| ᠰᠠᠶᠢᠨ ᠨᠣᠮ ᠭᠡᠲᠡᠭ ᠪᠣᠯ ᠬᠥᠮᠥᠨ ᠲᠥᠷᠥᠯᠬᠢᠲᠡᠨ ᠤ ᠤᠶᠤᠨ ᠤᠬᠠᠭᠠᠨ ᠤ ᠤᠭᠢ ᠲᠠᠯᠠᠰᠲᠤ ᠶᠤᠮ ᠃ ᠣᠨ ᠵᠢᠯ ᠤᠨ ᠤᠷᠳᠤ ᠠᠶᠠᠨ ᠳᠤ ᠰᠢᠯᠢᠭᠳᠡᠵᠦ | ᠰᠣᠩᠭᠤᠭᠳᠠᠭᠰᠠᠭᠠᠷ ᠥᠩᠭᠡ ᠭᠢᠯᠠᠯᠵᠠᠭᠰᠠᠨ ᠰᠤᠪᠤᠳ ᠮᠡᠲᠦ ᠰᠠᠶᠢᠨ ᠨᠣᠮ ᠨᠢ ᠬᠥᠮᠥᠰ ᠤᠨ ᠰᠡᠳᠬᠢᠯ ᠳᠤ ᠲᠣᠭᠤᠭᠳᠠᠨ ᠦᠯᠡᠳᠡᠵᠦ ᠂ ᠰᠣᠩᠭᠤᠳᠠᠭ ᠨᠣᠮ ᠤᠨ | ᠵᠢᠭᠰᠠᠭᠠᠯᠲᠠ ᠳᠤ ᠪᠠᠭᠲᠠᠭᠳᠠᠨ ᠣᠷᠣᠵᠤ ᠂ ᠨᠣᠮ ᠤᠨ ᠪᠠᠭ᠋ᠠᠲᠠᠳ ᠤᠨ ᠪᠢᠴᠢᠭ ᠤᠨ ᠰᠢᠷᠡᠭᠡᠨ᠎ᠡ ᠳᠡᠯᠭᠡᠭᠳᠡᠵᠦ ᠪᠠᠶᠢᠳᠠᠭ ᠃ ᠰᠠᠶᠢᠨ ᠨᠣᠮ ᠰᠣᠳᠣᠨ ᠰᠤᠳᠤᠷ ᠨᠢ | ᠬᠥᠮᠥᠨ ᠲᠥᠷᠥᠯᠬᠢᠲᠡᠨ ᠤ ᠤᠶᠤᠨ ᠤᠬᠠᠭᠠᠨ ᠤ ᠰᠢᠮ᠎ᠡ ᠠᠮᠲᠠ ᠂ ᠤᠭᠤᠷᠠᠭ ᠲᠠᠷᠢᠬᠢᠨ ᠤ ᠬᠢᠨᠢ ᠰᠢᠳᠢᠲᠦ ᠡᠷᠴᠢ ᠂ ᠤᠬᠠᠭᠠᠨ ᠮᠡᠳᠡᠷᠡᠯ ᠤᠨ ᠬᠢᠨᠢ ᠵᠦᠭ ᠴᠢᠭᠯᠡᠭᠦᠷ | ᠪᠣᠯᠵᠤ ᠂ ᠣᠷᠣᠰᠢᠨ ᠠᠮᠢᠳᠤᠷᠠᠬᠤ ᠂ ᠥᠰᠴᠦ ᠥᠨᠳᠡᠶᠢᠬᠦ ᠂ ᠥᠭᠡᠳᠡᠯᠡᠨ ᠪᠠᠳᠠᠷᠠᠬᠤ ᠂ ᠥᠪᠯᠡᠨ ᠦᠯᠡᠳᠡᠭᠡᠬᠦ ᠵᠡᠷᠭᠡ ᠠᠮᠢᠳᠤᠷᠠᠯ ᠤᠨ ᠤᠷᠳᠤ ᠠᠶᠠᠨ ᠵᠠᠮ ᠤᠨ ᠬᠢᠨᠢ | ᠬᠦᠰᠡᠯ ᠵᠦᠭ ᠲᠤ ᠳᠠᠪᠬᠢᠨ ᠬᠦᠷᠬᠦ ᠬᠦᠴᠦᠲᠦ ᠭᠦᠯᠦᠭ ᠂ ᠮᠥᠷᠥᠭᠡᠳᠦᠯ ᠵᠦᠭ ᠨᠢ ᠮᠡᠳᠬᠡᠨ ᠣᠶᠢᠷᠠᠲᠤᠭᠤᠯᠬᠤ ᠮᠥᠩᠭᠦᠨ ᠵᠠᠪᠢ ᠪᠣᠯᠵᠤ ᠪᠠᠶᠢᠳᠠᠭ ᠰᠠᠨ ᠃ | ᠦᠶ᠎ᠡ ᠶᠢᠨ ᠦᠶ᠎ᠡ ᠳᠤ ᠂ ᠴᠠᠭ ᠤᠨ ᠤᠷᠳᠤ ᠳᠤ ᠨᠣᠮ ᠲᠠᠢ ᠬᠥᠮᠥᠨ ᠢ ᠳᠡᠭᠡᠳᠦᠯᠡᠨ ︽ ᠪᠠᠭᠰᠢ ︾ ᠳᠠᠭᠤᠳᠠᠨ ᠡᠷᠭᠦᠵᠦ ᠂ ᠪᠢᠴᠢᠭ ᠲᠠᠢ ᠬᠥᠮᠥᠨ ᠢ ᠪᠢᠰᠢᠷᠡᠨ ᠂ | ᠡᠷᠬᠢᠮᠨᠡᠨ ᠬᠦᠨᠳᠦᠯᠡᠵᠦ ᠂ ᠰᠤᠷᠭᠠᠯ ᠢ ᠨᠢ ᠵᠠᠯᠪᠠᠷᠢᠵᠤ ᠭᠦᠷᠲᠡᠨ ᠂ ᠨᠣᠮᠯᠠᠬᠤ ᠶᠢ ᠨᠢ ᠬᠢᠴᠢᠶᠡᠨ ᠰᠣᠨᠣᠰᠴᠤ ᠂ ᠪᠡᠶ᠎ᠡ ᠪᠠᠨ ᠵᠠᠰᠠᠨ ᠂ ᠰᠡᠳᠬᠢᠯ ᠢᠶᠠᠨ ᠲᠡᠭᠰᠢᠯᠡᠨ ᠂ | ᠵᠠᠶᠠᠭ᠎ᠠ ᠪᠠᠨ ᠡᠷᠭᠦᠵᠦ ᠶᠠᠪᠤᠳᠠᠭ ᠰᠠᠨ ᠃ ᠰᠠᠶᠢᠨ ᠨᠣᠮ ᠭᠡᠲᠡᠭ ᠪᠣᠯ ᠲᠤᠭᠤᠯᠤᠭᠠᠳ ᠥᠩᠭᠡᠷᠡᠬᠦ ᠲᠡᠦᠬᠡ ᠶᠢᠨ ᠲᠣᠭᠠᠴᠢᠭᠠᠳ ᠳᠠᠭᠤᠰᠤᠰᠢ ᠦᠭᠡᠢ ᠰᠢᠪᠡᠨᠡᠭᠡ ᠰᠠᠨ ᠃ | ᠭᠠᠲᠤᠯᠤᠭᠠᠳ ᠭᠠᠷᠬᠤ ᠭᠠᠯᠪᠠ ᠶᠢᠨ ᠭᠠᠩᠳᠠᠰᠢ ᠦᠭᠡᠢ ᠥᠩᠭᠡ ᠨᠢ ᠰᠠᠨ ᠃ ᠪᠢᠯᠢᠭᠲᠦ ᠮᠡᠷᠭᠡᠨ ᠶᠡᠬᠡᠰ ᠤᠨ ᠪᠢᠯᠢᠭᠦᠨ ᠤᠶᠤᠨ ᠤ ᠬᠢᠨᠢ ᠲᠦᠰᠦᠷᠭᠡ ᠰᠠᠨ ᠂ ᠪᠡᠭᠡᠨ | ᠬᠠᠷ᠎ᠠ ᠦᠰᠦᠭ ᠤᠳ ᠨᠢ ᠪᠠᠳᠮᠠᠯᠠᠵᠤ ᠣᠴᠢᠯᠠᠭᠰᠠᠨ ᠲᠦᠯᠦ ᠰᠠᠨ ᠃ ᠤᠷᠤᠰᠤᠭᠠᠳ ᠥᠩᠭᠡᠷᠡᠬᠦ ᠴᠠᠭ ᠤᠨ ᠣᠷᠭᠢᠯᠤᠭᠰᠠᠨ ᠪᠤᠯᠠᠭ ᠶᠤᠮᠰᠠᠨ ᠃ ᠤᠷᠠᠯᠠᠭᠠᠳ ᠬᠡᠯᠡᠬᠦ | ᠴᠠᠴᠠᠨ ᠦᠭᠡᠰ ᠤᠨ ᠣᠨ ᠢ ᠭᠡᠲᠦᠯᠦᠭᠰᠡᠨ ᠭᠢᠯᠪᠠᠭ᠎ᠠ ᠨᠢ ᠶᠤᠮᠰᠠᠨ ᠃ ᠲᠤᠯᠭᠠᠷᠠᠵᠤ ᠮᠡᠳᠡᠬᠦ ᠬᠠᠲᠠᠭᠤ ᠠᠴᠠ ᠵᠠᠶᠢᠯᠠᠭᠤᠯᠵᠤ ᠥᠭᠬᠦ ᠤᠬᠠᠭ᠎ᠠ ᠶᠤᠮᠰᠠᠨ ᠂ ᠲᠤᠯᠵᠤ | ᠢᠷᠡᠭᠰᠡᠨ ᠬᠥᠲᠡᠭᠦᠦ ᠠᠴᠠ ᠠᠰᠠᠷᠠᠵᠤ ᠠᠪᠬᠤ ᠡᠷᠳᠡᠮ ᠶᠤᠮᠰᠠᠨ ᠃ ᠢᠷᠡᠬᠦ ᠴᠠᠭ ᠢ ᠤᠭᠲᠤᠵᠤ ᠥᠨᠳᠡᠶᠢᠬᠦ ᠶᠡᠭᠡ ᠡᠷᠴᠢ ᠶᠢᠨ ᠢᠪᠢᠯᠦᠯ ᠶᠤᠮᠰᠠᠨ ᠃ ᠡᠰᠡᠨᠢᠬᠦ | ᠤᠯᠠᠷᠢᠯ ᠢ ᠭᠡᠶᠢᠭᠦᠯᠵᠦ ᠭᠡᠷᠡᠯᠳᠤᠭᠦ ᠢᠲᠡ ᠢᠲᠡᠭᠡᠯ ᠤᠨ ᠤᠨᠳᠤᠷᠤᠭ᠎ᠠ ᠶᠤᠮᠰᠠᠨ ᠃ ᠨᠣᠮ ᠭᠡᠲᠡᠭ ᠪᠣᠯ ᠬᠠᠷᠠᠩᠭᠤᠢ ᠠᠴᠠ ᠭᠡᠭᠡᠨ ᠵᠦᠭ ᠬᠥᠲᠥᠯᠥᠭᠰᠡᠨ ᠵᠠᠮᠴᠢ ᠶᠤᠮ ᠃ | ᠬᠦᠢᠲᠡᠨ ᠠᠴᠠ ᠬᠠᠯᠠᠭᠤᠨ ᠵᠦᠭ ᠳᠠᠭᠤᠳᠠᠭᠰᠠᠨ ᠤᠷᠠᠢ ᠶᠤᠮ ᠃ ᠨᠣᠮ ᠭᠡᠲᠡᠭ ᠪᠣᠯ ᠦᠶ᠎ᠡ ᠲᠠᠮᠵᠢᠨ ᠤᠯᠠᠮᠵᠢᠯᠠᠬᠤ ᠦᠨᠡᠲᠦ ᠡᠷᠳᠡᠨᠢ ᠶᠤᠮ ᠃ ᠨᠣᠮ ᠭᠡᠲᠡᠭ ᠪᠣᠯ | ᠦᠰᠦᠭ ᠠᠯᠭᠠᠰᠠᠯ ᠦᠭᠡᠢ ᠴᠡᠭᠡᠵᠢᠯᠡᠬᠦ ᠬᠤᠪᠣᠷ ᠡᠳ᠋ ᠶᠤᠮ ᠃ ᠨᠣᠮ ᠪᠢᠴᠢᠭ ᠭᠡᠲᠡᠭ ᠪᠣᠯ ᠳᠡᠪᠲᠡᠷᠯᠡᠵᠦ ᠪᠦᠲᠦᠭᠡᠭᠰᠡᠨ ᠡᠷᠳᠡᠨᠢᠲᠦ ᠦᠰᠦᠭ ᠲᠠᠢ ᠬᠤᠷᠠᠮᠠᠯ ᠶᠤᠮ ᠃ | ᠵᠢᠷᠤᠭ ᠳᠦᠷᠰᠦ ᠪᠠ ᠦᠰᠦᠭ ᠪᠢᠴᠢᠭ ᠲᠠᠢ ᠠᠯᠲᠡᠨ ᠬᠠᠭᠤᠳᠠᠰᠤ ᠶᠢᠨ ᠨᠡᠶᠢᠯᠡᠮᠡᠯ ᠶᠤᠮ ᠃ ᠬᠠᠭᠤᠳᠠᠰᠤ ᠴᠠᠭᠠᠰᠤᠨ᠎ᠠ ᠪᠠᠷᠯᠠᠵᠤ ᠬᠡᠪᠯᠡᠭᠳᠡᠭᠰᠡᠨ ᠬᠤᠷᠸ᠎ᠠ ᠳᠡᠯᠡᠬᠡᠢ ᠶᠢᠨ | ᠮᠡᠳᠡᠭᠡ ᠵᠠᠩᠭᠢ ᠶᠢ ᠳᠠᠮᠵᠢᠭᠤᠯᠬᠤ ᠪᠣᠯᠣᠮᠵᠢ ᠪᠦᠬᠦᠢ ᠬᠤᠲᠠᠯᠠ ᠳᠤ ᠠᠰᠢᠭᠲᠠᠢ ᠵᠠᠭᠤᠴᠢᠯᠠᠭᠤᠷ ᠢ ᠨᠣᠮ ᠪᠢᠴᠢᠭ ᠭᠡᠲᠡᠭ ᠶᠤᠮ ᠃ ᠬᠠᠪᠤᠷ ᠲᠠᠷᠢᠵᠤ ᠂ ᠵᠤᠨ ᠳᠡᠯᠭᠡᠷᠡᠵᠦ ᠂ | ᠨᠠᠮᠤᠷ ᠦᠷᠡᠯᠡᠨ ᠂ ᠡᠪᠦᠯ ᠬᠤᠷᠢᠶᠠᠬᠤ ᠡᠯᠪᠡᠭ ᠬᠤᠷᠢᠶᠠᠯᠲᠠ ᠶᠢ ᠨᠣᠮ ᠭᠡᠲᠡᠭ ᠶᠤᠮ ᠃ ᠬᠠᠯᠠᠭᠤᠨ ᠬᠦᠢᠲᠡᠨ ᠰᠡᠷᠢᠭᠦᠨ ᠳᠤᠯᠠᠭᠠᠨ ᠢ ᠲᠡᠮᠳᠡᠭᠯᠡᠵᠦ ᠴᠢᠳᠠᠳᠠᠭ | ᠰᠢᠳᠢᠲᠦ ᠲᠡᠮᠳᠡᠭᠯᠡᠯ ᠢ ᠨᠣᠮ ᠭᠡᠲᠡᠭ ᠶᠤᠮ ᠃ ᠴᠠᠭᠠᠰᠤᠨ ᠠᠴᠠ ᠪᠠᠨ ᠴᠠᠬᠢᠮ ᠳᠤ ᠬᠠᠳᠠᠭᠠᠯᠠᠭᠳᠠᠬᠤ ᠪᠣᠯᠤᠭᠰᠠᠨ ᠢ ᠰᠢᠨ᠎ᠡ ᠨᠣᠮ ᠭᠡᠲᠡᠭ ᠶᠤᠮ ᠃ ᠬᠡᠶᠢᠰᠪᠦᠷᠢ | ᠵᠠᠶᠢᠴᠠᠨ ᠳᠤ ᠬᠡᠮᠵᠢᠶᠡᠯᠡᠰᠢ ᠦᠭᠡᠢ ᠶᠡᠭᠡ ᠶᠢ ᠪᠠᠭᠲᠠᠭᠠᠵᠤ ᠪᠠᠶᠢᠳᠠᠭ ᠢ ᠰᠢᠨ᠎ᠡ ᠨᠣᠮ ᠭᠡᠲᠡᠭ ᠃ ᠭᠱᠠᠨ ᠵᠠᠭᠤᠷ᠎ᠠ ᠠᠳᠬᠤᠨ ᠳᠤ ᠴᠢᠨᠢ ᠳᠡᠯᠭᠡᠭᠳᠡᠨ ᠂ ᠬᠤᠷᠤᠭᠤ ᠶᠢᠨ | ᠲᠣᠭᠰᠢᠯᠲᠠ ᠶᠢ ᠴᠢᠨᠢ ᠲᠠᠭᠠᠨ ᠂ ᠬᠤᠷᠸ᠎ᠠ ᠶᠢᠨ ᠴᠢᠨᠠᠳᠤ ᠳᠤ ᠬᠦᠷᠭᠡᠵᠦ ᠂ ᠲᠡᠪᠡᠷᠢ ᠪᠠᠭᠲᠠᠬᠤ ᠦᠭᠡᠢ ᠨᠣᠮ ᠤᠨ ᠠᠭᠤᠯᠭ᠎ᠠ ᠶᠢ ᠲᠤᠰᠤᠯ ᠵᠠᠢ ᠳᠤ ᠪᠠᠭᠯᠠᠵᠤ | ᠲᠠᠯᠪᠢᠳᠠᠭ ᠢ ᠨᠢ ᠰᠢᠨ᠎ᠡ ᠴᠠᠭ ᠤᠨ ᠨᠣᠮ ᠭᠡᠲᠡᠭ ᠶᠤᠮ ᠃ ᠢᠮᠠᠬᠤ ᠶᠢᠨ ᠵᠠᠢ ᠳᠤ ᠶᠢᠷᠲᠢᠨᠴᠦ ᠶᠢᠨ ᠨᠢᠭᠤᠴᠠ ᠶᠢ ᠪᠠᠭᠲᠠᠭᠠᠵᠤ ᠳᠡᠶᠢᠯᠳᠡᠭ ᠰᠢᠨ᠎ᠡ ᠴᠠᠭ ᠪᠣᠯ | ᠭᠢᠯᠪᠠᠭᠠᠲᠤ ᠡᠷᠢᠨ ᠶᠤᠮ ᠃ ᠬᠤᠷᠤᠭᠤ ᠢᠮᠡᠷᠬᠦ ᠬᠤᠷᠣᠮ ᠳᠤ ᠮᠡᠳᠡᠭᠡ ᠶᠢ ᠳᠠᠮᠵᠢᠭᠤᠯᠳᠠᠭ ᠭᠠᠶᠢᠬᠠᠮᠰᠢᠭᠲᠤ ᠴᠠᠭ ᠤᠨ ᠨᠣᠮ ᠤᠨ ᠴᠠᠭᠯᠠᠰᠢ ᠦᠭᠡᠢ ᠬᠤᠷᠳᠤ ᠶᠢ | ᠪᠠᠭ᠋ᠠᠳᠤᠨ ᠪᠢᠰᠢᠷᠡᠭᠡᠳ ᠪᠠᠷᠠᠰᠢ ᠦᠭᠡᠢ ᠠ᠋ ᠃ ᠨᠣᠮ ᠪᠢᠴᠢᠭ ᠨᠢ ᠦᠯᠦ ᠮᠠᠷᠲᠠᠬᠤ ᠶᠢᠨ ᠲᠤᠯᠠᠳᠠ ᠪᠦᠲᠦᠭᠡᠭᠳᠡᠭᠰᠡᠨ ᠶᠤᠮ ᠃ ᠨᠣᠮ ᠪᠢᠴᠢᠭ ᠨᠢ ᠡᠭᠦᠷᠢᠳᠡ | ᠤᠯᠠᠮᠵᠢᠯᠠᠭᠳᠠᠬᠤ ᠶᠢᠨ ᠲᠥᠯᠥᠭᠡ ᠲᠤᠭᠤᠷᠪᠢᠭᠳᠠᠭᠰᠠᠨ ᠶᠤᠮ ᠃ ᠨᠣᠮ ᠪᠢᠴᠢᠭ ᠨᠢ ᠴᠠᠭᠠᠰᠤᠨ᠎ᠠ ᠲᠡᠮᠳᠡᠭᠯᠡᠭᠳᠡᠭᠰᠡᠨ ᠦᠨᠡᠲᠦ ᠥᠪ ᠢᠶᠠᠨ ᠬᠥᠮᠥᠨ ᠲᠥᠷᠥᠯᠬᠢᠲᠡᠨ ᠤ | ᠠᠯᠲᠡᠨ ᠴᠡᠭᠡᠵᠢᠨ᠎ᠡ ᠰᠢᠩᠭᠡᠬᠡᠨ ᠦᠯᠡᠳᠡᠭᠡᠬᠦ ᠲᠡᠷᠨ ᠴᠠᠭ ᠲᠤ ᠦᠨ᠎ᠡ ᠴᠡᠨ᠎ᠡ ᠨᠢ ᠮᠡᠳᠡᠷᠡᠭᠳᠡᠳᠡᠭ ᠃ ᠬᠥᠮᠥᠨ ᠲᠥᠷᠥᠯᠬᠢᠲᠡᠨ ᠤ ᠴᠠᠴᠠᠨ ᠪᠢᠯᠢᠭ ᠤᠨ ᠭᠠᠶᠢᠬᠠᠮᠰᠢᠭ ᠨᠢ | ᠴᠠᠭᠠᠰᠤᠨ᠎ᠠ ᠰᠢᠮᠡᠳᠤᠨ ᠂ ᠪᠡᠭᠡ ᠶᠢᠨ ᠠᠩᠬᠢᠯᠤᠮᠠᠯ ᠪᠣᠯᠵᠤ ᠦᠨᠦᠰᠲᠡᠭᠦ ᠦᠶ᠎ᠡ ᠳᠤ ᠂ ᠨᠣᠮ ᠪᠢᠴᠢᠭ ᠤᠨ ᠦᠨᠡᠲᠦ ᠴᠢᠨᠠᠷ ᠨᠢ ᠪᠦᠷᠢᠳᠳᠡᠭ ᠰᠠᠨ ᠃ ᠣᠨ | ᠲᠣᠭᠠᠯᠠᠯ ᠤᠨ ᠡᠮᠦᠨᠡᠬᠢ 30 ᠳ᠋ᠤᠭᠠᠷ ᠵᠠᠭᠤᠨ ᠤ ᠪᠠᠷᠤᠭᠴᠠᠭ᠎ᠠ ᠪᠠᠷ ᠡᠷᠲᠡᠨ ᠤ ᠶᠧᠵᠢᠫᠲ ᠬᠡᠮᠡᠬᠦ ᠭᠠᠶᠢᠬᠠᠮᠰᠢᠭᠲᠤ ᠨᠤᠲᠤᠭ ᠤᠨ ᠨᠣᠮ ᠪᠢᠴᠢᠭ ᠤᠨ ᠪᠣᠷᠣ | ᠲᠥᠯᠥᠪ ᠨᠢ ᠪᠦᠲᠦᠵᠦ ᠪᠡᠶᠡᠯᠡᠭᠰᠡᠨ ᠬᠡᠮᠡᠨ ᠰᠤᠳᠤᠯᠤᠭᠠᠴᠢᠳ ᠮᠠᠭᠠᠳᠯᠠᠵᠤ ᠲᠥᠰᠥᠭᠡᠯᠡᠳᠡᠭ ᠶᠤᠮᠰᠠᠨ ᠃ ᠤᠷᠳᠤ ᠠᠴᠠ ᠤᠷᠳᠤ ᠲᠡᠦᠬᠡᠨ ᠠᠶᠠᠨ ᠂ ᠬᠠᠲᠠᠭᠤ ᠠᠴᠠ | ᠬᠠᠲᠠᠭᠤ ᠠᠮᠢᠳᠤᠷᠠᠯ ᠤᠨ ᠨᠤᠭᠤᠴᠢᠭᠠᠨ ᠢ ᠲᠤᠭᠤᠯᠤᠨ ᠂ ᠨᠣᠮ ᠪᠢᠴᠢᠭ ᠨᠢ ᠥᠪᠡᠷ ᠤᠨ ᠭᠡᠬᠦ ᠬᠡᠪ ᠭᠡᠯᠪᠡᠷᠢ ᠲᠠᠢ ᠪᠣᠯᠵᠤ ᠂ ᠳᠦᠷᠰᠦ ᠪᠠᠶᠢᠳᠠᠯ ᠨᠢ ᠲᠥᠯᠥᠪᠵᠢᠨ ᠂ | ᠲᠥᠰᠥᠪ ᠲᠥᠯᠥᠪᠯᠡᠭᠡ ᠨᠢ ᠪᠦᠷᠢᠳᠦᠨ ᠂ ᠤᠳᠬ᠎ᠠ ᠠᠭᠤᠯᠬᠤᠨ ᠤ ᠬᠡᠮᠵᠢᠶ᠎ᠡ ᠨᠢ ᠲᠣᠳᠣᠷᠬᠠᠢ ᠪᠣᠯᠵᠤ ᠂ ᠲᠠᠷᠬᠠᠵᠤ ᠳᠡᠯᠭᠡᠷᠡᠬᠦ ᠪᠣᠯᠣᠮᠵᠢ ᠨᠢ ᠤᠯᠠᠨ ᠪᠣᠯᠵᠤ ᠂ ᠥᠪᠯᠡᠨ | ᠤᠯᠠᠮᠵᠢᠯᠠᠭᠳᠠᠬᠤ ᠰᠢᠨᠵᠢ ᠨᠢ ᠲᠣᠭᠲᠠᠵᠤ ᠂ ᠰᠢᠨᠡᠳᠦᠨ ᠬᠤᠪᠢᠷᠠᠬᠤ ᠰᠢᠯᠲᠠᠭᠠᠨ ᠨᠢ ᠴᠤ ᠨᠡᠮᠡᠭᠳᠡᠨ ᠂ ᠥᠭᠡᠳᠡᠯᠡᠨ ᠬᠥᠭᠵᠢᠬᠦ ᠡᠷᠴᠢ ᠬᠦᠴᠦ ᠨᠢ ᠪᠠᠲᠤᠵᠢᠨ ᠂ ᠬᠥᠮᠥᠨ | ᠲᠥᠷᠥᠯᠬᠢᠲᠡᠨ ᠤ ᠬᠥᠭᠵᠢᠯ ᠤᠨ ᠵᠠᠮ ᠮᠥᠷ ᠢ ᠤᠳᠤᠷᠢᠳᠬᠤ ᠰᠣᠶᠣᠯ ᠤᠨ ᠴᠠᠮᠬᠠᠭ ᠪᠤᠯᠬᠤ ᠨᠢ ᠢᠯᠨ ᠲᠣᠳᠣᠷᠬᠠᠢ ᠪᠣᠯᠵᠠᠢ ᠃ ᠨᠣᠮ ᠪᠢᠴᠢᠭ ᠭᠡᠲᠡᠭ ᠤᠨ ᠠᠩᠬᠠᠨ ᠤ | ᠡᠬᠡ ᠨᠢ ᠮᠣᠳᠣ ᠴᠢᠯᠠᠭᠤᠨ ᠳᠡᠭᠡᠷ᠎ᠡ ᠰᠡᠶᠢᠯᠦᠭᠳᠡᠵᠦ ᠪᠠᠶᠢᠯ᠎ᠠ ᠂ ᠶᠠᠰᠤ ᠲᠡᠮᠦᠷ ᠳᠡᠭᠡᠷ᠎ᠡ ᠴᠤ ᠰᠡᠶᠢᠯᠦᠭᠳᠡᠵᠦ ᠪᠠᠶᠢᠯ᠎ᠠ ᠂ ᠪᠥᠰ ᠪᠠᠷᠠᠭᠠᠨ ᠳᠡᠭᠡᠷ᠎ᠡ ᠵᠢᠷᠤᠭᠳᠠᠨ ᠪᠢᠴᠢᠭᠳᠡᠵᠦ | ᠪᠠᠶᠢᠭᠰᠠᠨ ᠶᠤᠮ ᠃ ᠴᠠᠭ ᠤᠨ ᠴᠠᠭᠢᠯᠤᠯ ᠤᠨ ᠳᠤᠮᠳᠠ ᠂ ᠴᠠᠭᠠᠰᠤ ᠬᠡᠮᠡᠬᠦ ᠰᠢᠨ᠎ᠡ ᠵᠠᠭᠤᠴᠢ ᠨᠢ ᠨᠣᠮ ᠪᠢᠴᠢᠭ ᠤᠨ ᠬᠥᠭᠵᠢᠯ ᠢ ᠤᠷᠭᠢᠯ ᠱᠠᠲᠤᠨ᠎ᠠ ᠬᠦᠷᠭᠡᠵᠦ ᠴᠢᠳᠠᠵᠠᠢ ᠃ | ᠴᠠᠭᠠᠰᠤᠨ ᠪᠠᠷ ᠤᠨ ᠨᠣᠮ ᠪᠢᠴᠢᠭ ᠤᠨ ᠡᠭᠦᠷᠴᠦ ᠳᠦᠭᠦᠷᠬᠦ ᠳᠤ ᠬᠥᠩᠭᠡᠬᠡᠨ ᠂ ᠦᠰᠦᠭᠯᠡᠵᠤ ᠨᠢᠳᠦᠯᠡᠬᠦ ᠳᠤ ᠲᠣᠳᠣᠬᠠᠨ ᠂ ᠦᠨ᠎ᠡ ᠬᠠᠩᠰᠢ ᠨᠢ ᠬᠢᠮᠳᠠᠬᠠᠨ ᠂ | ᠡᠷᠭᠢᠭᠦᠯᠵᠦ ᠤᠩᠰᠢᠬᠤ ᠳᠤ ᠠᠮᠠᠷᠬᠠᠨ ᠵᠡᠷᠭᠡ ᠰᠣᠳᠣᠨ ᠰᠢᠨᠵᠢ ᠪᠠᠷ ᠢᠶᠠᠨ ᠴᠠᠭ ᠤᠨ ᠴᠢᠭᠲᠠᠭᠠᠨ ᠤ ᠴᠠᠯᠮ᠎ᠠ ᠣᠭᠤᠰᠣᠷ ᠢ ᠨᠢ ᠠᠳᠬᠤᠵᠤ ᠠᠮᠵᠢᠭᠰᠠᠨ ᠶᠤᠮ ᠃ | ᠨᠣᠮ ᠤᠨ ᠬᠡᠪ ᠭᠡᠯᠪᠡᠷᠢ ᠨᠢ ᠲᠦᠮᠡᠨᠲᠡ ᠬᠤᠪᠢᠷᠠᠵᠤ ᠮᠢᠩᠭᠠᠨᠲᠠ ᠥᠭᠡᠷᠡᠲᠦᠯᠡ ᠴᠤ ᠭᠡᠰᠡᠨ ᠂ ᠲᠤᠰᠬᠠᠵᠤ ᠪᠦᠬᠦᠢ ᠨᠠᠷᠢᠯᠢᠭ ᠠᠭᠤᠯᠭ᠎ᠠ ᠂ ᠲᠤᠭᠤᠷᠪᠢᠵᠤ ᠬᠡᠪᠯᠡᠭᠰᠡᠨ | ᠭᠡᠳᠤ ᠶᠢᠨ ᠵᠣᠷᠢᠯᠭ᠎ᠠ ᠂ ᠭᠦᠷᠦᠭᠡᠳ ᠣᠴᠢᠬᠤ ᠶᠢᠨ ᠬᠦᠰᠡᠯ ᠮᠥᠷᠥᠭᠡᠳᠦᠯ ᠨᠢ ᠭᠠᠯ ᠬᠠᠯᠠᠭᠤᠨ ᠬᠡᠪ ᠢᠶᠠᠷ ᠢᠶᠠᠨ ᠪᠠᠶᠢᠵᠤ ᠂ ᠬᠠᠨᠳᠤᠭᠤᠯᠵᠤ ᠵᠣᠷᠢᠭᠤᠯᠤᠭᠰᠠᠨ ᠡᠵᠡᠨ | ᠪᠡᠶ᠎ᠡ ᠨᠢ ᠲᠣᠭᠲᠠᠩᠭᠤᠢ ᠰᠢᠨᠵᠢ ᠪᠠᠨ ᠪᠠᠲᠤᠳᠠ ᠬᠠᠳᠠᠭᠠᠯᠠᠭᠰᠠᠭᠠᠷ ᠪᠠᠶᠢᠵᠤ ᠂ ᠮᠠᠨᠤᠰ ᠤᠨ ᠳᠤᠯᠠᠭᠠᠨ ᠠᠯᠠᠭᠠᠨ᠎ᠠ ᠳᠡᠯᠭᠡᠭᠳᠡᠵᠦ ᠪᠠᠶᠢᠭ᠎ᠠ ᠪᠢᠯᠡ ᠃ ᠰᠠᠶᠢᠨ ᠰᠠᠶᠢᠬᠠᠨ ᠂ | ᠭᠤᠸ᠎ᠠ ᠲᠠᠩᠰᠤᠭ ᠂ ᠲᠥᠪ ᠴᠢᠬᠢᠮᠡᠢ ᠂ ᠠᠷᠢᠭᠤᠨ ᠲᠠᠷᠬᠠᠨ ᠪᠣᠯ ᠬᠥᠮᠥᠨ ᠲᠥᠷᠥᠯᠬᠢᠲᠡᠨ ᠤ ᠮᠥᠷᠥᠭᠡᠳᠦᠯ ᠤᠨ ᠲᠣᠷᠭᠠᠨ ᠮᠡᠳᠡᠷᠡᠮᠵᠢ ᠨᠢ ᠶᠤᠮ ᠃ ᠣᠷᠴᠢᠯᠠᠩ | ᠶᠢᠷᠲᠢᠨᠴᠦ ᠶᠢᠨ ᠲᠤᠬᠠᠢ ᠵᠥᠪ ᠮᠡᠳᠡᠯᠭᠡ ᠶᠢ ᠬᠥᠮᠥᠨ ᠲᠥᠷᠥᠯᠬᠢᠲᠡᠨ ᠳᠤ ᠣᠯᠭᠤᠵᠤ ᠴᠢᠳᠠᠳᠠᠭ ᠨᠣᠮ ᠢ ᠰᠠᠶᠢᠨ ᠨᠣᠮ ᠭᠡᠲᠡᠭ ᠃ ᠤᠴᠢᠷ ᠨᠢ ᠵᠥᠪ ᠤᠨᠤᠯ ᠂ | ᠵᠢᠩᠬᠢᠨᠢ ᠮᠡᠳᠡᠯᠭᠡ ᠨᠢ ᠬᠥᠮᠥᠨ ᠲᠥᠷᠥᠯᠬᠢᠲᠡᠨ ᠤ ᠦᠢᠯᠡᠳᠦᠯᠭᠡ ᠶᠢᠨ ᠵᠥᠪ ᠴᠢᠭᠯᠡᠯ ᠢ ᠵᠢᠯᠤᠭᠤᠳᠴᠤ ᠴᠢᠳᠠᠳᠠᠭ ᠃ ᠵᠥᠪ ᠮᠡᠳᠡᠯᠭᠡ ᠂ ᠵᠥᠪ ᠠᠷᠭ᠎ᠠ ᠶᠢ ᠬᠠᠩᠭᠠᠵᠤ | ᠥᠭᠴᠦ ᠴᠢᠳᠠᠬᠤ ᠭᠡᠲᠡᠭ ᠪᠣᠯ ᠰᠠᠶᠢᠨ ᠨᠣᠮ ᠢ ᠦᠨᠡᠯᠡᠬᠦ ᠰᠠᠭᠤᠷᠢ ᠪᠠᠷᠢᠮᠵᠢᠶ᠎ᠠ ᠨᠢ ᠲᠡᠷᠨ ᠪᠢᠯᠡ ᠃ ᠳᠠᠶᠠᠭᠠᠷ ᠤᠯᠠᠨ ᠳᠤ ᠮᠡᠳᠡᠷᠡᠭᠳᠡᠭᠰᠡᠨ ᠰᠣᠩᠭᠤᠳᠠᠭ ᠨᠣᠮ ᠪᠣᠯ | ᠣᠨᠴᠠ ᠰᠠᠶᠢᠨ ᠨᠣᠮ ᠤᠨ ᠬᠡᠪᠴᠢᠶᠡᠨ ᠳᠤ ᠪᠠᠭᠲᠠᠳᠠᠭ ᠃ ᠰᠣᠩᠭᠤᠳᠠᠭ ᠨᠣᠮ ᠪᠢᠴᠢᠭ ᠭᠡᠲᠡᠭ ᠪᠣᠯ ᠥᠨᠢ ᠤᠳᠠᠭᠠᠨ ᠲᠡᠦᠬᠡ ᠶᠢᠨ ᠤᠷᠤᠰᠬᠠᠯ ᠤᠨ ᠰᠢᠭᠰᠢᠯᠲᠡ | ᠰᠣᠩᠭᠤᠯᠲᠠ ᠶᠢ ᠲᠡᠮᠵᠢᠨ ᠂ ᠥᠩᠭᠡ ᠭᠢᠯᠪᠠᠭ᠎ᠠ ᠪᠠᠨ ᠮᠥᠩᠬᠡ ᠬᠠᠳᠠᠭᠠᠯᠠᠵᠤ ᠴᠢᠳᠠᠭᠰᠠᠨ ᠦᠯᠢᠭᠡᠷ ᠳᠠᠭᠤᠷᠢᠶᠠᠯ ᠤᠨ ᠴᠢᠨᠠᠷ ᠲᠠᠢ ᠂ ᠡᠷᠬᠡ ᠰᠦᠷᠲᠦ ᠴᠢᠨᠠᠷ ᠂ | ᠡᠷᠬᠢᠮᠨᠡᠨ ᠨᠠᠨᠳᠢᠩᠨᠠᠬᠤ ᠦᠨ᠎ᠡ ᠴᠠᠨ᠎ᠡ ᠪᠦᠬᠦᠢ ᠪᠦᠭᠦ᠋ᠢᠯᠨ ᠤᠷᠠᠨ ᠪᠦᠲᠦᠭᠡᠯ ᠢ ᠬᠡᠯᠡᠳᠡᠭ ᠃ ᠠᠳᠠᠯᠢ ᠪᠤᠰᠤ ᠴᠠᠭ ᠡᠷᠢᠨ ᠤ ᠲᠦᠷᠦ ᠭᠦᠷᠦᠨ ᠂ ᠠᠳᠠᠯᠢ ᠪᠤᠰᠤ | ᠠᠷᠠᠰᠤᠲᠠᠨ ᠶᠠᠰᠤᠲᠠᠨ ᠤ ᠬᠥᠮᠥᠨ ᠠᠷᠠᠳ ᠤᠨ ᠰᠣᠩᠭᠤᠳᠠᠭ ᠨᠣᠮ ᠤᠨ ᠪᠠᠷᠢᠮᠵᠢᠶ᠎ᠠ ᠨᠢ ᠮᠠᠰᠢ ᠵᠥᠷᠢᠶ᠎ᠡ ᠲᠠᠢ ᠃ ᠬᠥᠮᠥᠨ ᠲᠥᠷᠥᠯᠬᠢᠲᠡᠨ ᠤ ᠬᠥᠭᠵᠢᠯ ᠲᠡᠪᠰᠢᠯ ᠤᠨ | ᠪᠦᠭᠦ᠋ᠢᠯᠨ ᠱᠠᠲᠤ ᠦᠶ᠎ᠡ ᠳᠤ ᠂ ᠰᠠᠶᠢᠨ ᠰᠠᠶᠢᠬᠠᠨ ᠢ ᠬᠦᠰᠡᠨ ᠮᠥᠷᠥᠭᠡᠳᠦᠭᠰᠡᠨ ᠂ ᠭᠤᠸ᠎ᠠ ᠰᠠᠶᠢᠬᠠᠨ ᠢ ᠪᠠᠭ᠋ᠠᠳᠤᠨ ᠪᠠᠭ᠋ᠠᠷᠬᠠᠭᠰᠠᠨ ᠂ ᠡᠷᠡᠯᠬᠡᠭ ᠵᠣᠷᠢᠭ ᠢ ᠰᠢᠳᠤᠨ | ᠪᠢᠰᠢᠷᠡᠭᠰᠡᠨ ᠂ ᠡᠩᠬᠡ ᠲᠠᠶᠢᠪᠤᠩ ᠢ ᠳᠡᠭᠡᠳᠦᠯᠡᠨ ᠰᠢᠲᠦᠭᠰᠡᠨ ᠵᠡᠷᠭᠡ ᠰᠠᠶᠢᠨ ᠰᠠᠶᠢᠬᠠᠨ ᠂ ᠭᠤᠸ᠎ᠠ ᠭᠠᠶᠢᠬᠠᠮᠰᠢᠭ ᠂ ᠡᠩᠬᠡ ᠠᠮᠤᠭᠤᠯᠠᠩ ᠂ ᠡᠰᠡᠨᠢᠯ ᠮᠠᠨᠳᠤᠯ ᠢ | ᠵᠣᠷᠢᠭᠰᠠᠨ ᠬᠦᠰᠡᠯ ᠮᠥᠷᠥᠭᠡᠳᠦᠯᠲᠦ ᠴᠢᠭᠯᠡᠯ ᠨᠢ ᠨᠡᠶᠢᠳᠡᠮ ᠳᠡᠭᠡᠨ ᠢᠵᠢᠯ ᠰᠢᠨᠵᠢ ᠲᠠᠢ ᠪᠠᠶᠢᠳᠠᠭ ᠰᠠᠨ ᠃ ᠰᠣᠩᠭᠤᠳᠠᠭ ᠨᠣᠮ ᠪᠢᠴᠢᠭ ᠨᠢ ᠬᠥᠮᠥᠨ ᠲᠥᠷᠥᠯᠬᠢᠲᠡᠨ ᠢ | ᠰᠠᠶᠢᠨ ᠰᠠᠶᠢᠬᠠᠨ ᠵᠦᠭ ᠲᠤ ᠳᠠᠭᠠᠭᠤᠯᠤᠨ ᠂ ᠭᠡᠷᠡᠯ ᠭᠡᠭᠡ ᠵᠦᠭ ᠬᠥᠲᠥᠯᠬᠦ ᠰᠢᠳᠢ ᠤᠪᠠᠳᠢᠰ ᠲᠠᠢ ᠶᠤᠮ ᠃ ᠪᠦᠷᠢᠨ ᠪᠦᠲᠦᠨ ᠮᠡᠳᠡᠯᠭᠡ ᠶᠢᠨ ᠬᠡᠯᠬᠢᠶᠡᠰᠦ ᠂ | ᠰᠢᠰᠲ᠋ᠧᠮᠵᠢᠭᠰᠡᠨ ᠤᠨᠤᠯ ᠢ ᠬᠠᠩᠭᠠᠵᠤ ᠴᠢᠳᠠᠳᠠᠭ ᠨᠣᠮ ᠨᠢ ᠰᠠᠶᠢᠨ ᠨᠣᠮ ᠳᠤ ᠲᠣᠭᠠᠴᠠᠭᠳᠠᠳᠠᠭ ᠃ ᠨᠣᠮ ᠢ ᠬᠠᠶᠢᠷᠠᠯᠠᠨ ᠤᠩᠰᠢᠬᠤ ᠨᠢ ᠬᠠᠷᠠᠴᠠ ᠬᠠᠷᠠᠭ᠎ᠠ ᠪᠠᠨ | ᠥᠷᠭᠡᠳᠬᠡᠨ ᠂ ᠮᠡᠳᠡᠯᠭᠡ ᠮᠡᠳᠡᠴᠡ ᠪᠠᠨ ᠲᠡᠯᠡᠭᠦ ᠶᠢᠨ ᠲᠥᠯᠥᠭᠡ ᠶᠤᠮᠰᠠᠨ ᠃ ᠰᠠᠶᠢᠨ ᠨᠣᠮ ᠪᠣᠯ ᠶᠠᠮᠠᠷ ᠨᠢᠭᠡᠨ ᠬᠦᠷᠢᠶ᠎ᠡ ᠴᠠᠷᠠᠭ᠎ᠠ ᠶᠢᠨ ᠬᠤᠪᠢ ᠳᠤ ᠂ ᠬᠥᠮᠥᠨ | ᠲᠥᠷᠥᠯᠬᠢᠲᠡᠨ ᠳᠤ ᠪᠦᠷᠢᠨ ᠪᠦᠲᠦᠨ ᠮᠡᠳᠡᠯᠭᠡ ᠶᠢ ᠬᠠᠩᠭᠠᠨ ᠥᠭᠴᠦ ᠂ ᠰᠢᠮ᠎ᠡ ᠭᠦᠷᠲᠡᠭᠦ ᠭᠡᠰᠡᠨ ᠬᠦᠰᠡᠯ ᠢ ᠨᠢ ᠬᠠᠩᠭᠠᠵᠤ ᠴᠢᠳᠠᠳᠠᠭ ᠃ ᠬᠥᠮᠥᠰ ᠲᠤ ᠠᠷᠭ᠎ᠠ | ᠲᠤᠷᠰᠢᠯᠭ᠎ᠠ ᠬᠠᠩᠭᠠᠨ ᠂ ᠶᠠᠪᠤᠳᠠᠯ ᠠᠶᠠᠯᠠᠯ ᠢ ᠨᠢ ᠰᠢᠯᠤᠭᠤᠨ ᠰᠢᠭᠤᠳ ᠪᠤᠯᠭᠠᠵᠤ ᠴᠢᠳᠠᠳᠠᠭ ᠰᠠᠨ ᠃ ᠠᠷᠭ᠎ᠠ ᠲᠤᠷᠰᠢᠯᠭ᠎ᠠ ᠭᠡᠲᠡᠭ ᠪᠣᠯ ᠠᠲᠠᠷᠠᠮᠠᠭᠠᠳᠤ | ᠠᠮᠢᠳᠤᠷᠠᠯ ᠤᠨ ᠥᠭᠰᠥᠭᠡᠨ ᠳᠤᠮᠳᠠ ᠮᠡᠷᠡᠶᠢᠵᠦ ᠶᠠᠪᠤᠬᠤ ᠳᠠᠭᠠᠨ ᠬᠤᠷᠠᠮᠳᠤᠭᠤᠯᠵᠤ ᠣᠯᠣᠭᠰᠠᠨ ᠦᠨᠡᠲᠦ ᠡᠷᠳᠡᠨᠢ ᠶᠢ ᠨᠡᠷᠡᠯᠡᠳᠡᠭ ᠶᠤᠮᠰᠠᠨ ᠃ ᠨᠣᠮ ᠪᠢᠴᠢᠭ ᠭᠡᠲᠡᠭ | ᠤᠷᠠᠨ ᠪᠦᠲᠦᠭᠡᠯᠴᠢ ᠶᠢᠨ ᠣᠷᠭᠢᠯᠤᠨ ᠪᠠᠳᠠᠷᠠᠭᠰᠠᠨ ᠠᠪᠢᠶᠠᠰ ᠣᠩᠭᠤᠳ ᠂ ᠤᠶᠢᠭ᠎ᠠ ᠦᠭᠡᠢ ᠶᠡᠭᠡ ᠬᠦᠴᠦ ᠭᠦᠲᠡᠯᠮᠤᠷᠢ ᠪᠠᠷ ᠲᠤᠭᠤᠷᠪᠢᠵᠤ ᠪᠦᠲᠦᠭᠡᠭᠳᠡᠭᠰᠡᠨ ᠤᠶᠤᠨ | ᠤᠬᠠᠭᠠᠨ ᠤ ᠰᠢᠳᠢᠲᠦ ᠲᠠᠷᠠᠰᠤ ᠪᠢᠯᠡ ᠃ ᠶᠠᠳᠠᠷᠠᠭᠰᠠᠨ ᠴᠠᠭ ᠲᠤ ᠲᠡᠩᠬᠡᠭᠡ ᠬᠠᠶᠢᠷᠠᠯᠠᠵᠤ ᠂ ᠤᠮᠳᠠᠭᠠᠰᠤᠭᠰᠠᠨ ᠦᠶ᠎ᠡ ᠳᠤ ᠷᠠᠰᠢᠶᠠᠨ ᠪᠣᠯᠵᠤ ᠂ ᠮᠤᠬᠤᠷᠳᠠᠭᠰᠠᠨ | ᠦᠶ᠎ᠡ ᠳᠤ ᠴᠠᠮᠬᠠᠭ ᠪᠣᠯᠵᠤ ᠂ ᠴᠤᠴᠠᠷᠲᠠᠬᠰᠠᠨ ᠴᠠᠭ ᠲᠤ ᠲᠠᠶᠢᠳᠬᠤᠷᠠᠯ ᠪᠤᠯᠲᠠᠭ ᠴᠤᠬᠠᠭ ᠡᠷᠳᠡᠨᠢ ᠶᠤᠮ ᠃ ᠨᠣᠮ ᠢ ᠭᠠᠷ ᠲᠠᠭᠠᠨ ᠪᠠᠷᠢᠵᠤ ᠂ ᠨᠢᠳᠦ ᠪᠠᠷ | ᠦᠰᠦᠭ ᠢ ᠨᠢ ᠦᠭᠦᠭᠡᠷᠳᠤᠨ ᠂ ᠤᠳᠬ᠎ᠠ ᠶᠢ ᠨᠢ ᠴᠡᠭᠡᠵᠢᠨ ᠳᠡᠭᠡᠨ ᠲᠤᠩᠭᠠᠵᠤ ᠂ ᠵᠦᠢ ᠶᠢ ᠨᠢ ᠪᠢᠰᠢᠯᠭᠠᠨ ᠪᠠᠶᠢᠵᠤ ᠠᠮᠢᠳᠤᠷᠠᠯ ᠤᠨ ᠢᠶᠠᠨ ᠠᠯᠬᠤᠭ᠎ᠠ ᠶᠠᠪᠤᠴᠠ | ᠪᠣᠯᠭᠠᠨ ᠨᠣᠮ ᠪᠢᠴᠢᠭ ᠤᠨ ᠰᠢᠳᠢ ᠤᠪᠠᠳᠢᠰ ᠢ ᠨᠢ ᠮᠡᠳᠡᠷᠡᠵᠦ ᠶᠠᠪᠤᠵᠠᠭᠠᠶ᠎ᠠ ︕ | | |