᠲᠤ ᠵᠠᠭᠤᠰᠢ ᠨᠢ ᠶᠡᠷᠦ ᠳᠡᠭᠡᠨ ᠲᠣᠰᠣ ᠶᠡᠭᠡ᠂ ᠳᠠᠪᠤᠰᠤ ᠶᠡᠭᠡ᠂ ᠰᠢᠬᠢᠷ ᠥᠨᠳᠥᠷ ᠪᠠᠶᠢᠵᠤ᠂ ᠴᠢᠨᠠᠬᠰᠢᠯᠠᠭᠠᠳ ᠭᠤᠷᠪᠠᠨ ᠵᠦᠢᠯ ᠨᠢ ᠪᠦᠷ ᠥᠨᠳᠥᠷ | ᠪᠠᠶᠢᠳᠠᠭ᠃ ᠦᠷᠬᠦᠯᠵᠢ ᠡᠶᠢᠮᠦᠷᠬᠦᠦ ︽ᠭᠤᠷᠪᠠᠨ ᠦᠨᠳᠦᠷ︾ ᠢᠳᠡᠬᠡᠨ ᠢᠳᠡᠪᠡᠯ ᠡᠮᠴᠢ ᠡᠷᠢᠵᠤ ︽ ᠭᠤᠷᠪᠠᠨ ᠦᠨᠳᠦᠷ︾ ︵ᠴᠢᠰᠤᠨ ᠤ ᠥᠭᠡᠬᠦ ᠥᠨᠳᠥᠷ᠂ ᠴᠢᠰᠤᠨ | ᠳᠠᠷᠤᠯᠲᠠ ᠥᠨᠳᠥᠷ᠂ ᠴᠢᠰᠤᠨ ᠰᠢᠬᠢᠷ ᠥᠨᠳᠥᠷ ︶ ᠦᠵᠡᠭᠦᠯᠬᠦ ᠲᠦᠭᠰᠢᠭᠦᠷᠢ ᠴᠦ ᠶᠡᠭᠡ ᠪᠠᠷ ᠨᠡᠮᠡᠭᠳᠡᠳᠡᠭ᠃ ︵︽ᠦᠪᠤᠷ ᠮᠤᠩᠭᠤᠯ ᠤᠨ ᠡᠳᠦᠷ ᠤᠨ ᠰᠤᠨᠢᠨ︾ ᠠᠴᠠ | ᠰᠢᠯᠵᠢᠭᠦᠯᠪᠡ︶ | | |