| ᠢᠮᠠᠭᠠᠨ ᠮᠢᠬ᠎ᠠ ᠪᠤᠯ ᠭᠦᠮᠦᠨ ᠲᠦᠷᠦᠯᠭᠢᠳᠡᠨ ᠤ ᠮᠢᠬᠠᠨ ᠢᠳᠡᠭᠡᠨ ᠤ ᠴᠢᠬᠤᠯᠠ ᠨᠢᠭᠡ ᠲᠦᠷᠦᠯ ᠪᠤᠯᠤᠨ᠎ᠠ ᠃ ᠭᠦᠮᠦᠨ ᠲᠦᠷᠦᠯᠭᠢᠳᠡᠨ ᠠᠯᠢ ᠡᠷᠳᠡ ᠠᠡᠭ | ᠠᠩᠨᠠᠯ ᠤᠨ ᠦᠶ᠎ᠠ ᠠᠴᠠ ᠡᠬᠢᠯᠡᠨ ᠢᠮᠠᠭᠠᠨ ᠮᠢᠬ᠎ᠠ ᠶᠢ ᠢᠳᠡᠵᠦ ᠦᠯ ᠬᠤᠭᠤᠯᠠ ᠪᠤᠯᠭᠠᠵᠦ ᠪᠠᠶᠢᠬᠰᠠᠨ ᠪᠦᠭᠡᠳ ᠢᠮᠠᠭ᠎ᠠ ᠶᠢ ᠭᠠᠷᠰᠢᠭᠤᠯᠵᠦ ᠭᠡᠷᠰᠢᠭᠦᠯᠦᠨ ᠦᠰᠭᠡᠨ | ᠦᠷᠡᠵᠢᠭᠦᠯᠦᠭᠰᠡᠨ ᠠᠴᠠ ᠬᠤᠶᠢᠰᠢ ᠦᠷᠭᠦᠯᠵᠢ ᠶᠢᠨ ᠢᠳᠡᠭᠡᠨ ᠪᠤᠯᠭᠠᠵᠦ ᠂ ᠢᠮᠠᠭᠠᠨ ᠮᠢᠬ᠎ᠠ ᠠᠴᠠ ᠡᠯᠪᠡᠭ ᠪᠠᠶᠠᠯᠢᠭ ᠰᠢᠮ᠎ᠠ ᠲᠡᠵᠢᠭᠡᠯ ᠭᠦᠷᠳᠡᠵᠦ ᠂ ᠠᠵᠦ ᠲᠦᠷᠦᠵᠦ | ᠠᠮᠢᠳᠤᠷᠠᠵᠦ ᠢᠷᠡᠭᠰᠡᠨ ᠤᠷᠳᠤ ᠤᠳᠠᠭᠠᠨ ᠲᠡᠦᠭᠡ ᠲᠠᠢ ᠪᠢᠯᠡ ᠃ ᠢᠮᠠᠭᠠᠨ ᠮᠢᠬᠠᠨ ᠤ ᠦᠡᠭᠭᠡ ᠨᠢ ᠬᠤᠨᠢᠨ ᠮᠢᠬᠠᠨ ᠤ ᠦᠡᠭᠭᠡ ᠠᠴᠠ ᠪᠠᠭ᠎ᠠ ᠭᠦᠨ ᠤᠯᠠᠭᠠᠨ ᠂ | ᠦᠭᠡᠭᠦ ᠲᠤᠰᠤ ᠨᠢ ᠬᠤᠨᠢᠨ ᠤ ᠮᠢᠬᠠᠨ ᠠᠴᠠ ᠪᠠᠭ᠎ᠠ ᠂ ᠤᠭᠤᠷᠠᠭ ᠨᠢ ᠬᠤᠨᠢᠨ ᠮᠢᠬᠠᠨ ᠠᠴᠠ ᠠᠷᠪᠢᠨ ᠪᠠᠶᠢᠳᠠᠭ ᠃ ᠢᠮᠠᠭᠠᠨ ᠤ ᠦᠭᠡᠭᠦ ᠲᠤᠰᠤ ᠨᠢ ᠭᠤᠤᠯᠳᠠᠭᠤ | ᠲᠤᠳᠤᠷ ᠡᠷᠭᠡᠳᠡᠨ ᠳᠤ ᠲᠦᠪᠯᠡᠷᠡᠵᠦ ᠪᠠᠶᠢᠳᠠᠭ ᠪᠦᠭᠡᠳ ᠭᠦᠷᠦᠪᠡᠯ ᠠᠮᠠᠷᠬᠠᠨ ᠴᠠᠷᠴᠠᠴᠢᠬᠠᠳᠠᠭ ᠪᠤᠯᠬᠤᠷ ᠮᠠᠯᠴᠢᠳ ︽ ᠢᠮᠠᠭᠠᠨ ᠮᠢᠬ᠎ᠠ ᠬᠠᠯᠠᠭᠤᠨ ᠳᠠᠭᠠᠨ ᠲᠡᠭᠡᠷ᠎ᠠ ᠂ | ᠶᠠᠪᠤᠳᠠᠯ ᠤᠴᠢᠷ ᠲᠦᠷᠭᠡᠨ ᠳᠡᠭᠡᠨ ᠲᠡᠭᠡᠷ᠎ᠠ ︾ ᠭᠡᠵᠦ ᠭᠡᠯᠡᠳᠡᠭ ᠃ ᠢᠮᠠᠭᠠᠨ ᠮᠢᠬᠠᠨ ᠤ ᠰᠢᠷᠭᠡᠭ ᠨᠢ ᠨᠠᠷᠢᠨ ᠂ ᠦᠭᠡᠭᠦᠨ ᠤ ᠲᠠᠷᠬᠠᠯᠳᠠ ᠨᠢ ᠵᠢᠭᠳᠡ ᠂ ᠪᠤᠯᠴᠢᠩ | ᠮᠢᠬᠠᠨ ᠤ ᠬᠢᠨᠢ ᠵᠠᠪᠰᠠᠷ ᠲᠤ ᠦᠭᠡᠭᠦᠨ ᠤ ᠬᠤᠷᠠᠮᠳᠤᠯ ᠦᠭᠡᠢ ᠂ ᠬᠠᠷ᠎ᠠ ᠮᠢᠬ᠎ᠠ ᠪᠤᠯᠤᠨ ᠦᠭᠡᠭᠦ ᠲᠤᠰᠤᠨ ᠤ ᠬᠠᠷᠢᠴᠠᠯ ᠨᠢ ᠨᠡᠯᠢᠶᠡᠳ ᠲᠡᠩᠴᠡᠭᠦᠷᠢᠳᠠᠢ ᠪᠠᠶᠢᠳᠠᠭ ᠃ | ᠨᠠᠮᠤᠷ ᠤᠨ ᠰᠡᠭᠦᠯᠴᠢ ᠶᠢᠨ ᠨᠢᠳᠦᠯᠭᠠ ᠶᠢᠨ ᠦᠶ᠎ᠠ ᠳᠤ ᠡᠩ ᠤᠨ ᠨᠠᠰᠦ ᠭᠦᠢᠴᠡᠭᠰᠡᠨ ᠰᠡᠷᠭᠡ ᠶᠢᠨ ᠠᠮᠢᠳᠦ ᠶᠢᠨ ᠵᠢᠩ ᠨᠢ ᠲᠤᠮᠳᠠᠴᠢ ᠪᠠᠷ 100. 6 ᠵᠢᠩ ᠭᠦᠷᠴᠦ ᠂ | ᠬᠠᠮᠤᠭ ᠤᠨ ᠦᠨᠳᠦᠷ ᠨᠢ 120 ᠵᠢᠩ ᠭᠦᠷᠳᠡᠭ ᠃ ᠨᠢᠳᠦᠯᠦᠬᠰᠠᠨ ᠤ ᠲᠠᠷᠠᠭ᠎ᠠ ᠭᠦᠨᠳᠦ ᠨᠢ ᠲᠤᠮᠳᠠᠴᠢ ᠪᠠᠷ 50 ᠵᠢᠩ ᠤᠷᠴᠢᠮ ᠭᠦᠷᠳᠡᠭ ᠃ ᠢᠮᠠᠭ᠎ᠠ ᠪᠤᠯ | ᠶᠡᠷᠦ ᠳᠡᠭᠡᠨ ᠲᠤᠳᠤᠷ ᠲᠠᠷᠭᠤ ᠠᠪᠬᠤ ᠪᠠᠷ ᠰᠠᠶᠢᠨ ᠂ ᠢᠮᠠᠭᠠᠨ ᠤ ᠲᠤᠳᠤᠷ ᠦᠭᠡᠭᠦ ᠨᠢ ᠬᠤᠨᠢᠨ ᠤ ᠬᠢ ᠠᠴᠠ ᠦᠯᠡᠭᠦᠦ ᠪᠠᠶᠢᠳᠠᠭ ᠲᠤᠯᠠ ᠲᠠᠷᠭᠤ ᠰᠠᠶᠢᠳᠠᠢ ᠨᠠᠰᠦ | ᠭᠦᠢᠴᠡᠭᠰᠡᠨ ᠪᠦᠳᠦᠭᠦᠨ ᠰᠡᠷᠭᠡ ᠶᠢᠨ ᠦᠭᠡᠭᠦ ᠨᠢ ᠬᠠᠮᠤᠭ ᠤᠨ ᠠᠷᠪᠢᠨ ᠳᠠᠭᠠᠨ 9 ᠵᠢᠩ ᠂ ᠲᠠᠷᠭᠤ ᠭᠦᠴᠦ ᠪᠠᠷ ᠬᠠᠮᠤᠭ ᠤᠨ ᠮᠠᠭᠤ ᠨᠢ ᠴᠦ ᠭᠡᠰᠡᠨ 5 ᠵᠢᠩ ᠦᠭᠡᠭᠦ | ᠭᠠᠷᠳᠠᠭ ᠃ ᠠᠭᠤᠯᠠᠷᠬᠠᠬ ᠤᠷᠤᠨ ᠤ ᠢᠮᠠᠭᠠᠨ ᠤ ᠮᠢᠬ᠎ᠠ ᠨᠢ ᠰᠢᠩᠭᠡᠭ ᠦᠨᠤᠷ ᠦᠭᠡᠢ ᠪᠤᠶᠤ ᠰᠢᠩᠭᠡᠭ ᠦᠨᠤᠷ ᠪᠠᠶᠢᠬᠰᠠᠨ ᠴᠦ ᠪᠠᠭ᠎ᠠ ᠂ ᠠᠮᠳᠠ ᠰᠢᠮᠳᠡ ᠪᠠᠷ | ᠰᠠᠶᠢᠬᠠᠨ ᠂ ᠰᠢᠩᠭᠡᠭᠡᠭᠦ ᠳᠤ ᠬᠢᠯᠪᠠᠷ ᠂ ᠰᠢᠮ᠎ᠠ ᠲᠡᠵᠢᠭᠡᠯ ᠤᠨ ᠪᠦᠷᠢᠯᠳᠦᠭᠦᠨ ᠨᠢ ᠲᠤᠮᠳᠠ ᠲᠠᠷᠭᠤ ᠲᠠᠢ ᠦᠭᠡᠷ ᠤᠨ ᠮᠢᠬ᠎ᠠ ᠲᠠᠢ ᠤᠢᠢᠷᠠᠯᠴᠠᠭ᠎ᠠ ᠪᠠᠶᠢᠳᠠᠭ ᠃ | ᠢᠳᠡᠭᠡᠨ ᠤ ᠰᠤᠳᠤᠯᠤᠯ ᠤᠨ ᠲᠤᠭ᠎ᠠ ᠪᠠᠷᠢᠮᠳᠠ ᠳᠤ ᠮᠡᠳᠡᠭᠡᠯᠡᠭᠰᠡᠨ ᠦᠨᠡᠯᠡᠯᠳᠡ ᠠᠴᠠ ᠦᠵᠡᠭᠦ ᠳᠤ ᠂ ᠢᠮᠠᠭᠠᠨ ᠮᠢᠬᠠᠨ ᠤ ᠤᠭᠤᠷᠠᠭ ᠤᠨ ᠠᠭᠤᠯᠤᠭᠳᠠᠴᠠ ᠨᠢ ᠭᠠᠭ᠋ᠠᠢ ᠂ | ᠦᠭᠡᠷ ᠂ ᠬᠤᠨᠢᠨ ᠮᠢᠬᠠᠨ ᠤ ᠬᠢ ᠠᠴᠠ 20% ᠪᠠᠷ ᠦᠨᠳᠤᠷ ᠪᠠᠶᠢᠳᠠᠭ ᠃ ᠢᠮᠠᠭᠠᠨ ᠮᠢᠬᠠᠨ ᠤ ᠪᠦᠷᠢᠯᠳᠦᠭᠦᠨ ᠳᠤ ᠤᠭᠤᠷᠠᠭ ᠂ ᠦᠭᠡᠭᠦ ᠲᠤᠰᠤ ᠪᠠ ᠡᠯ᠎ᠠ | ᠵᠦᠢᠯ ᠤᠨ ᠡᠷᠦᠳᠡᠰᠦ ᠪᠤᠳᠠᠰ ᠠᠭᠤᠯᠤᠬᠳᠠᠵᠦ ᠪᠠᠶᠢᠳᠠᠭ ᠃ ᠢᠮᠠᠭᠠᠨ ᠮᠢᠬᠠᠨ ᠳᠠᠬᠢ ᠤᠭᠤᠷᠠᠭ ᠤᠨ ᠠᠭᠤᠯᠤᠬᠳᠠᠴᠠ ᠨᠢ 20.6% ᠂ ᠦᠭᠡᠭᠦ ᠲᠤᠰᠤ ᠨᠢ 4.3% ᠂ | ᠡᠷᠦᠳᠡᠰᠦ ᠪᠤᠳᠠᠰ 1.25 ᠠᠭᠤᠯᠵᠦ ᠪᠠᠶᠢᠳᠠᠭ ᠃ ᠢᠮᠠᠭᠠᠨ ᠮᠢᠬᠠᠨ ᠳᠠᠬᠢ ᠤᠭᠤᠷᠠᠭ ᠤᠨ ᠠᠭᠤᠯᠤᠬᠳᠠᠴᠠ ᠨᠢ ᠬᠤᠨᠢᠨ ᠮᠢᠬ᠎ᠠ ᠂ ᠲᠤᠮᠳᠠ ᠵᠡᠷᠭᠡ ᠶᠢᠨ ᠦᠭᠡᠷ ᠤᠨ | ᠮᠢᠬ᠎ᠠ ᠪᠤᠯᠤᠨ ᠲᠠᠷᠭᠤᠨ ᠭᠠᠭ᠋ᠠᠢ ᠶᠢᠨ ᠮᠢᠬᠠᠨ ᠳᠤ ᠠᠭᠤᠯᠤᠬᠳᠠᠬᠤ ᠤᠭᠤᠷᠠᠭ ᠠᠴᠠ ᠪᠦᠷ ᠶᠡᠭᠡ ᠪᠠᠶᠢᠵᠦ ᠂ ᠠᠳᠤᠭᠤᠨ ᠤ ᠮᠢᠬᠠᠨ ᠤ ᠤᠭᠤᠷᠠᠭ ᠠᠴᠠ ᠪᠠᠭ᠎ᠠ | ᠪᠤᠯᠪᠠᠴᠦ ᠠᠭᠤᠯᠬᠤ ᠦᠭᠡᠭᠦ ᠲᠤᠰᠤ ᠨᠢ ᠲᠡᠳᠡᠭᠡᠷ ᠠᠴᠠ ᠪᠦᠷ ᠪᠠᠭ᠎ᠠ ᠂ ᠡᠷᠦᠳᠡᠰᠦ ᠪᠤᠳᠠᠰ ᠨᠢ ᠲᠡᠳᠡᠭᠡᠷ ᠠᠴᠠ ᠪᠦᠷ ᠶᠡᠭᠡ ᠪᠠᠶᠢᠳᠠᠭ ᠲᠤᠯᠠ ᠭᠦᠮᠦᠨ ᠤ ᠪᠡᠶ᠎ᠠ ᠶᠢᠨ | ᠡᠷᠡᠭᠦᠯ ᠮᠡᠨᠳᠦ ᠳᠤ ᠠᠰᠢᠬᠳᠠᠢ ᠮᠢᠬᠠᠨ ᠢᠳᠡᠭᠡᠨ ᠪᠤᠯᠤᠨ᠎ᠠ ᠃ | |