QQ ᠸᠢᠴᠠᠲ ᠤᠨ ᠰᠢᠨ᠎ᠡ ᠴᠢᠳᠠᠮᠵᠢ ᠶᠢ ᠰᠦᠯᠵᠢᠶᠡᠨ ᠳᠤ ᠭᠠᠷᠭᠠᠪᠠ︕ ᠡᠨᠡ ᠴᠢᠳᠠᠮᠵᠢ ᠨᠢ ᠠᠮᠢ ᠠᠪᠤᠷᠠᠵᠤ ᠲᠠᠶᠢᠯᠤᠨ᠎ᠠ︕
ᠨᠡᠶᠢᠲᠡᠯᠡᠭᠰᠡᠨ ᠴᠠᠭ᠄
2024/5/17
      5 ᠰᠠᠷ᠎ᠠ ᠶᠢᠨ 13 ᠤ ᠡᠳᠦᠷ ᠂ QQ ᠸᠢᠴᠠᠲ ᠤᠨ ᠬᠢᠨ ᠭᠠᠵᠠᠷ ᠬᠥᠳᠡᠯᠦᠯᠲᠡ ᠶᠢᠨ ᠤᠷᠢᠳᠴᠢᠯᠠᠨ ᠰᠡᠷᠡᠮᠵᠢᠯᠡᠭᠦᠯᠬᠦ ᠴᠢᠳᠠᠮᠵᠢ ᠶᠢ ᠰᠦᠯᠵᠢᠶᠡᠨ ᠳᠤ ᠭᠠᠷᠭᠠᠬᠰᠠᠨ ᠳᠤ ᠪᠢᠴᠢᠯ ᠪᠦᠷᠭᠡ ᠶᠢᠨ ᠬᠠᠯᠠᠭᠤᠨ ᠬᠠᠶᠢᠯᠲᠠ ᠪᠤᠯᠪᠠ ᠃ ᠲᠧᠩ ᠰᠢᠶᠦ᠋ᠨ ᠺᠣᠮᠫᠠᠨᠢ ᠶᠢᠨ ᠪᠢᠴᠢᠯ ᠪᠦᠷᠭᠡ ᠶᠢᠨ ᠬᠢᠨ ᠬᠠᠷᠢᠭᠤ ᠦᠭᠭᠦ ᠳᠡᠭᠡᠨ ᠂ ᠡᠨᠡ ᠪᠣᠯ ᠥᠴᠥᠭᠡᠳᠦᠷ ᠣᠷᠣᠢ ᠰᠡᠮᠡᠭᠡᠷ ᠰᠦᠯᠵᠢᠶᠡᠨ ᠳᠤ ᠭᠠᠷᠭᠠᠬᠰᠠᠨ ᠴᠢᠳᠠᠮᠵᠢ ᠶᠤᠮ ᠂ ᠨᠢᠭᠡᠨᠲᠡ ᠰᠧᠴᠤᠸᠠᠨ ᠤ ᠪᠦᠬᠦ ᠮᠣᠵᠢ ᠵᠢᠴᠢ ᠤᠶᠢᠷ᠎ᠠ ᠬᠠᠪᠢ ᠶᠢᠨ 50 ᠺᠢᠯᠣᠮᠧᠳ᠋ᠷ ᠵᠠᠶᠢᠳᠠᠢ ᠭᠠᠵᠠᠷ ᠣᠷᠣᠨ ᠢ ᠪᠦᠷᠬᠦᠵᠡᠢ ᠃ ᠰᠧᠴᠤᠸᠠᠨ ᠤ ᠪᠥᠬᠦ ᠮᠤᠵᠢ ᠳᠤ 5 ᠲᠠᠰ ᠠᠴᠠ ᠳᠡᠭᠡᠭᠰᠢᠬᠢ ᠭᠠᠵᠠᠷ ᠬᠥᠳᠡᠯᠦᠯᠲᠡ ᠭᠠᠷᠬᠤ ᠳᠤ ᠭᠠᠵᠠᠷ ᠬᠦᠳᠡᠯᠦᠭᠰᠡᠨ ᠲᠠᠷᠠᠭᠠᠬᠢ 5 - 15 ᠰᠧᠺᠦ᠋ᠨ᠋ᠳ᠋ ᠲᠤ ᠭᠠᠵᠠᠷ ᠬᠥᠳᠡᠯᠦᠯᠲᠡ ᠶᠢᠨ ᠰᠡᠷᠡᠮᠵᠢᠯᠡᠭᠦᠯᠦᠯ ᠦᠭᠭᠦᠨ᠎ᠠ ᠂ ᠪᠤᠰᠤᠳ ᠮᠤᠵᠢ ᠣᠷᠣᠨ ᠤ ᠭᠠᠵᠠᠷ ᠬᠥᠳᠡᠯᠦᠯᠲᠡ ᠶᠢᠨ ᠰᠡᠷᠡᠮᠵᠢᠯᠡᠭᠦᠯᠦᠯ ᠤᠨ ᠦᠢᠯᠡᠴᠢᠯᠡᠭᠡ ᠴᠤ ᠤᠳᠠᠯ ᠥᠬᠡᠶ ᠰᠦᠯᠵᠢᠶᠡᠨ ᠳᠤ ᠭᠠᠷᠬᠤ ᠪᠣᠯᠤᠨ᠎ᠠ ᠭᠡᠪᠡ ᠃    
ᠢᠷᠡᠯᠲᠡ᠄ ᠠᠷᠠᠳ ᠤᠨ ᠮᠣᠩᠭᠤᠯ ᠰᠦᠯᠵᠢᠶ᠎ᠡ