ᠬᠦᠯ ᠤᠨ ᠰᠢᠷᠪᠤᠰᠤ
ᠨᠡᠶᠢᠲᠡᠯᠡᠭᠰᠡᠨ ᠴᠠᠭ᠄
2024/6/12
    ᠰᠢᠯᠪᠢ ᠶᠢᠨ ᠪᠤᠯᠴᠢᠩ ᠪᠠ ᠬᠥᠯ ᠤᠨ ᠤᠯᠠ ᠳᠠᠭᠠᠤ ᠶᠢᠨ ᠪᠤᠯᠴᠢᠩ ᠤᠨ ᠰᠢᠷᠪᠤᠰᠤ ᠬᠠᠮᠤᠭ ᠤᠨ ᠠᠮᠠᠷᠬᠠᠨ ᠳᠠᠳᠠᠳᠠᠬ᠃ ᠳᠤᠤᠷᠠᠬᠢ ᠭᠤᠷᠪᠠᠨ ᠵᠦᠢᠯ ᠤᠨ ᠠᠷᠭ᠎ᠠ ᠨᠢ ᠡᠬᠦᠨ ᠳᠤ ᠮᠠᠰᠢ ᠦᠢᠯᠡᠳᠦᠯ ᠲᠠᠢ ᠪᠠᠶᠢᠳᠠᠬ᠃    ᠨᠢᠭᠡ᠂ ᠲᠠᠲᠠᠵᠤ ᠰᠤᠩᠭᠠᠬᠤ᠄ ᠰᠠᠭᠤᠬᠰᠠᠨ ᠤ ᠳᠠᠷᠠᠭ᠎ᠠ ᠰᠢᠷᠪᠦᠰᠦ ᠲᠠᠲᠠᠭᠰᠠᠨ ᠬᠥᠯ ᠢᠶᠠᠨ ᠵᠢᠭᠢᠵᠤ᠂ ᠪᠡᠶ᠎ᠡ ᠪᠠᠨ ᠡᠮᠦᠨᠡᠰᠢ ᠪᠥᠬᠦ᠋ᠢᠯᠭᠡᠵᠦ᠂ ᠭᠠᠷ ᠢᠶᠠᠷ ᠢᠶᠠᠨ ᠬᠥᠯ ᠤᠨ ᠤᠯᠠ ᠪᠠᠨ ᠪᠠᠷᠢᠵᠤ᠂ ᠠᠭᠠᠵᠢᠮ ᠢᠶᠠᠷ ᠪᠡᠶ᠎ᠡ ᠶᠢᠨ ᠢᠶᠠᠨ ᠵᠦᠭ ᠲᠠᠲᠠᠵᠤ᠂ ᠲᠠᠲᠠᠪᠠᠯᠵᠠᠬᠤ ᠶᠢ ᠨᠠᠮᠳᠠᠭᠤᠯᠤᠨ᠎ᠠ᠃ ᠬᠡᠷᠪᠡ ᠰᠠᠭᠤᠬᠤ ᠳᠤ ᠳᠥᠭᠦᠮ ᠦᠭᠡᠢ ᠪᠣᠯ ᠪᠢᠳᠡ ᠵᠥᠪᠬᠡᠨ ᠬᠥᠯ ᠤᠨ ᠡᠷᠡᠬᠡᠢ ᠬᠤᠷᠤᠭᠤ ᠪᠠᠨ ᠬᠦᠴᠦᠲᠡᠢ ᠡᠷᠭᠦᠵᠦ᠂ ᠰᠢᠯᠪᠢ ᠪᠠᠨ ᠵᠢᠬᠢᠪᠡᠯ ᠰᠢᠷᠪᠦᠰᠦ ᠲᠠᠲᠠᠬᠤ ᠶᠢ ᠲᠦᠷᠭᠡᠨ ᠨᠠᠮᠳᠠᠭᠤᠯᠵᠤ ᠴᠢᠳᠠᠨ᠎ᠠ᠃    ᠬᠤᠶᠠᠷ᠂ ᠢᠯᠢᠵᠦ ᠨᠤᠬᠤᠯᠠᠬᠤ᠄ ᠢᠯᠢᠵᠦ ᠨᠤᠬᠤᠯᠠᠬᠤ ᠪᠤᠶᠤ ᠬᠦᠩᠬᠡᠨ ᠠᠳᠬᠤᠬᠤ ᠨᠢ ᠬᠦᠯ ᠤᠨ ᠰᠢᠷᠪᠤᠰᠤ ᠳᠠᠳᠠᠬᠤ ᠶᠢ ᠨᠠᠮᠳᠠᠭᠤᠯᠵᠤ ᠴᠢᠳᠠᠳᠠᠬ᠃    ᠭᠤᠷᠪᠠ᠄ ᠬᠠᠯᠠᠭᠤᠨ ᠵᠢᠩ ᠲᠠᠯᠪᠢᠨ᠎ᠠ᠃ ᠬᠠᠯᠠᠭᠤᠨ ᠠᠯᠴᠢᠭᠤᠷ ᠪᠤᠶᠤ ᠬᠠᠯᠠᠭᠤᠨ ᠤᠰᠤ᠂ ᠴᠠᠬᠢᠯᠭᠠᠨ ᠬᠡᠪᠢᠰ ᠵᠡᠷᠭᠡ ᠪᠠᠷ ᠰᠢᠷᠪᠤᠰᠤ ᠨᠢ ᠳᠠᠳᠠᠬᠰᠠᠨ ᠪᠤᠯᠴᠢᠩ ᠳᠠᠭᠠᠨ ᠬᠠᠯᠠᠭᠤᠨ ᠵᠢᠩ ᠳᠠᠯᠪᠢᠪᠠᠯ᠂ ᠰᠢᠷᠪᠤᠰᠤ ᠳᠠᠳᠠᠬᠤ ᠶᠢ ᠨᠠᠮᠳᠠᠭᠤᠯᠵᠤ ᠲᠡᠶᠢᠯᠦᠨ᠎ᠡ᠃             
ᠢᠷᠡᠯᠲᠡ᠄ ᠦᠪᠤᠷ ᠮᠤᠩᠭᠤᠯ ᠤᠨ ᠡᠳᠦᠷ ᠤᠨ ᠰᠤᠨᠢᠨ