| ᠥᠨᠥᠳᠦᠷ᠂ ᠠᠮᠢᠲᠤᠷᠠᠯ ᠤᠨ ᠠᠶᠢᠵᠠᠮ ᠲᠦᠷᠭᠡᠰᠴᠦ᠂ ᠠᠵᠢᠯ ᠤᠨ ᠲᠠᠷᠤᠭᠠᠰᠦ ᠨᠡᠮᠡᠭᠳᠡᠨ᠂ ︽ᠬᠡᠲᠦᠷᠡᠳᠡᠯ᠎ᠡ ᠶᠠᠳᠠᠷᠠᠭᠠᠳ ᠮᠠᠷᠢᠶᠠᠯᠠᠬᠤ︾᠂ ︽ᠭᠡᠲᠦᠷᠡᠳᠡᠯ᠎ᠡ | ᠶᠠᠲᠠᠷᠠᠭᠠᠳ ᠮᠠᠨᠠᠷᠠᠬᠤ︾ ᠵᠡᠷᠭᠡ ᠡᠷᠡᠭᠦᠯ ᠮᠡᠨᠳᠦ ᠶᠢᠨ ᠠᠰᠠᠭᠤᠳᠠᠯ ᠴᠤ ᠶᠠᠪᠤᠬᠤ ᠲᠤᠲᠤᠮ ᠬᠦᠮᠦᠰ ᠤᠨ ᠠᠩᠬᠠᠷᠤᠯ ᠢ ᠲᠠᠲᠠᠵᠤ ᠪᠠᠶᠢᠨ᠎ᠠ᠃ ᠡᠳᠡᠭᠡᠷ ᠢ ᠬᠡᠯᠡᠵᠦ | ᠪᠠᠶᠢᠭ᠎ᠠ ᠨᠢ ᠲᠠᠨ ᠢ ᠠᠶᠤᠯᠭᠠᠬᠤ ᠶᠢᠨ ᠲᠥᠯᠥᠭᠡ ᠪᠢᠰᠢ᠂ ᠬᠠᠷᠢᠨ ᠡᠷᠡᠭᠦᠯ ᠮᠡᠨᠳᠦ ᠶᠢᠨ ᠠᠰᠠᠭᠤᠳᠠᠯ ᠳᠠᠭᠠᠨ ᠵᠥᠪ ᠢᠶᠠᠷ ᠬᠠᠨᠳᠤᠵᠤ᠂ ᠪᠡᠶ᠎ᠡ ᠮᠠᠬᠠᠪᠣᠳ ᠬᠠᠪᠤ ᠦᠬᠡᠢ | ᠪᠤᠯᠤᠭᠰᠠᠨ ᠤ ᠲᠠᠷᠠᠭᠠᠬᠢ ᠳᠣᠬᠢᠶ᠎ᠠ ᠶᠢ ᠡᠷᠳᠡᠭᠡᠨ ᠤᠯᠵᠦ ᠮᠡᠳᠡᠭᠡᠳ ᠬᠤᠷᠲᠤᠬᠠᠨ ᠠᠷᠭ᠎ᠠ ᠬᠡᠮᠵᠢᠶ᠎ᠡ ᠠᠪᠬᠤ ᠶᠢ ᠰᠠᠨᠠᠭᠤᠯᠤᠶ᠎ᠠ ᠭᠡᠰᠡᠨ ᠶᠤᠮ᠃ ᠲᠡᠭᠡᠪᠡᠯ ᠳᠤᠤᠷᠠᠬᠢ | ᠬᠡᠲᠦᠨ ᠰᠡᠷᠡᠮᠵᠢ ᠶᠢᠨ ᠳᠣᠬᠢᠶ᠎ᠠ ᠶᠢ ᠲᠠ ᠤᠯᠵᠦ ᠮᠡᠳᠡᠭᠰᠡᠨ ᠤᠤ︖ ᠬᠡᠪᠡᠯᠢ ᠶᠢᠨ ᠬᠡᠰᠡᠭ ᠮᠠᠷᠢᠶᠠᠯᠠᠬᠤ᠄ 30 — 50 ᠨᠠᠰᠤᠨ ᠤ ᠬᠥᠮᠦᠨ ᠤ ᠬᠡᠪᠡᠯᠢ ᠶᠢᠨ ᠬᠡᠰᠡᠭ | ᠮᠠᠷᠢᠶᠠᠯᠠᠬᠤ ᠨᠢ ᠦᠷᠭᠦᠯᠵᠢ ᠴᠢᠰᠤᠨ ᠥᠭᠡᠬᠦ ᠥᠨᠳᠥᠷᠵᠢᠬᠦ᠂ ᠡᠯᠢᠭᠡ ᠥᠭᠡᠬᠦᠯᠡᠬᠦ᠂ ᠴᠢᠰᠤᠨ ᠳᠠᠷᠤᠯᠲᠠ ᠥᠨᠳᠥᠷᠵᠢᠬᠦ ᠪᠠ ᠵᠢᠷᠦᠬᠡᠨ ᠲᠢᠲᠢᠮ ᠤᠨ ᠡᠪᠡᠳᠴᠢᠨ | ᠵᠡᠷᠭᠡ ᠲᠠᠢ ᠬᠤᠯᠪᠤᠭ᠎ᠠ ᠲᠠᠢ ᠪᠠᠶᠢᠲᠠᠭ᠃ ᠡᠭᠦᠨ ᠠᠴᠠ ᠭᠠᠳᠠᠨ᠎ᠠ᠂ ᠭᠡᠳᠡᠰᠦ ᠪᠦᠲᠦᠬᠦᠷᠡᠬᠦ ᠨᠢ ᠪᠠᠰᠠ ᠴᠢᠰᠤᠨ ᠰᠢᠬᠢᠷ ᠬᠡᠪ ᠤᠨ ᠪᠤᠰᠤ᠂ ᠲᠠᠮᠠᠬᠢ ᠲᠠᠲᠠᠬᠤ ᠵᠡᠷᠭᠡ | ᠰᠢᠯᠲᠠᠭᠠᠨ ᠪᠠ ᠢᠳᠡᠭᠡᠨ ᠤᠮᠳᠠᠭᠠᠨ ᠤ ᠮᠠᠭᠤ ᠳᠠᠳᠬᠠᠯ ᠠᠴᠠ ᠪᠣᠯᠤᠬᠰᠠᠨ ᠪᠠᠶᠢᠵᠦ ᠮᠡᠳᠡᠨ᠎ᠡ᠃ ᠬᠡᠵᠢᠬᠡ ᠤᠨᠠᠬᠤ᠄ ᠠᠵᠢᠯ ᠤᠨ ᠳᠠᠷᠤᠭᠠᠰᠤ ᠨᠡᠮᠡᠭᠳᠡᠬᠦ ᠪᠠ ᠣᠶᠤᠨ | ᠰᠠᠨᠠᠭᠠᠨ ᠤ ᠪᠠᠴᠢᠮᠳᠠᠯ ᠠᠴᠠ ᠪᠤᠯᠵᠦ ᠬᠡᠵᠢᠭᠡ ᠤᠨᠠᠲᠠᠭ᠃ ᠡᠬᠦᠨ ᠠᠴᠠ ᠭᠠᠲᠠᠨ᠎ᠠ ᠪᠠᠰᠠ ᠨᠦᠢᠷ ᠬᠤᠯᠵᠢᠬᠤ ᠡᠰᠡᠬᠦᠯ᠎ᠡ ᠬᠡᠲᠦ ᠤᠷᠤᠢ ᠤᠨᠲᠠᠬᠤ ᠵᠡᠷᠭᠡ ᠨᠢ | ᠠᠷᠠᠰᠤᠨ ᠤ ᠥᠭᠡᠬᠦ ᠶᠢᠨ ᠱᠦᠭᠦᠷᠡᠯᠲᠡ ᠶᠢ ᠨᠡᠮᠡᠭᠳᠡᠭᠦᠯᠵᠦ᠂ ᠥᠭᠡᠬᠦ ᠨᠡᠪᠴᠢᠬᠦ ᠴᠢᠨᠠᠷᠲᠠᠢ ᠦᠰᠦ ᠤᠨᠠᠬᠤ ᠪᠠᠶᠢᠲᠠᠯ ᠢ ᠡᠬᠦᠰᠭᠡᠳᠡᠭ ᠃ ᠪᠠᠰᠠ ᠵᠠᠷᠢᠮ ᠦᠷᠭᠦᠯᠵᠢ | ᠲᠣᠬᠢᠶᠠᠯᠳᠤᠳᠠᠭ ᠳᠣᠲᠣᠷ ᠰᠠᠯᠠᠭᠠᠨ ᠤ ᠡᠪᠡᠳᠴᠢᠨ᠂ ᠵᠢᠱᠢᠶᠡᠯᠡᠪᠡᠯ ᠡᠯᠢᠭᠡ ᠪᠥᠭᠡᠷᠡᠨ ᠤ ᠠᠵᠢᠯᠯᠠᠭ᠎ᠠ ᠶᠢᠨ ᠭᠡᠮᠲᠦᠯ ᠵᠢᠴᠢ ᠪᠠᠮᠪᠠᠢ ᠪᠤᠯᠴᠢᠷᠬᠠᠶ᠂ ᠳᠣᠲᠣᠭᠠᠳᠤ ᠱᠦᠭᠦᠷᠡᠯ | ᠵᠡᠷᠭᠡ ᠠᠵᠢᠯᠯᠠᠭ᠎ᠠ ᠶᠢᠨ ᠰᠠᠮᠠᠭᠤᠷᠠᠯ ᠠᠴᠠ ᠪᠣᠯᠵᠤ ᠬᠡᠵᠢᠬᠡ ᠤᠨᠠᠲᠠᠭ ᠪᠠᠶᠢᠨ᠎ᠠ᠃ ᠰᠢᠬᠡᠰᠦ ᠠᠯᠲᠠᠬᠤ᠄ 30 — 40 ᠨᠠᠰᠤᠨ ᠤ ᠬᠤᠭᠤᠷᠣᠨᠳᠣᠬᠢ ᠬᠥᠮᠦᠨ ᠪᠠᠶᠢᠨ | ᠳᠠᠬᠢᠨ ᠵᠣᠷᠯᠣᠩ ᠳᠤ ᠤᠷᠤᠵᠦ᠂ ᠵᠤᠷᠯᠤᠩ ᠳᠤ ᠤᠷᠤᠬᠤ ᠲᠤᠭ᠎ᠠ ᠨᠢ ᠡᠩ ᠤᠨ ᠬᠥᠮᠦᠨ ᠠᠴᠠ ᠢᠯᠡᠬᠦᠦ ᠪᠠᠶᠢᠬᠤ ᠨᠢ ᠡᠷᠡᠬᠦᠯ ᠮᠠᠨᠲᠦ ᠶᠢᠨ ᠠᠰᠠᠭᠤᠲᠠᠯ ᠤᠷᠤᠰᠢᠵᠦ | ᠪᠠᠶᠢᠭ᠎ᠠ ᠶᠢ ᠨᠢᠬᠡ ᠲᠠᠯ᠎ᠠ ᠠᠴᠠ ᠬᠠᠷᠠᠭᠤᠯᠵᠦ ᠪᠠᠶᠢᠲᠠᠭ᠃ ᠤᠰᠤ ᠠᠷᠪᠢᠨ ᠤᠤᠭᠤᠬᠤ᠂ ᠦᠷᠪᠢᠰᠦᠯ ᠵᠡᠷᠭᠡ ᠬᠦᠴᠦᠨ ᠵᠦᠢᠯ ᠠᠴᠠ ᠭᠠᠳᠠᠨ᠎ᠠ᠂ ᠣᠶᠤᠨ ᠰᠠᠨᠠᠭᠠᠨ ᠤ | ᠳᠠᠷᠤᠯᠲᠠ ᠨᠢ ᠮᠥᠨ ᠴᠦ ᠪᠠᠶᠢᠨ ᠲᠠᠬᠢᠨ ᠰᠢᠬᠡᠬᠦ ᠶᠢᠨ ᠨᠢᠬᠡᠨ ᠰᠢᠯᠲᠠᠭᠠᠨ ᠪᠣᠯᠤᠨ᠎ᠠ᠂ ᠪᠠᠰᠠ ᠪᠦᠬᠡᠷ᠎ᠠ ᠶᠢᠨ ᠴᠢᠯᠠᠭᠤᠵᠢᠮᠠᠯ ᠪᠤᠶᠤ ᠰᠢᠭᠡᠰᠦ ᠢᠯᠭᠠᠷᠠᠭᠤᠯᠬᠤ | ᠰᠢᠰᠲ᠋ᠧᠮ ᠤᠨ ᠡᠪᠡᠳᠴᠢᠨ ᠠᠴᠠ ᠪᠤᠯᠤᠬᠰᠠᠨ ᠪᠠᠶᠢᠵᠦ ᠮᠡᠳᠡᠨ᠎ᠡ᠃ ᠴᠡᠭᠡᠵᠢᠯᠡᠬᠦ ᠴᠢᠳᠠᠪᠤᠷᠢ ᠮᠠᠭᠤᠳᠠᠬᠤ᠄ ᠵᠣᠪᠠᠵᠦ ᠪᠤᠬᠢᠨᠢᠳᠤᠬᠤ᠂ ᠨᠦᠢᠷ ᠬᠤᠯᠵᠢᠵᠤ ᠰᠥᠨᠢᠵᠢᠨ | ᠰᠠᠭᠤᠬᠤ ᠪᠠ ᠲᠠᠷᠢᠬᠢ ᠪᠠᠨ ᠬᠡᠲᠦᠷᠡᠲᠡᠯ᠎ᠡ ᠭᠡᠷᠡᠭᠯᠡᠬᠦ ᠵᠡᠷᠭᠡ ᠨᠢ ᠪᠦᠷ ᠴᠡᠭᠡᠵᠢᠯᠡᠬᠦ ᠴᠢᠳᠠᠪᠤᠷᠢ ᠶᠢ ᠲᠤᠷᠦ᠋ᠢᠲᠠᠭᠤᠯᠲᠠᠭ᠃ ᠡᠬᠦᠨ ᠠᠴᠠ ᠭᠠᠲᠠᠨ᠎ᠠ᠂ ᠪᠡᠶ᠎ᠡ ᠶᠠᠳᠠᠷᠠᠬᠤ ᠶᠢ | ᠲᠠᠭᠠᠯᠲᠤᠨ ᠭᠠᠳᠠᠭᠠᠳᠤ ᠶᠢᠷᠳᠢᠨᠴᠤ ᠶᠢᠨ ᠬᠡᠷᠡᠭ ᠪᠣᠳᠠᠰ ᠢ ᠰᠡᠷᠭᠡᠭ ᠢᠶᠠᠷ ᠲᠠᠨᠢᠬᠤ ᠬᠡᠮᠵᠢᠶ᠎ᠡ ᠨᠢ ᠪᠠᠭᠤᠷᠠᠵᠤ᠂ ᠴᠡᠭᠡᠵᠢᠯᠡᠬᠦ ᠴᠢᠳᠠᠪᠤᠷᠢ ᠴᠤ ᠮᠠᠭᠤᠲᠠᠲᠠᠭ᠃ ᠴᠡᠭᠡᠵᠢ ᠪᠠᠷ | ᠪᠤᠲᠤᠬᠤ ᠴᠢᠲᠠᠪᠦᠷᠢ ᠲᠤᠷᠦ᠋ᠢᠲᠠᠬᠤ᠄ ᠴᠡᠭᠡᠵᠢᠯᠡᠬᠦ ᠴᠢᠳᠠᠪᠤᠷᠢ ᠪᠠᠭᠤᠷᠠᠬᠤ ᠲᠠᠢ ᠠᠳᠠᠯᠢ ᠪᠠᠷ᠂ ᠴᠡᠭᠡᠵᠢ ᠪᠠᠷ ᠪᠤᠳᠤᠬᠤ ᠴᠢᠳᠠᠪᠤᠷᠢ ᠶᠢᠨ ᠮᠠᠭᠤᠳᠠᠬᠤ ᠨᠢ ᠴᠦ ᠰᠥᠨᠢᠵᠢᠨ | ᠰᠠᠭᠤᠬᠤ᠂ ᠨᠦᠢᠷ ᠬᠤᠯᠵᠢᠬᠤ ᠵᠡᠷᠭᠡ ᠲᠠᠢ ᠬᠤᠯᠪᠣᠭ᠎ᠠ ᠲᠠᠢ ᠪᠠᠶᠢᠳᠠᠭ᠃ ᠠᠭᠤᠷᠯᠠᠵᠦ ᠲᠤᠭᠰᠢᠷᠠᠬᠤ᠄ ᠡᠨᠡ ᠨᠢ ᠠᠵᠢᠯ ᠤᠨ ᠲᠠᠷᠤᠭᠠᠰᠦ᠂ ᠠᠮᠢᠲᠤᠷᠠᠯ ᠤᠨ | ᠨᠤᠬᠤᠴᠠᠭᠠᠨ ᠠᠴᠠ ᠪᠤᠯᠤᠬᠰᠠᠨ ᠪᠠᠶᠢᠵᠦ ᠮᠡᠳᠡᠨ᠎ᠡ᠃ ᠡᠳᠡᠭᠡᠷ ᠢᠯᠡᠷᠡᠯ ᠭᠠᠷᠪᠠᠯ ᠴᠠᠭ ᠲᠤᠬᠠᠶ ᠳᠤᠨᠢ ᠥᠪᠡᠷ ᠤᠨ ᠰᠡᠳᠭᠢᠴᠡ ᠪᠠ ᠠᠵᠢᠯᠯᠠᠵᠤ ᠠᠮᠠᠷᠠᠬᠤ ᠴᠠᠭ ᠢᠶᠠᠨ | ᠲᠣᠬᠢᠷᠠᠭᠤᠯᠵᠦ᠂ ᠰᠡᠳᠭᠢᠯ ᠰᠠᠨᠠᠭ᠎ᠠ ᠪᠠᠨ ᠲᠠᠶᠢᠪᠤᠰᠢᠷᠠᠭᠤᠯᠵᠦ᠂ ᠲᠤᠭᠤᠰᠢᠲᠠᠢ ᠠᠮᠠᠷᠠᠵᠦ ᠪᠤᠯᠤᠨ᠎ᠠ᠃ ᠠᠩᠬᠠᠷᠤᠯ ᠲᠥᠪᠯᠡᠷᠡᠭᠦ ᠦᠬᠡᠢ᠄ ᠡᠨᠡ ᠨᠢ ᠨᠦᠢᠷ ᠮᠠᠭᠤ ᠠᠴᠠ | ᠪᠤᠯᠤᠬᠰᠠᠨ ᠠᠴᠠ ᠭᠠᠳᠠᠨ᠎ᠠ ᠤᠶᠤᠨ ᠰᠠᠨᠠᠭᠠᠨ ᠤ ᠭᠠᠨᠭ᠍ᠰᠠᠷᠠᠯ ᠲᠠᠢ ᠬᠠᠮᠢᠶ᠎ᠠ ᠲᠠᠢ ᠪᠠᠶᠢᠵᠦ ᠮᠡᠳᠡᠨ᠎ᠡ᠃ ᠰᠡᠳᠭᠢᠯ ᠤᠨ ᠳᠠᠷᠤᠯᠲᠠ ᠶᠡᠭᠡ ᠪᠤᠯ ᠪᠡᠶ᠎ᠡ ᠴᠦ ᠲᠠᠭᠠᠨ | ᠮᠠᠭᠤᠲᠠᠵᠦ᠂ ᠤᠷᠮ᠎ᠠ ᠰᠡᠳᠭᠢᠯᠭᠡ ᠶᠢ ᠨᠥᠯᠥᠭᠡᠯᠡᠬᠦ ᠪᠠᠷ ᠪᠠᠷᠠᠬᠤ ᠥᠬᠡᠶ ᠬᠥᠮᠦᠰ ᠤᠨ ᠲᠠᠨᠢᠨ ᠮᠡᠳᠡᠬᠦᠶ ᠶᠢ ᠴᠦ ᠨᠥᠯᠥᠭᠡᠯᠡᠳᠡᠭ᠃ ᠡᠶᠢᠮᠦ ᠠᠴᠠ ᠡᠩ ᠤᠨ | ᠠᠮᠢᠲᠤᠷᠠᠯ ᠳᠠᠭᠠᠨ ᠲᠠᠷᠤᠭᠠᠰᠦ ᠪᠠᠨ ᠬᠦᠡᠭᠭᠡᠯᠡᠵᠦ ᠰᠡᠳᠭᠢᠯ ᠢᠶᠠᠨ ᠠᠷᠭᠠᠲᠠᠵᠦ ᠰᠤᠷᠬᠤ ᠨᠢ ᠴᠢᠬᠤᠯᠠ᠃ ᠨᠦᠢᠷ ᠮᠠᠭᠤᠳᠠᠬᠤ᠄ ᠤᠨᠲᠠᠬᠤ ᠴᠠᠭ ᠤᠯᠠᠮ ᠠᠴᠠ ᠤᠯᠠᠮ | ᠣᠬᠤᠷ ᠪᠣᠯᠵᠤ᠂ ᠰᠦᠨᠢ ᠳᠡᠭᠡᠨ ᠤᠨᠲᠠᠬᠤ ᠦᠬᠡᠢ᠂ ᠡᠲᠦᠷ ᠲᠡᠭᠡᠨ ᠴᠤᠭ ᠰᠦᠯᠳᠡ ᠦᠬᠡᠢ᠃ ᠡᠳᠡᠭᠡᠷ ᠨᠢ ᠪᠦᠷ ᠣᠶᠤᠨ ᠰᠠᠨᠠᠭᠠᠨ ᠤ ᠰᠠᠮᠠᠭᠤᠷᠠᠯ ᠠᠴᠠ ᠪᠣᠯᠵᠠᠶ᠃ | ᠣᠶᠤᠨ ᠰᠠᠨᠠᠭᠠᠨ ᠤ ᠳᠠᠷᠤᠯᠲᠠ ᠶᠡᠭᠡ᠂ ᠰᠠᠨᠲᠤᠷᠤᠯ ᠪᠠᠴᠢᠮᠳᠠᠯ ᠠᠴᠠ ᠪᠣᠯᠵᠤ ᠤᠨᠲᠠᠯᠭ᠎ᠠ ᠶᠢᠨ ᠶᠠᠰᠦ ᠴᠢᠨᠠᠷ ᠳᠣᠷᠣᠭᠰᠢᠯᠠᠨ᠎ᠠ᠃ ᠤᠨᠲᠠᠬᠤ ᠠᠴᠠ ᠪᠠᠨ ᠡᠮᠦᠨ᠎ᠡ | ᠬᠥᠭᠵᠢᠮ ᠰᠣᠨᠣᠰᠴᠤ᠂ ᠰᠡᠳᠭᠢᠯ ᠰᠠᠨᠠᠭ᠎ᠠ ᠪᠠᠨ ᠲᠠᠶᠢᠪᠤᠰᠢᠷᠠᠭᠤᠯᠵᠤ᠂ ᠪᠠᠰᠠ ᠬᠠᠯᠠᠭᠤᠨ ᠤᠰᠤ ᠪᠠᠷ ᠬᠦᠯ ᠢᠶᠠᠨ ᠲᠡᠪᠳᠦᠭᠡᠭᠦ ᠪᠤᠶᠤ ᠨᠢᠭᠡ ᠴᠣᠮᠣ ᠬᠠᠯᠠᠭᠤᠨ ᠰᠦ | ᠤᠤᠭᠤᠵᠤ ᠪᠣᠯᠤᠨ᠎ᠠ᠂ ᠡᠨᠡ ᠨᠢ ᠪᠦᠷ ᠤᠨᠲᠠᠯᠭ᠎ᠠ ᠳᠤ ᠬᠠᠪᠰᠤᠷᠤᠮᠵᠢ ᠪᠣᠯᠳᠠᠭ᠃ ᠲᠣᠯᠣᠭᠠᠢ ᠡᠪᠡᠳᠴᠦ ᠴᠢᠬᠢ ᠱᠤᠤᠭᠢᠬᠤ᠄ ᠦᠷᠭᠦᠯᠵᠢ ᠶᠢᠨ ᠴᠢᠨᠠᠷᠲᠠᠢ ᠲᠣᠯᠣᠭᠠᠢ | ᠡᠪᠡᠳᠬᠦ᠂ ᠴᠢᠬᠢ ᠱᠤᠤᠭᠢᠬᠤ ᠨᠢ ᠶᠡᠷᠦ ᠳᠡᠭᠡᠨ ᠪᠦᠷ ᠮᠡᠳᠡᠷᠡᠯ ᠤᠨ ᠴᠢᠨᠠᠷᠲᠠᠢ ᠪᠠᠶᠢᠲᠠᠭ᠃ ᠤᠷᠲᠤ ᠬᠤᠭᠤᠴᠠᠭᠠᠨ ᠤ ᠶᠠᠳᠠᠷᠠᠯ ᠵᠦᠳᠡᠷᠡᠯ᠂ ᠣᠶᠤᠨ ᠰᠠᠨᠠᠭᠠᠨ ᠤ | ᠳᠠᠷᠤᠯᠲᠠ ᠶᠡᠭᠡ᠂ ᠤᠨᠲᠠᠬᠤ ᠴᠠᠭ ᠬᠦᠷᠦᠯᠴᠡᠬᠦ ᠦᠭᠡᠢ᠂ ᠨᠦᠢᠷ ᠮᠠᠭᠤᠳᠠᠬᠤ ᠵᠡᠷᠭᠡ ᠰᠢᠯᠲᠠᠭᠠᠨ ᠠᠴᠠ ᠪᠤᠯᠤᠬᠰᠠᠨ ᠪᠠᠶᠢᠲᠠᠭ ᠶᠤᠮ᠃ ᠶᠡᠷᠦᠩᠬᠡᠢ ᠳᠤᠨᠢ ᠠᠪᠴᠤ ᠬᠡᠯᠡᠪᠡᠯ᠂ | ᠬᠡᠪ ᠤᠨ ᠶᠣᠰᠣᠭᠠᠷ ᠠᠵᠢᠯᠯᠠᠵᠤ ᠠᠮᠠᠷᠠᠨ᠂ ᠢᠳᠡᠭᠡᠨ ᠤᠮᠲᠠᠭᠠᠨ ᠢᠶᠠᠨ ᠰᠠᠶᠢᠲᠦᠷ ᠲᠤᠬᠢᠷᠠᠭᠤᠯᠵᠦ᠂ ᠰᠡᠳᠭᠢᠯ ᠰᠠᠨᠠᠭ᠎ᠠ ᠪᠠᠨ ᠪᠠᠶᠠᠰᠬᠠᠵᠦ᠂ ᠬᠠᠨᠲᠠᠯ᠎ᠠ ᠤᠨᠲᠠᠬᠤ ᠶᠢ | ᠪᠠᠲᠤᠯᠠᠪᠠᠯ ᠲᠡᠭᠡᠷ᠎ᠡ ᠶᠠᠷᠢᠬᠰᠠᠨ ᠡᠳᠡᠭᠡᠷ ᠢᠯᠡᠷᠡᠯ ᠠᠭᠠᠵᠢᠮ ᠳᠠᠭᠠᠨ ᠠᠷᠢᠯᠬᠤ ᠪᠤᠯᠤᠨ᠎ᠠ᠃ ︵︽ ᠲᠤᠮᠳᠡᠳᠥ ᠤᠯᠤᠰ ᠤᠨ ᠮᠤᠩᠭᠤᠯ ᠬᠡᠯᠠᠨ ᠤ ᠰᠤᠨᠢᠨ ᠮᠠᠳᠡᠭᠡ ᠶᠢᠨ | ᠰᠥᠯᠵᠢᠶ᠎ᠠ︾ ᠠᠴᠠ︶ | | |