| ᠣᠷᠳᠣᠰ ᠪᠣᠯ ᠣᠷᠳᠣᠰ ᠤᠨ ᠥᠨᠳᠦᠷᠯᠢᠭ ᠲᠠᠬᠢ ᠶᠡᠷᠦᠩᠬᠡᠢ ᠨᠡᠷᠡᠶᠢᠳᠦᠯ ᠶᠤᠮ ᠃ ᠣᠷᠳᠣᠰ ᠨᠤᠲᠤᠭ ᠤᠨ ᠮᠣᠩᠭᠤᠯᠴᠤᠳ ᠤᠨ ᠦᠵᠡᠯᠲᠡ ᠨᠢ ᠴᠢᠩᠭᠢᠰ | ᠬᠠᠭᠠᠨ ᠤ ᠨᠠᠢᠮᠠᠨ ᠴᠠᠭᠠᠨ ᠣᠷᠳᠣᠨ ︵ ᠭᠡᠷ ︶ ᠬᠢᠭᠡᠳ ᠣᠯᠠᠨ ᠣᠷᠳᠤ ᠬᠠᠷᠰᠢ ᠂ ᠰᠦᠯᠳᠡ ᠰᠢᠲᠦᠭᠡᠨ ᠢ ᠠᠳᠡ ᠪᠠᠶᠢᠭᠤᠯᠤᠭᠠᠳ ᠲᠠᠪᠤᠨ ᠵᠠᠭᠤᠨ ᠰᠢᠷ᠎ᠠ | ᠳᠠᠷᠬᠠᠳ ᠢᠶᠠᠷ ᠰᠠᠬᠢᠨ ᠬᠠᠮᠠᠭᠠᠯᠠᠵᠤ ᠳᠠᠬᠢᠭᠰᠠᠭᠠᠷ ᠢᠷᠡᠭᠰᠡᠨ ᠤᠳᠠᠭᠠᠨ ᠣᠨ ᠤ ᠲᠡᠦᠬᠡ ᠲᠠᠢ ᠠᠴᠠ ︽ ᠣᠷᠳᠣᠰ ︾ ᠭᠡᠰᠡᠨ ᠦᠭᠡᠨ ᠳᠤ ᠮᠣᠩᠭᠤᠯ ᠬᠡᠯᠡᠨ ᠤ ᠣᠯᠠᠨ | ᠲᠣᠭᠠᠨ ᠤ ︽ ᠊ᠰ ︾ ᠳᠠᠭᠠᠪᠤᠷᠢ ᠶᠢ ᠵᠠᠯᠭᠠᠭᠠᠳ ᠣᠯᠠᠨ ᠣᠷᠳᠣᠨ ᠭᠡᠰᠡᠨ ᠤᠳᠬᠠᠲᠠᠢ ︽ ᠣᠷᠳᠣᠰ ︾ ᠭᠡᠰᠡᠨ ᠨᠠᠷ᠎ᠡ ᠪᠣᠯᠤᠭᠰᠠᠨ ᠶᠤᠮ ᠃ | | ᠣᠷᠳᠣᠰ ᠨᠤᠲᠤᠭ ᠪᠣᠯ ᠪᠠᠷᠠᠭᠤᠨ ᠂ ᠬᠤᠶᠢᠨ᠎ᠠ ᠂ ᠵᠡᠭᠦᠨ 3 ᠲᠠᠯ ᠠ ᠪᠠᠷ ᠢᠶᠠᠨ ᠬᠠᠲᠤᠨ ᠭᠤᠣᠯ ᠣᠷᠢᠶᠠᠵᠤ ᠂ ᠪᠠᠷᠠᠭᠤᠨ ᠡᠮᠦᠨᠡᠭᠦᠷ ᠢᠶᠠᠷ ᠨᠢ ᠤᠷᠲᠤ ᠴᠠᠭᠠᠨᠬᠡᠷᠡᠮ | ᠪᠦᠰᠡᠯᠡᠵᠦ ᠪᠠᠶᠢᠬᠤ ᠭᠠᠵᠠᠷ ᠤᠨ ᠳᠤᠮᠳᠠ ᠨᠢ 87.428 ᠭᠠᠷᠤᠢ ᠲᠡᠭᠰᠢ ᠳᠥᠷᠪᠡᠯᠵᠢᠨ ᠺᠢᠯᠣᠮᠧᠳ᠋ᠷ ᠤᠨ ᠨᠤᠲᠤᠭ ᠳᠡᠪᠢᠰᠬᠡᠷ ᠳᠡᠭᠡᠷ᠎ᠡ ᠣᠷᠳᠣᠰ 7 ᠬᠤᠰᠢᠭᠤ 2 | ᠲᠣᠭᠤᠷᠢᠭ ᠲᠤ ᠬᠠᠷᠢᠶᠠᠯᠠᠭᠳᠠᠵᠤ ᠪᠠᠶᠢᠭ᠋ ᠠ ᠥᠩ ᠰᠢᠮᠡᠯᠢᠭ ᠡᠪᠡᠰᠦ ᠪᠡᠯᠴᠢᠭᠡᠷ ᠲᠠᠢ ᠦᠩᠰᠡᠭ ᠰᠠᠶᠢᠬᠠᠨ ᠮᠠᠯ ᠰᠦᠷᠦᠭ ᠲᠠᠢ ᠡᠯᠪᠡᠭ ᠪᠠᠶᠠᠨ ᠪᠠᠶᠢᠭᠠᠯᠢ ᠶᠢᠨ ᠡᠬᠢ | ᠪᠠᠶᠠᠯᠢᠭ ᠲᠠᠢ ᠣᠷᠣᠨ ᠢ ᠪᠣᠷᠣᠳᠣᠬᠤᠢ ︵ ᠤᠤᠯ ᠤᠨ ᠪᠣᠷᠣᠳᠣᠬᠤᠢ ᠳᠤ ᠤᠷᠠᠳ ᠤᠨ ᠲᠠᠯ᠎ᠠ ᠂ ᠲᠦᠮᠡᠳ ᠤᠨ ᠲᠠᠯ᠎ᠠ ᠪᠦᠷ ᠪᠠᠶᠢᠳᠠᠭ ︶ ᠪᠠᠶᠢᠵᠠᠢ ᠃ | | ᠠᠯᠢ ᠡᠷᠲᠡ ᠦᠶ᠎ᠡ ᠳᠤ ᠣᠷᠳᠣᠰ ᠮᠣᠩᠭᠤᠯ ᠤᠨ ᠡᠪᠦᠭᠡ ᠳᠡᠭᠡᠳᠦᠰ — ᠣᠷᠳᠣᠰ ᠬᠥᠮᠥᠨ ︵ ᠪᠣᠷᠣᠳᠣᠬᠤᠢ ᠶᠢᠨ ᠬᠥᠮᠥᠨ ︶ ᠪᠠᠶᠢᠵᠠᠢ ᠃ | ᠲᠡᠭᠦᠨ ᠡᠴᠠᠬᠤᠶᠢᠰᠢ ᠲᠡᠦᠬᠡ ᠶᠢᠨ ᠤᠷᠲᠤ ᠤᠳᠠᠭᠠᠨ ᠬᠤᠭᠤᠴᠠᠭᠠᠨ ᠳᠤ ᠤᠮᠠᠷᠠᠲᠤ ᠣᠷᠣᠨ ᠤ ᠡᠯ᠎ᠡ ᠴᠥᠭᠡᠨ ᠲᠣᠭᠠᠲᠤ ᠦᠨᠳᠦᠰᠦᠲᠡᠨ ᠦᠶ᠎ᠡ ᠤᠯᠠᠷᠢᠨ ᠠᠵᠤ | ᠲᠦᠷᠦᠨᠨᠡᠭᠦᠳᠡᠯᠯᠡᠨ ᠮᠠᠯᠵᠢᠵᠤ ᠢᠷᠡᠭᠰᠡᠭᠡᠷ ᠥᠨᠥᠳᠥᠷ ᠤᠨ ᠡᠶᠢᠮᠦ ᠰᠠᠶᠢᠬᠠᠨ ᠥᠯᠢᠭᠡᠷ ᠲᠡᠦᠬᠡ ᠶᠢ ᠡᠭᠦᠳᠦᠨ ᠪᠦᠲᠦᠭᠡᠭᠰᠡᠨ ᠭᠡᠳᠡᠭ ᠃ | ︽ ᠣᠷᠳᠣᠰ ︾ ᠭᠡᠳᠡᠭ ᠨᠠᠷ᠎ᠡ ᠴᠢᠩᠭᠢᠰ ᠬᠠᠭᠠᠨ ᠤ ᠦᠢ ᠡ ᠠᠴᠠ ᠡᠬᠢᠯᠡᠵᠦ ᠪᠤᠢ ᠪᠣᠯᠤᠭᠰᠠᠨ ᠪᠣᠯᠪᠠᠴᠤ 13 ᠳ᠋ᠤᠭᠠᠷ ᠵᠠᠭᠤᠨ ᠤ ᠰᠡᠭᠦᠯᠴᠢ 14 ᠳ᠋ᠦ᠋ᠭᠡᠷ | ᠵᠠᠭᠤᠨ ᠤᠡᠬᠢᠨ ᠤ ᠦᠶ᠎ᠡ ᠪᠠᠷ ᠰᠠᠶ᠋ᠢ ᠵᠢᠩᠬᠢᠨᠢ ᠮᠣᠩᠭᠤᠯ ᠤᠨ ᠨᠡᠶᠢᠭᠡᠮ ᠤᠨ ᠵᠠᠰᠠᠭ ᠵᠠᠬᠢᠷᠭᠠᠨ ᠤ ᠨᠠᠷ ᠡ ᠪᠣᠯᠵᠠᠢ ᠃ ᠦᠬᠡᠷ᠎ᠡ ᠪᠠᠷ ᠬᠡᠯᠡᠪᠡᠯ ᠮᠣᠩᠭᠤᠯ ᠤᠨ | ᠨᠡᠶᠢᠭᠡᠮ ᠤᠨ ᠨᠢᠭᠡᠨᠲ᠋ᠦ᠋ᠮᠡᠨ ᠤ ᠨᠠᠷ᠎ᠡ ︽ ᠣᠷᠳᠣᠰ ᠲᠦᠮᠡᠨ ︾ ᠭᠡᠵᠦ ᠪᠤᠢ ᠪᠣᠯᠵᠠᠢ ᠃ ︽ ᠰᠢᠷ᠎ᠠ ᠲᠤᠭᠤᠵᠢ ︾ ᠳᠤ ︽ ᠡᠷᠴᠢᠮᠲᠦ ᠨᠠᠴᠢᠨ ᠤ ᠵᠢᠭᠦᠷ ᠪᠣᠯᠤᠭᠰᠠᠨ ᠂ | ᠡᠷᠭᠢᠬᠦ ᠬᠠᠰᠠᠭ ᠲᠡᠷᠭᠡᠨ ᠢ ᠬᠠᠳᠠᠭᠠᠯᠠᠭᠰᠠᠨ ᠡᠷᠡᠬᠡᠶᠢᠲᠦ ᠶᠢᠨ ᠮᠡᠷᠭᠡᠨ ᠂ ᠡᠪᠴᠢᠭᠦᠨ ᠳᠡᠭᠡᠨ ᠶᠡᠭᠡ ᠵᠣᠷᠢᠭᠲᠤ ᠤᠯᠤᠰ ᠲᠤ ᠲᠦᠷᠦᠭᠰᠡᠨ ᠡᠵᠡᠨ ᠢ ᠠᠭᠤᠯᠠ ᠮᠡᠲᠦ | ᠴᠠᠭᠠᠨ ᠭᠡᠷ ᠢ ᠬᠠᠳᠠᠭᠠᠯᠠᠭᠰᠠᠨᠣᠷᠳᠣᠰ ᠲᠦᠮᠡᠨ ︾ ᠭᠡᠵᠦ ᠣᠷᠳᠣᠰ ᠲᠦᠮᠡᠨ ᠤ ᠶᠡᠭᠡ ᠬᠠᠭᠠᠨ ᠤ ᠠᠶᠠᠨ ᠳᠠᠶᠢᠨ ᠳᠤ ᠬᠡᠷᠡᠭᠯᠡᠵᠦ ᠪᠠᠭᠤᠬᠤ ᠣᠷᠳᠣᠨ ᠥᠷᠦᠬᠡ ᠶᠢᠨ | ᠲᠤᠰᠬᠠᠢ ᠡᠷᠬᠢᠯᠠᠨ ᠬᠠᠷᠢᠭᠤᠴᠠᠵᠤ ᠪᠠᠶᠢᠭᠰᠠᠨ ᠪᠠᠶᠢᠳᠠᠯ ᠢ ᠲᠣᠪ ᠲᠣᠳᠣᠷᠬᠠᠢ ᠳᠦᠷᠰᠦᠯᠡᠭᠰᠡᠨ ᠪᠠᠶᠢᠨ᠎ᠠ ᠃ | | | ︽ ᠡᠷᠳᠡᠨᠢ ᠶᠢᠨ ᠲᠣᠪᠴᠢ ︾ ᠳᠤ ︽ ᠣᠷᠳᠣᠰ ᠲᠤ ᠡᠵᠡᠨ ᠤ ᠨᠠᠢᠮᠠᠨ ᠴᠠᠭᠠᠨ ᠭᠡᠷ ᠢ ᠬᠠᠳᠠᠭᠠᠯᠠᠭᠰᠠᠨ ᠶᠡᠭᠡ ᠵᠠᠶᠠᠭᠠᠲᠤ ᠤᠯᠤᠰ ︾ ᠭᠡᠵᠦ ᠣᠷᠳᠣᠰᠴᠤᠳ ᠤᠨ | ᠶᠡᠭᠡ ᠬᠠᠭᠠᠨ ᠤ ᠣᠷᠳᠣᠨ ᠥᠷᠦᠬᠡ ᠶᠢ ᠲᠤᠰᠬᠠᠢ ᠬᠠᠷᠢᠭᠤᠴᠠᠨ ᠬᠠᠮᠠᠭᠠᠯᠠᠵᠤ ᠪᠠᠶᠢᠭᠰᠠᠨ ᠠᠴᠠ ᠪᠠᠨ ᠡᠵᠡᠨ ᠤ ᠭᠡᠷᠢᠶᠡᠰ ᠢ ᠨᠠᠢᠮᠠᠨ ᠴᠠᠭᠠᠨ ᠭᠡᠷ ᠲᠤ ᠬᠠᠳᠠᠭᠠᠯᠠᠨ | ᠰᠠᠬᠢᠵᠤ ᠳᠠᠬᠢᠵᠤ ᠪᠠᠶᠢᠭᠰᠠᠨ ᠢ ᠨᠤᠲᠠᠯᠠᠵᠠᠢ ᠃ ᠭᠡᠪᠡᠴᠦ ᠡᠨᠡ ᠦᠶ᠎ᠡ ᠳᠤ ᠵᠢᠩᠬᠢᠨᠢ ᠵᠠᠰᠠᠭ ᠵᠠᠬᠢᠷᠭᠠᠨ ᠤ ᠨᠠᠷ᠎ᠡ ᠪᠣᠯᠵᠤ ᠴᠢᠳᠠᠭᠠᠳᠤᠢ ᠪᠠᠶᠢᠵᠠᠢ ᠃ | | | | | | ᠪᠠᠲᠤᠮᠦ᠋ᠩᠬᠡ ᠳᠠᠶᠠᠨ ᠬᠠᠭᠠᠨ ᠪᠦᠬᠦ ᠮᠣᠩᠭᠤᠯ ᠢ ᠳᠠᠬᠢᠨ ᠨᠢᠭᠡᠳᠬᠡᠭᠰᠡᠨ ᠤ ᠳᠠᠷᠠᠭ᠎ᠠ 1470 ᠣᠨ ᠳᠤ ᠪᠦᠬᠦ ᠮᠣᠩᠭᠤᠯ ᠢ ᠵᠡᠭᠦᠨ ᠪᠠᠷᠠᠭᠤᠨ ᠵᠢᠷᠭᠤᠭᠠᠨᠲ᠋ᠦ᠋ᠮᠡᠨ | ᠬᠤᠪᠢᠶᠠᠵᠤ ᠭᠤᠷᠪᠠᠳᠤᠭᠠᠷ ᠬᠥᠪᠡᠭᠦᠨ ᠪᠠᠷᠰᠪᠤᠯᠤᠳ ᠲᠤ ᠪᠠᠷᠠᠭᠤᠨ ᠭᠠᠷᠤᠨ ᠣᠷᠳᠣᠰ ᠂ ᠶᠥᠩᠰᠢᠶᠡᠪᠤ ᠂ ᠠᠷᠪᠠᠨ ᠬᠤᠶᠠᠷ ᠲᠦᠮᠡᠳ ᠵᠡᠷᠭᠡ ᠭᠤᠷᠪᠠᠨ ᠲᠦᠮᠡᠨ ᠢ | ᠡᠵᠡᠯᠡᠭᠦᠯᠦᠭᠡᠳ ︽ ᠣᠷᠳᠣᠰ ︾ ᠭᠡᠰᠡᠨ ᠦᠭᠡ ᠵᠢᠩᠬᠢᠨᠢ ᠪᠠᠷ ᠵᠠᠰᠠᠭ ᠵᠠᠬᠢᠷᠭᠠᠨ ᠤ ᠨᠠᠷ ᠡ ᠪᠣᠯᠵᠤ ᠬᠤᠪᠢᠷᠠᠭᠰᠠᠨ ᠪᠠᠶᠢᠨ᠎ᠠ ᠃ ᠴᠢᠩ ᠤᠯᠤᠰ ᠮᠣᠩᠭᠤᠯ ᠤᠯᠤᠰ ᠢ | ᠡᠷᠬᠡᠰᠢᠶᠡᠯ ᠳᠡᠭᠡᠨ ᠣᠷᠣᠭᠤᠯᠤᠭᠰᠠᠨ ᠤ ᠳᠠᠷᠠᠭ᠎ᠠ ᠡᠶᠡᠪᠡᠷ ᠵᠠᠰᠠᠭᠴᠢ ᠶᠢᠨ ᠵᠢᠷᠭᠤᠳᠤᠭᠠᠷ ᠣᠨ ︵ 1649 ︶ ᠳᠤ ︽ ᠶᠡᠭᠡ ᠵᠣᠣ ︾ ᠭᠡᠪᠡ ᠃ ᠣᠳᠣ ᠶᠢᠨ | ᠳᠠᠯᠠᠳᠬᠤᠰᠢᠭᠤᠨ ᠤ ᠬᠢᠵᠠᠭᠠᠷ ᠲᠤ ᠪᠠᠶᠢᠭ᠎ᠠ ᠸᠠᠩ ᠤᠨ ᠭᠤᠣᠯ ᠤᠨ ᠳᠡᠷᠭᠡᠳᠡ ᠱᠠᠭᠵᠠᠮᠤᠨᠢ ᠪᠤᠷᠬᠠᠨ ᠤ ᠠᠷᠪᠠᠨ ᠬᠤᠶᠠᠷ ᠨᠠᠰᠤᠨ ᠤ ᠦᠢ ᠡ ᠶᠢᠨ ᠬᠦᠷᠦᠭ ᠢ | ᠰᠢᠲᠦᠭᠡᠨ ᠪᠣᠯᠭᠠᠨ ᠲᠠᠬᠢᠭᠰᠠᠨ ᠰᠦᠮ ᠡ ᠶᠢᠨ ᠶᠡᠭᠡ ᠵᠣᠣ ᠭᠡᠳᠡᠭ ᠲᠤᠯᠠ ᠣᠷᠳᠣᠰ ᠲᠦᠮᠡᠨ ᠢ ᠰᠦᠮ᠎ᠡ ᠶᠢᠨ ᠨᠠᠷ᠎ᠡ ᠪᠠᠷ ᠶᠡᠭᠡ ᠵᠣᠣ ᠶᠢᠨ ᠴᠢᠭᠤᠯᠭᠠᠨ ᠪᠣᠯᠭᠠᠨ | ᠥᠭᠡᠷᠡᠴᠢᠯᠡᠵᠦ ᠂ ᠭᠤᠮᠪᠤ ᠪᠤᠷᠬᠠᠨ ᠤ ᠵᠢᠷᠭᠤᠭᠠᠨ ᠮᠣᠳᠣᠷ ᠢ ᠳᠠᠭᠤᠷᠢᠶᠠᠯᠭᠠᠨ ᠬᠤᠰᠢᠭᠤ ᠬᠤᠪᠢᠶᠠᠬᠤ ᠳᠠᠭᠠᠨ ᠵᠡᠭᠦᠨ ᠭᠠᠷᠤᠨ ᠡᠮᠦᠨᠡᠲᠦ ᠬᠤᠰᠢᠭᠤ ︵ ᠵᠡᠭᠦᠨᠭᠠᠷ ︶ ᠂ | ᠵᠡᠭᠦᠨ ᠭᠠᠷᠤᠨ ᠳᠤᠮᠳᠠᠲᠤ ᠬᠤᠰᠢᠭᠤ ︵ ᠵᠢᠶᠦ᠋ᠨ ᠸᠠᠩ ︶ ᠂ ᠵᠡᠭᠦᠨ ᠭᠠᠷᠤᠨ ᠬᠤᠶᠢᠲᠤ ᠬᠤᠰᠢᠭᠤ ︵ ᠳᠠᠯᠠᠳ ︶ ᠂ ᠪᠠᠷᠠᠭᠤᠨ ᠭᠠᠷᠤᠨ ᠡᠮᠦᠨᠡᠲᠦ ᠬᠤᠰᠢᠭᠤ ︵ | ᠦᠦᠰᠢᠨ ︶ ᠂ ᠪᠠᠷᠠᠭᠤᠨ ᠭᠠᠷᠤᠨ ᠳᠤᠮᠳᠠᠲᠤ ᠬᠤᠰᠢᠭᠤ ︵ ᠣᠲᠤᠭ ︶ ᠂ ᠪᠠᠷᠠᠭᠤᠨ ᠭᠠᠷᠤᠨ ᠬᠤᠶᠢᠲᠤ ᠬᠤᠰᠢᠭᠤ ︵ ᠬᠠᠩᠭᠢᠨ ︶ ᠭᠡᠵᠦ ᠵᠢᠷᠭᠤᠭᠠᠨ ᠬᠤᠰᠢᠭᠤ | ᠪᠣᠯᠭᠠᠵᠠᠢ ᠃ ᠰᠡᠭᠦᠯ ᠳᠤ ᠪᠠᠷᠠᠭᠤᠨ ᠭᠠᠷᠤᠨ ᠡᠮᠦᠨᠡᠲᠦ ᠠᠳᠠᠭ ᠬᠤᠰᠢᠭᠤ ︵ ᠵᠠᠰᠠᠭ ︶ ᠶᠢ ᠨᠡᠮᠡᠪᠡ ᠃ ᠶᠡᠭᠡ ᠵᠣᠣ ᠴᠢᠭᠤᠯᠭᠠᠨ ᠤ ᠳᠣᠲᠣᠷ᠎ᠠ ᠨᠢ ᠡᠯ᠎ᠡ ᠬᠤᠰᠢᠭᠤᠨ ᠤ | ᠨᠣᠶᠠᠳ ᠢ ᠴᠤᠭᠯᠠᠭᠤᠯᠵᠤ ᠴᠢᠭᠤᠯᠭᠠᠨ ᠴᠢᠭᠤᠯᠵᠤ ᠵᠠᠰᠠᠭ ᠲᠦᠷᠦ ᠶᠢᠨ ᠶᠠᠪᠤᠳᠠᠯ ᠢ ᠵᠥᠪᠯᠡᠳᠡᠭ ᠠᠴᠠ ᠶᠡᠭᠡ ᠵᠣᠣ ᠶᠢᠨ ᠴᠢᠭᠤᠯᠭᠠᠨ ᠭᠡᠵᠦ ᠨᠡᠷᠡᠶᠢᠳᠴᠡᠢ ᠃ 1949 | ᠣᠨ ᠳᠤ ᠴᠢᠯᠦᠭᠡᠯᠡᠭᠳᠡᠭᠰᠡᠨ ᠤ ᠳᠠᠷᠠᠭ᠎ᠠ ︽ ᠴᠢᠭᠤᠯᠭᠠᠨ ︾ ᠢ ︽ ᠠᠶᠢᠮᠠᠭ ︾ ᠪᠣᠯᠭᠠᠨ ᠥᠭᠡᠷᠡᠴᠢᠯᠡᠭᠡᠳ ︽ ᠶᠡᠭᠡ ᠵᠣᠣ ᠠᠶᠢᠮᠠᠭ ︾ ᠪᠣᠯᠵᠤ ᠪᠠᠶᠢᠭᠠᠳ 2001 | ᠣᠨ ᠤ 2 ᠰᠠᠷ᠎ᠠ ᠶᠢᠨ 26 ᠳᠤ ᠤᠯᠤᠰ ᠤᠨ ᠶᠠᠪᠤᠳᠠᠯ ᠤᠨ ᠬᠤᠷᠢᠶᠠᠨ ᠤ ᠵᠥᠪᠰᠢᠶᠡᠷᠡᠯ ᠢᠶᠠᠷ ᠶᠡᠭᠡ ᠵᠣᠣ ᠠᠶᠢᠮᠠᠭ ᠨᠢ ᠥᠷᠭᠡᠵᠢᠵᠦ ᠬᠥᠭᠵᠢᠭᠡᠳ ᠣᠷᠳᠣᠰ ᠬᠤᠲᠠ | ᠪᠣᠯᠭᠠᠪᠠ ᠃ ᠢᠩᠭᠢᠭᠡᠳ ᠂ ᠣᠷᠳᠣᠰ ᠤᠨ ᠤᠯᠤᠰ ᠲᠦᠷᠦ ᠂ ᠠᠵᠤ ᠠᠬᠤᠢ ᠂ ᠰᠣᠶᠣᠯ ᠲᠡᠦᠬᠡ ᠶᠢᠨ ᠲᠥᠪ ᠪᠣᠯᠵᠤ ᠣᠷᠳᠣᠰ ᠮᠣᠩᠭᠤᠯᠴᠤᠳ ᠤᠨ ᠣᠮᠣᠭᠰᠢᠯ | ᠪᠣᠯᠤᠭᠰᠠᠨ ᠪᠠᠶᠢᠨ᠎ᠠ ᠃ | | | |