| ᠭᠠᠳᠠᠭᠠᠳᠤ ᠶᠢᠨ ᠨᠢᠭᠡᠨ ᠰᠡᠳᠬᠦᠯ ᠤᠨ ᠣᠶᠢᠷ᠎ᠠ ᠳᠤ ᠨᠡᠶᠢᠲᠡᠯᠡᠭᠰᠡᠨ ᠨᠢᠭᠡᠨ ᠰᠤᠳᠤᠯᠭᠠᠨ ᠳᠤ ᠢᠯᠡᠷᠡᠭᠦᠯᠦᠭᠰᠡᠨ ᠢᠶᠠᠷ ᠂ ᠡᠨᠧᠷᠭᠢ ᠶᠢᠨ ᠤᠮᠳᠠᠭᠠᠨ ᠤᠤᠭᠤᠬᠤ ᠨᠢ | ᠵᠠᠯᠠᠭᠤᠴᠤᠳ ᠤᠨ ᠨᠦᠢᠷ ᠮᠠᠭᠤᠲᠠᠬᠤ ᠲᠠᠢ ᠬᠤᠯᠪᠤᠭ᠎ᠠ ᠲᠠᠢ ᠃ ᠡᠶᠢᠮᠦ ᠤᠮᠳᠠᠭᠠᠨ ᠢ ᠭᠡᠳᠦ ᠤᠯᠠᠨ ᠤᠤᠭᠤᠪᠠᠯ ᠵᠠᠯᠠᠭᠤᠴᠤᠳ ᠤᠨ ᠤᠨᠲᠠᠬᠤ ᠴᠠᠭ ᠨᠢ ᠲᠡᠳᠦᠢ | ᠪᠠᠭ᠎ᠠ ᠪᠣᠯᠵᠤ ᠂ ᠰᠠᠷ᠎ᠠ ᠳᠤ 1 — 3 ᠤᠳᠠᠭ᠎ᠠ ᠯᠡ ᠤᠤᠭᠤᠭᠰᠠᠨ ᠴᠦ ᠨᠦᠢᠷ ᠢ ᠬᠠᠷᠰᠢᠯᠠᠬᠤ ᠲᠦᠭᠰᠢᠭᠦᠷᠢ ᠲᠠᠢ ᠭᠡᠵᠡᠢ ᠃ ᠡᠨᠧᠷᠭᠢ ᠶᠢᠨ ᠤᠮᠳᠠᠭᠠᠨ ᠤ | ᠳᠤᠮᠳᠠᠴᠢ ᠺᠤᠹᠤᠶ᠋ᠢᠨ ᠤ ᠠᠭᠤᠯᠤᠭᠳᠠᠴᠠ ᠨᠢ ᠯᠢᠳ᠋ᠷ ᠪᠦᠷᠢ ᠳᠤ 150 ᠮᠢᠯᠢᠭᠷᠡᠮ ᠪᠠᠶᠢᠵᠤ ᠂ ᠪᠠᠰᠠ ᠰᠢᠬᠢᠷ ᠂ ᠸᠢᠲ᠋ᠠᠮᠢᠨ ᠂ ᠡᠷᠦᠳᠡᠰᠦ ᠪᠠ ᠰᠢᠪᠲᠦᠷᠲᠦ ᠬᠦᠴᠢᠯ | ᠵᠡᠷᠭᠡ ᠶᠢ ᠠᠭᠤᠯᠳᠠᠭ ᠃ ᠬᠦᠴᠦ ᠲᠠᠮᠢᠷ ᠰᠡᠯᠪᠢᠵᠦ ᠂ ᠴᠤᠭ ᠵᠢᠪᠬᠤᠭ᠎ᠠ ᠶᠢ ᠰᠡᠷᠭᠦᠭᠡᠬᠦ ᠡᠮ ᠪᠣᠯᠤᠭᠰᠠᠨ ᠤ ᠬᠤᠪᠢ ᠳᠤ ᠂ ᠡᠨᠧᠷᠭᠢ ᠶᠢᠨ ᠤᠮᠳᠠᠭᠠᠨ ᠨᠢ | ᠵᠠᠯᠠᠭᠤᠴᠤᠳ ᠤᠨ ᠪᠠᠭ᠋ᠠᠷᠬᠠᠯ ᠢ ᠶᠡᠬᠡᠳᠡ ᠲᠠᠲᠠᠳᠠᠭ ᠃ ᠰᠤᠳᠤᠯᠭᠠᠨ ᠤ ᠠᠵᠢᠯᠲᠠᠨ 18 — 35 ᠨᠠᠰᠤᠨ ᠤ 53266 ᠣᠷᠣᠯᠴᠠᠭᠰᠠᠳ ᠤᠨ ᠲᠤᠭ᠎ᠠ | ᠪᠠᠷᠢᠮᠲᠠ ᠶᠢ ᠠᠰᠢᠭᠯᠠᠵᠠᠢ ᠃ ᠣᠷᠣᠯᠴᠠᠭᠰᠠᠳ ᠡᠨᠧᠷᠭᠢ ᠶᠢᠨ ᠤᠮᠳᠠᠭᠠᠨ ᠤᠤᠭᠤᠬᠤ ᠳᠠᠪᠲᠠᠮᠵᠢ ᠵᠢᠴᠢ ᠤᠨᠲᠠᠬᠤ ᠵᠠᠭᠪᠤᠷ ᠤᠨ ᠲᠤᠬᠠᠢ ᠨᠠᠷᠢᠨ ᠲᠣᠳᠣᠷᠬᠠᠢ | ᠠᠰᠠᠭᠤᠯᠲᠠ ᠳᠤ ᠬᠠᠨᠳᠤᠵᠤ ᠂ ᠰᠥᠨᠢ ᠪᠦᠷᠢ ᠶᠢᠨ ᠶᠡᠷᠦᠩᠬᠡᠢ ᠤᠨᠲᠠᠬᠤ ᠴᠠᠭ ᠪᠣᠯᠣᠨ ᠬᠡᠪᠲᠡᠬᠦ ᠴᠠᠭ ᠢ ᠦᠨᠳᠦᠰᠦᠯᠡᠨ ᠤᠨᠲᠠᠬᠤ ᠨᠣᠷᠮ᠎ᠠ ᠶᠢ ᠪᠤᠳᠤᠨ᠎ᠠ ᠃ ᠨᠢᠭᠡ | ᠭᠠᠷᠠᠭ ᠲᠤ ᠠᠳᠠᠭ ᠪᠠᠭ᠎ᠠ ᠳᠠᠭᠠᠨ 3 ᠰᠥᠨᠢ ᠤᠨᠲᠠᠵᠤ ᠣᠷᠣᠬᠤ ᠦᠭᠡᠢ ᠪᠤᠶᠤ ᠡᠷᠲᠡ ᠪᠤᠰᠬᠤ ᠂ ᠨᠢᠭᠡ ᠭᠠᠷᠠᠭ ᠲᠤ ᠠᠳᠠᠭ ᠪᠠᠭ᠎ᠠ ᠳᠠᠭᠠᠨ 3 ᠡᠳᠦᠷ ᠨᠢ | ᠮᠠᠩᠰᠢᠭᠤᠷᠠᠬᠤ ᠪᠠ ᠶᠠᠳᠠᠷᠠᠵᠤ ᠴᠢᠯᠡᠭᠡᠷᠬᠡᠬᠦ ᠂ ᠡᠨᠡ ᠮᠡᠲᠦ ᠪᠠᠷ ᠨᠠᠭᠠᠲᠤ ᠵᠠᠬ᠎ᠠ ᠳᠠᠭᠠᠨ 3 ᠰᠠᠷ᠎ᠠ ᠦᠷᠭᠦᠯᠵᠢᠯᠡᠪᠡᠯ ᠨᠦᠢᠷ ᠬᠤᠯᠵᠢᠭᠰᠠᠨ ᠳᠤ ᠲᠣᠭᠠᠴᠢᠪᠠ ᠃ | ᠪᠠᠶᠢᠴᠠᠭᠠᠯᠲᠠ ᠪᠠᠷ ᠢᠯᠡᠷᠡᠭᠦᠯᠦᠭᠰᠡᠨ ᠨᠢ ᠂ ᠡᠨᠧᠷᠭᠢ ᠶᠢᠨ ᠤᠮᠳᠠᠭᠠᠨ ᠤ ᠬᠡᠷᠡᠭᠯᠡᠭᠡ ᠳᠤ ᠬᠦᠢᠰᠦ ᠢᠯᠭᠠᠯ ᠤᠨ ᠢᠯᠡᠷᠬᠡᠢ ᠵᠥᠷᠢᠶ᠎ᠡ ᠣᠷᠣᠰᠢᠵᠤ ᠵᠢᠱᠢᠶᠡᠯᠡᠪᠡᠯ ᠂ | ᠡᠮᠡᠭᠲᠡᠶᠢᠴᠦᠳ ᠡᠷᠡᠭᠲᠡᠶᠢᠴᠦᠳ ᠠᠴᠠ ᠨᠠᠩ ᠴᠥᠭᠡᠨ ᠪᠤᠶᠤ ᠶᠡᠷᠦ ᠠᠴᠠ ᠡᠨᠧᠷᠭᠢ ᠶᠢᠨ ᠤᠮᠳᠠᠭᠠᠨ ᠢ ᠤᠤᠭᠤᠳᠠᠭ ᠦᠭᠡᠢ ᠃ ᠡᠳᠡᠭᠡᠷ ᠤᠮᠳᠠᠭᠠᠨ ᠢ ᠦᠨᠡᠬᠡᠷ | ᠤᠤᠭᠤᠵᠤ ᠥᠩᠭᠡᠷᠡᠭᠰᠡᠨ ᠭᠡᠵᠦ ᠬᠠᠷᠢᠭᠤᠯᠤᠭᠰᠠᠨ ᠬᠥᠮᠥᠰ ᠤᠨ ᠳᠣᠲᠣᠷ᠎ᠠ ᠂ 5.5% ᠶᠢᠨ ᠡᠮᠡᠭᠲᠡᠶᠢᠴᠦᠳ ᠭᠠᠷᠠᠭ ᠪᠦᠷᠢ 4 — 6 ᠤᠳᠠᠭ᠎ᠠ ᠤᠤᠭᠤᠵᠤ ᠂ | 3% ᠠᠴᠠ ᠢᠯᠡᠭᠦᠦ ᠡᠮᠡᠭᠲᠡᠶᠢᠴᠦᠳ ᠡᠳᠦᠷ ᠪᠦᠷᠢ ᠡᠶᠢᠮᠦ ᠤᠮᠳᠠᠭᠠᠨ ᠤᠤᠭᠤᠳᠠᠭ ᠭᠡᠵᠡᠢ ; ᠡᠷᠡᠭᠲᠡᠶᠢᠴᠦᠳ ᠤᠨ ᠬᠠᠷᠢᠴᠠᠯ ᠲᠤᠭ᠎ᠠ ᠨᠢ ᠲᠤᠰᠪᠦᠷᠢ 8% ᠪᠠ | 5% ᠪᠣᠯᠣᠨ᠎ᠠ ᠃ ᠡᠨᠧᠷᠭᠢ ᠶᠢᠨ ᠤᠮᠳᠠᠭᠠᠨ ᠤ ᠬᠡᠷᠡᠭᠯᠡᠭᠡ ᠬᠢᠭᠡᠳ ᠤᠨᠲᠠᠬᠤ ᠴᠠᠭ ᠪᠠᠭᠠᠰᠬᠤ ᠶᠢᠨ ᠬᠤᠭᠤᠷᠣᠨᠳᠤ ᠢᠯᠡᠷᠬᠡᠢ ᠲᠤᠰᠬᠠᠯ ᠤᠨ ᠬᠠᠷᠢᠴᠠᠭ᠎ᠠ ᠲᠠᠢ ᠪᠠᠶᠢᠳᠠᠭ | ᠄ ᠡᠳᠦᠷ ᠪᠦᠷᠢ ᠤᠤᠭᠤᠳᠠᠭ ᠭᠡᠵᠦ ᠮᠡᠳᠡᠭᠦᠯᠦᠭᠰᠡᠨ ᠡᠷᠡᠭᠲᠡᠢ ᠡᠮᠡᠭᠲᠡᠢ ᠨᠢ ᠴᠥᠮ ᠬᠠᠶᠠ ᠵᠠᠷᠢᠮ ᠳᠠᠭᠠᠨ ᠤᠤᠭᠤᠳᠠᠭ ᠪᠤᠶᠤ ᠶᠡᠷᠦ ᠠᠴᠠ ᠤᠤᠭᠤᠳᠠᠭ ᠦᠭᠡᠢ ᠭᠡᠵᠦ | ᠮᠡᠳᠡᠭᠦᠯᠦᠭᠰᠡᠨ ᠡᠷᠡᠭᠲᠡᠢ ᠡᠮᠡᠭᠲᠡᠢ ᠠᠴᠠ ᠬᠠᠭᠠᠰ ᠴᠠᠭ ᠣᠷᠴᠢᠮ ᠳᠤᠲᠠᠭᠤ ᠤᠨᠲᠠᠳᠠᠭ ; ᠡᠨᠧᠷᠭᠢ ᠶᠢᠨ ᠤᠮᠳᠠᠭᠠᠨ ᠤ ᠬᠡᠷᠡᠭᠯᠡᠭᠡ ᠶᠢᠨ ᠨᠡᠮᠡᠭᠳᠡᠯ ᠨᠢ ᠨᠦᠢᠷ | ᠮᠠᠭᠤᠲᠠᠬᠤ ᠲᠠᠢ ᠰᠢᠭᠤᠳ ᠬᠤᠯᠪᠤᠭ᠎ᠠ ᠲᠠᠢ ᠪᠠᠶᠢᠵᠤ ᠂ ᠰᠥᠨᠢ ᠰᠡᠷᠢᠭᠦ ᠳᠠᠪᠲᠠᠮᠵᠢ ᠪᠠ ᠤᠨᠲᠠᠬᠤ ᠳᠤ ᠬᠡᠷᠡᠭᠰᠡᠬᠦ ᠴᠠᠭ ᠨᠢ ᠬᠠᠷᠢᠴᠠᠩᠭᠤᠢ ᠪᠠᠷ ᠨᠡᠮᠡᠭᠳᠡᠳᠡᠭ ᠃ | | |