| ᠰᠢᠨᠬᠤᠸᠠ ᠬᠤᠷᠢᠶ᠎ᠠ ᠶᠢᠨ ᠪᠡᠭᠡᠵᠢᠩ ᠤᠨ 4 ᠰᠠᠷ᠎ᠠ ᠶᠢᠨ 1 ᠤ ᠴᠠᠭᠢᠯᠭᠠᠨ ᠮᠡᠳᠡᠭᠡ 4 ᠰᠠᠷ᠎ᠠ ᠶᠢᠨ 1 ᠤ ᠦᠳᠡ ᠶᠢᠨ ᠬᠤᠶᠢᠨ᠎ᠠ ᠂ ᠤᠯᠤᠰ ᠤᠨ ᠲᠡᠷᠢᠭᠦᠯᠡᠭᠴᠢ | ᠰᠢ ᠶᠢᠨ ᠫᠢᠩ ᠪᠡᠭᠡᠵᠢᠩ ᠤᠨ ᠠᠷᠠᠳ ᠤᠨ ᠶᠡᠭᠡ ᠬᠤᠷᠠᠯ ᠤᠨ ᠲᠠᠩᠬᠢᠮ ᠳᠤ ᠢᠨᠳᠤᠨᠧᠰᠢᠶ᠎ᠠ ᠶᠢᠨ ᠶᠡᠷᠦᠩᠬᠡᠶᠢᠯᠡᠭᠴᠢ ᠪᠠᠷ ᠰᠣᠩᠭᠤᠭᠳᠠᠭᠰᠠᠨ ᠫᠦᠯᠠᠪᠦ᠋ᠤᠸᠧᠤ᠋ ᠲᠠᠢ | ᠬᠡᠯᠡᠯᠴᠡᠭᠡ ᠬᠢᠪᠡ ᠃ | | 4 ᠰᠠᠷ᠎ᠠ ᠶᠢᠨ 1 ᠤ ᠦᠳᠡ ᠶᠢᠨ ᠬᠤᠶᠢᠨ᠎ᠠ ᠂ ᠤᠯᠤᠰ ᠤᠨ ᠲᠡᠷᠢᠭᠦᠯᠡᠭᠴᠢ ᠰᠢ ᠶᠢᠨ ᠫᠢᠩ ᠪᠡᠭᠡᠵᠢᠩ ᠤᠨ ᠠᠷᠠᠳ ᠤᠨ ᠶᠡᠭᠡᠬᠤᠷᠠᠯ ᠤᠨ ᠲᠠᠩᠬᠢᠮ ᠳᠤ | ᠢᠨᠳᠤᠨᠧᠰᠢᠶ᠎ᠠ ᠶᠢᠨ ᠶᠡᠷᠦᠩᠬᠡᠶᠢᠯᠡᠭᠴᠢ ᠪᠠᠷ ᠰᠣᠩᠭᠤᠭᠳᠠᠭᠰᠠᠨ ᠫᠦᠯᠠᠪᠦ᠋ᠤᠸᠧᠤ᠋ ᠲᠠᠢ ᠬᠡᠯᠡᠯᠴᠡᠭᠡ ᠬᠢᠪᠡ ᠃ | ᠰᠢᠨᠬᠤᠸᠠ ᠬᠤᠷᠢᠶ᠎ᠠ ᠶᠢᠨ ᠰᠤᠷᠪᠤᠯᠵᠢᠯᠠᠬᠴᠢ ᠶᠣᠣ ᠳ᠋ᠠ ᠸᠧᠢ ᠰᠡᠭᠦᠳᠡᠷᠯᠡᠪᠡ | ᠰᠢ ᠶᠢᠨ ᠫᠢᠩ ᠫᠦᠯᠠᠪᠦ᠋ᠤᠸᠧᠤ᠋ ᠶᠢᠨ ᠢᠨᠳᠤᠨᠧᠰᠢᠶ᠎ᠠ ᠶᠢᠨ ᠶᠡᠷᠦᠩᠬᠡᠶᠢᠯᠡᠭᠴᠢ ᠪᠠᠷ ᠰᠣᠩᠭᠤᠭᠳᠠᠭᠰᠠᠨ ᠳᠤ ᠪᠠᠶᠠᠷ ᠬᠦᠷᠭᠡᠬᠦ ᠶᠢᠨ ᠬᠠᠮᠲᠤ ᠲᠡᠭᠦᠨ ᠢᠶᠠᠷ | ᠳᠠᠮᠵᠢᠭᠤᠯᠤᠨ ᠶᠡᠷᠦᠩᠬᠡᠶᠢᠯᠡᠭᠴᠢ ᠽᠦᠤᠤᠺᠧ ᠳᠤ ᠴᠢᠩ ᠰᠡᠳᠬᠢᠯ ᠤᠨ ᠮᠡᠨᠳᠦᠴᠢᠯᠡᠯ ᠪᠣᠯᠣᠨ ᠰᠠᠶᠢᠨ ᠰᠠᠶᠢᠬᠠᠨ ᠵᠥᠩᠨᠡᠯ ᠳᠡᠪᠰᠢᠭᠦᠯᠪᠡ ᠃ ᠰᠢ ᠶᠢᠨ ᠫᠢᠩ ᠂ | ᠥᠩᠭᠡᠷᠡᠭᠰᠡᠨ 10 ᠵᠢᠯ ᠳᠤ ᠪᠢ ᠶᠡᠷᠦᠩᠬᠡᠶᠢᠯᠡᠭᠴᠢ ᠽᠦᠤᠤᠺᠧ ᠲᠠᠢ ᠬᠠᠮᠲᠤ ᠪᠠᠷ ᠬᠤᠶᠠᠷ ᠤᠯᠤᠰ ᠤᠨ ᠬᠠᠷᠢᠯᠴᠠᠭ᠎ᠠ ᠶᠢᠨ ᠪᠦᠭᠦ ᠲᠠᠯ᠎ᠠ ᠪᠠᠷ ᠲᠦᠷᠭᠡᠨ ᠬᠥᠭᠵᠢᠬᠦ ᠶᠢ | ᠬᠥᠲᠥᠯᠥᠨ ᠳᠠᠭᠠᠭᠤᠯᠵᠤ ᠂ ᠬᠦᠨᠳᠦ ᠴᠢᠬᠤᠯᠠ ᠦᠷ᠎ᠡ ᠪᠦᠲᠦᠭᠡᠯ ᠣᠯᠪᠠ ᠃ ᠵᠠᠺᠠᠷᠲ᠋ᠠ — ᠪᠠᠨᠳᠦ᠋ᠩ ᠤᠨ ᠲᠦᠷᠭᠡᠨ ᠤ ᠲᠡᠮᠦᠷ ᠵᠠᠮ ᠨᠢ ᠬᠤᠶᠠᠷ ᠤᠯᠤᠰ ᠤᠨ | ᠴᠢᠨᠠᠷ ᠰᠠᠶᠢᠲᠠᠢ ᠬᠠᠮᠲᠤᠷᠠᠯᠴᠠᠭᠠᠨ ᠤ ᠰᠢᠨᠵᠢ ᠲᠡᠮᠳᠡᠭ ᠪᠣᠯᠵᠤ ᠂ ᠳᠤᠮᠳᠠᠳᠤ ᠢᠨᠳᠤᠨᠧᠰᠢᠶ᠎ᠠ ᠶᠢᠨ ᠬᠠᠷᠢᠯᠴᠠᠭ᠎ᠠ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ | ᠬᠠᠮᠲᠤ ᠪᠠᠷ ᠪᠠᠶᠢᠭᠤᠯᠬᠤ ᠰᠢᠨ᠎ᠡ ᠱᠠᠲᠤᠨ ᠳᠤ ᠣᠷᠣᠪᠠ ᠃ ᠳᠤᠮᠳᠠᠳᠤ ᠤᠯᠤᠰ ᠤᠨ ᠬᠢᠨ ᠪᠠᠶᠢᠯᠳᠤᠬᠤ ᠪᠣᠳᠣᠯᠭ᠎ᠠ ᠶᠢᠨ ᠥᠨᠳᠥᠷᠴᠡ ᠪᠣᠯᠣᠨ ᠠᠯᠤᠰ ᠭᠡᠳᠤ ᠶᠢᠨ | ᠬᠠᠷᠠᠭᠠᠰᠤ ᠠᠴᠠ ᠳᠤᠮᠳᠠᠳᠤ ᠢᠨᠳᠤᠨᠧᠰᠢᠶ᠎ᠠ ᠶᠢᠨ ᠬᠠᠷᠢᠯᠴᠠᠭ᠎ᠠ ᠳᠤ ᠬᠠᠨᠳᠤᠵᠤ ᠂ ᠳᠤᠷᠠᠲᠠᠶ᠎ᠠ ᠢᠨᠳᠤᠨᠧᠰᠢᠶ᠎ᠠ ᠯᠤᠭ᠎ᠠ ᠪᠦᠭᠦ ᠲᠠᠯ᠎ᠠ ᠶᠢᠨ ᠪᠠᠶᠢᠯᠳᠤᠬᠤ ᠪᠣᠳᠣᠯᠭ᠎ᠠ ᠶᠢᠨ | ᠬᠠᠮᠲᠤᠷᠠᠯᠴᠠᠭ᠎ᠠ ᠪᠠᠨ ᠭᠦᠨᠵᠡᠭᠡᠶᠢᠷᠡᠭᠦᠯᠵᠦ ᠂ ᠭᠠᠵᠠᠷ ᠣᠷᠣᠨ ᠪᠣᠯᠣᠨ ᠪᠦᠭᠦ ᠪᠥᠮᠪᠥᠷᠴᠡᠭ ᠤᠨ ᠨᠥᠯᠥᠭᠡᠯᠡᠬᠦ ᠬᠦᠴᠦᠨ ᠲᠠᠢ ᠳᠤᠮᠳᠠᠳᠤ ᠢᠨᠳᠤᠨᠧᠰᠢᠶ᠎ᠠ ᠶᠢᠨ ᠬᠤᠪᠢ | ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠵᠤ ᠂ ᠬᠤᠶᠠᠷ ᠤᠯᠤᠰ ᠤᠨ ᠠᠷᠠᠳ ᠲᠦᠮᠡᠨ ᠳᠤ ᠨᠡᠩ ᠤᠯᠠᠨ ᠪᠤᠶᠠᠨ ᠦᠢᠯᠡᠳᠴᠦ ᠂ ᠭᠠᠵᠠᠷ ᠣᠷᠣᠨ ᠪᠣᠯᠣᠨ | ᠳᠡᠯᠡᠬᠡᠢ ᠶᠢᠨ ᠡᠩᠬᠡ ᠲᠠᠶᠢᠪᠤᠩ ᠂ ᠲᠣᠭᠲᠠᠭᠤᠨ ᠂ ᠬᠥᠭᠵᠢᠯ ᠴᠡᠴᠡᠭᠯᠡᠯ ᠳᠤ ᠢᠳᠡᠪᠬᠢᠲᠡᠢ ᠬᠤᠪᠢ ᠨᠡᠮᠡᠷᠢ ᠦᠵᠡᠭᠦᠯᠦᠨ᠎ᠡ ᠭᠡᠵᠦ ᠵᠢᠭᠠᠵᠤ ᠭᠠᠷᠭᠠᠪᠠ ᠃ | ᠰᠢ ᠶᠢᠨ ᠫᠢᠩ ᠂ ᠳᠤᠮᠳᠠᠳᠤ ᠢᠨᠳᠤᠨᠧᠰᠢᠶ᠎ᠠ ᠶᠢᠨ ᠬᠠᠷᠢᠯᠴᠠᠭ᠎ᠠ ᠡᠷᠬᠢᠮ ᠨᠠᠨᠳᠢᠨ ᠠᠮᠵᠢᠯᠲᠠ ᠣᠯᠣᠭᠰᠠᠨ ᠤ ᠵᠠᠩᠭᠢᠯᠠᠭ᠎ᠠ ᠨᠢ ᠪᠠᠶᠢᠯᠳᠤᠬᠤ ᠪᠣᠳᠣᠯᠭ᠎ᠠ ᠶᠢᠨ | ᠪᠡᠶ᠎ᠡ ᠪᠠᠨ ᠳᠠᠭᠠᠭᠠᠬᠤ ᠶᠢ ᠪᠠᠷᠢᠮᠲᠠᠯᠠᠭᠰᠠᠨ ᠂ ᠬᠠᠷᠢᠯᠴᠠᠨ ᠢᠲᠡᠭᠡᠯᠴᠡᠵᠦ ᠬᠠᠷᠢᠯᠴᠠᠨ ᠬᠠᠪᠰᠤᠷᠤᠯᠴᠠᠬᠤ ᠶᠢ ᠪᠠᠷᠢᠮᠲᠠᠯᠠᠭᠰᠠᠨ ᠂ ᠬᠠᠮᠲᠤᠷᠠᠯᠴᠠᠵᠤ ᠬᠠᠮᠲᠤ ᠪᠠᠷ ᠠᠰᠢᠭ | ᠭᠦᠷᠳᠡᠭᠦ ᠶᠢ ᠪᠠᠷᠢᠮᠲᠠᠯᠠᠭᠰᠠᠨ ᠂ ᠲᠥᠪ ᠭᠤᠣᠯᠴᠢ ᠰᠢᠳᠤᠷᠭᠤ ᠶᠣᠰᠣ ᠶᠢ ᠪᠠᠷᠢᠮᠲᠠᠯᠠᠭᠰᠠᠨ ᠳᠤ ᠪᠠᠶᠢᠨ᠎ᠠ ᠃ ᠳᠤᠮᠳᠠᠳᠤ ᠤᠯᠤᠰ ᠪᠣᠯᠣᠨ ᠢᠨᠳᠤᠨᠧᠰᠢᠶ᠎ᠠ ᠴᠥᠮ | ᠬᠥᠭᠵᠢᠵᠦ ᠪᠠᠶᠢᠭ᠎ᠠ ᠲᠣᠮᠣ ᠤᠯᠤᠰ ᠪᠠ ᠰᠢᠨ᠎ᠡ ᠪᠠᠷ ᠬᠥᠭᠵᠢᠭᠰᠡᠨ ᠵᠠᠬ᠎ᠠ ᠳᠡᠯᠭᠡᠭᠦᠷ ᠤᠨ ᠤᠯᠤᠰ ᠤᠨ ᠲᠥᠯᠥᠭᠡᠯᠡᠭᠴᠢ ᠮᠥᠨ ᠃ ᠥᠩᠭᠡᠷᠡᠭᠰᠡᠨ ᠳᠤ ᠬᠤᠶᠠᠷ | ᠤᠯᠤᠰ ᠢᠶᠠᠷ ᠢᠶᠠᠨ ᠦᠨᠳᠦᠰᠦᠲᠡᠨ ᠤ ᠲᠤᠰᠠᠭᠠᠷ ᠲᠣᠭᠲᠠᠨᠢᠯ ᠪᠣᠯᠣᠨ ᠤᠯᠤᠰ ᠤᠨ ᠪᠦᠲᠦᠭᠡᠨ ᠪᠠᠶᠢᠭᠤᠯᠤᠯᠲᠠ ᠶᠢᠨ ᠦᠢᠯᠡᠰ ᠢ ᠲᠡᠮᠡᠴᠡᠨ ᠣᠯᠬᠤ ᠳᠤᠮᠳᠠ ᠢᠮᠠᠭᠲᠠ | ᠬᠠᠷᠢᠯᠴᠠᠨ ᠳᠡᠮᠵᠢᠯᠴᠡᠵᠦ ᠢᠷᠡᠪᠡ ᠂ ᠬᠤᠶᠢᠰᠢᠳᠠ ᠪᠠᠰᠠ ᠴᠢᠩ ᠦᠨᠡᠨᠴᠢ ᠪᠠᠷ ᠪᠦᠯᠬᠦᠮᠳᠡᠵᠦ ᠂ ᠬᠠᠷᠢᠯᠴᠠᠨ ᠠᠰᠢᠭᠲᠠᠢ ᠬᠠᠮᠲᠤ ᠪᠠᠷ ᠠᠰᠢᠭ ᠭᠦᠷᠳᠡᠭᠦ ᠬᠡᠪ | ᠳᠠᠭᠤᠷᠢᠶᠠᠯ ᠂ ᠬᠠᠮᠲᠤ ᠪᠠᠷ ᠬᠥᠭᠵᠢᠬᠦ ᠦᠯᠢᠭᠡᠷ ᠵᠢᠱᠢᠶ᠎ᠡ ᠂ ᠬᠥᠭᠵᠢᠵᠦ ᠪᠠᠶᠢᠭ᠎ᠠ ᠤᠯᠤᠰ ᠤᠳ ᠤᠨ ᠬᠠᠮᠲᠤᠷᠠᠯᠴᠠᠭᠠᠨ ᠤ ᠬᠤᠰᠢᠭᠤᠴᠢ ᠪᠣᠯᠪᠠᠯ ᠵᠣᠬᠢᠨ᠎ᠠ ᠃ ᠬᠤᠶᠠᠷ | ᠲᠠᠯ᠎ᠠ ᠪᠠᠷ ᠢᠶᠠᠨ ᠲᠤᠰ ᠤᠯᠤᠰ ᠤᠨ ᠢᠶᠠᠨ ᠪᠠᠶᠢᠳᠠᠯ ᠳᠤ ᠨᠡᠶᠢᠴᠡᠭᠰᠡᠨ ᠬᠥᠭᠵᠢᠯᠲᠡ ᠶᠢᠨ ᠵᠠᠮ ᠢᠶᠠᠷ ᠡᠷᠡᠰ ᠵᠠᠮᠨᠠᠵᠤ ᠂ ᠲᠤᠰ ᠲᠤᠰ ᠤᠨ ᠢᠶᠠᠨ ᠡᠷᠬᠡ ᠮᠡᠳᠡᠯ ᠂ ᠠᠮᠤᠷ | ᠲᠦᠪᠰᠢᠨ ᠂ ᠬᠥᠭᠵᠢᠯᠲᠡ ᠶᠢᠨ ᠠᠰᠢᠭ ᠲᠤᠰᠠ ᠪᠠᠨ ᠬᠠᠮᠠᠭᠠᠯᠠᠬᠤ ᠶᠢ ᠡᠷᠡᠰ ᠲᠡᠮᠵᠢᠵᠥ ᠂ ᠲᠤᠰ ᠲᠤᠰ ᠤᠨ ᠢᠶᠠᠨ ᠭᠤᠣᠯᠯᠠᠭᠴᠢ ᠠᠰᠢᠭ ᠲᠤᠰᠠ ᠳᠤ ᠬᠤᠯᠪᠣᠭᠳᠠᠭᠰᠠᠨ | ᠪᠠ ᠠᠩᠬᠠᠷᠴᠤ ᠪᠠᠶᠢᠭ᠎ᠠ ᠴᠢᠬᠤᠯᠠ ᠶᠡᠭᠡ ᠠᠰᠠᠭᠤᠳᠠᠯ ᠤᠨ ᠲᠠᠯ᠎ᠠ ᠪᠠᠷ ᠬᠠᠷᠢᠯᠴᠠᠨ ᠣᠶᠢᠯᠠᠭᠠᠯᠴᠠᠨ ᠳᠡᠮᠵᠢᠯᠴᠡᠪᠡᠯ ᠵᠣᠬᠢᠨ᠎ᠠ ᠃ ᠳᠤᠮᠳᠠᠳᠤ ᠤᠯᠤᠰ ᠳᠤᠷᠠᠲᠠᠶ᠎ᠠ | ᠢᠨᠳᠤᠨᠧᠰᠢᠶ᠎ᠠ ᠯᠤᠭ᠎ᠠ ᠨᠢᠭᠲᠠ ᠶᠠᠪᠤᠯᠴᠠᠭ᠎ᠠ ᠪᠠᠨ ᠪᠠᠲᠤᠯᠠᠵᠤ ᠂ ᠲᠦᠷᠦ ᠶᠢ ᠵᠠᠰᠠᠵᠤ ᠵᠠᠰᠠᠭ ᠢ ᠡᠷᠭᠢᠯᠡᠭᠦ ᠲᠤᠷᠰᠢᠯᠭ᠎ᠠ ᠪᠠᠨ ᠰᠣᠯᠢᠯᠴᠠᠵᠤ ᠂ ᠬᠥᠭᠵᠢᠯᠲᠡ ᠶᠢᠨ | ᠪᠠᠶᠢᠯᠳᠤᠬᠤ ᠪᠣᠳᠣᠯᠭ᠎ᠠ ᠶᠢᠨ ᠵᠣᠯᠭᠠᠯᠴᠠᠭ᠎ᠠ ᠪᠠᠨ ᠴᠢᠩᠭᠠᠳᠬᠠᠵᠤ ᠂ ︽ ᠬᠤᠶᠠᠷ ᠤᠯᠤᠰ ᠤᠨ ᠬᠤᠶᠠᠷ ᠬᠦᠷᠢᠶᠡᠯᠡᠩ ︾ ᠪᠣᠯᠣᠨ ︽ ᠣᠷᠣᠨ ᠪᠦᠰᠡ ᠶᠢᠨ | ᠶᠡᠷᠦᠩᠬᠡᠶᠢᠯᠡᠭᠰᠡᠨ ᠠᠵᠤ ᠠᠬᠤᠢ ᠶᠢᠨ ᠬᠤᠩᠭᠢᠯ ︾ ᠤᠨ ᠲᠦᠷᠦᠯ ᠵᠦᠢᠯ ᠢ ᠭᠦᠨᠵᠡᠭᠡᠢ ᠠᠬᠢᠭᠤᠯᠵᠤ ᠂ ᠳᠠᠯᠠᠢ ᠳᠡᠭᠡᠷᠡᠬᠢ ᠬᠠᠮᠲᠤᠷᠠᠯᠴᠠᠭ᠎ᠠ ᠪᠠᠨ ᠦᠷᠭᠦᠯᠵᠢᠯᠡᠨ | ᠭᠦᠨᠵᠡᠭᠡᠶᠢᠷᠡᠭᠦᠯᠦᠨ᠎ᠡ ᠃ ᠳᠤᠮᠳᠠᠳᠤ ᠤᠯᠤᠰ ᠳᠤᠷᠠᠲᠠᠶ᠎ᠠ ᠶᠠᠳᠠᠭᠤ ᠬᠦᠴᠢᠷᠳᠡᠯ ᠢ ᠪᠠᠭᠠᠰᠬᠠᠵᠤ ᠶᠠᠳᠠᠭᠤ ᠠᠴᠠ ᠠᠩᠭᠢᠵᠢᠷᠠᠭᠤᠯᠬᠤ ᠬᠦᠷᠢᠶᠡᠨ ᠳᠤ ᠢᠨᠳᠤᠨᠧᠰᠢᠶ᠎ᠠ ᠯᠤᠭ᠎ᠠ | ᠬᠠᠮᠲᠤᠷᠠᠯᠴᠠᠭ᠎ᠠ ᠪᠠᠨ ᠴᠢᠩᠭᠠᠳᠬᠠᠵᠤ ᠂ ᠳᠡᠮᠵᠢᠯᠭᠡ ᠬᠠᠩᠭᠠᠨ᠎ᠠ ᠭᠡᠵᠦ ᠴᠢᠬᠤᠯᠠᠴᠢᠯᠠᠪᠠ ᠃ | ᠰᠢ ᠶᠢᠨ ᠫᠢᠩ ᠂ ᠣᠳᠣᠬᠠᠨ ᠳᠤ ᠳᠡᠯᠡᠬᠡᠢ ᠶᠢᠷᠲᠢᠨᠴᠦ ᠶᠢᠨ ᠵᠠᠭᠤᠨ ᠵᠢᠯ ᠳᠤ ᠲᠣᠬᠢᠶᠠᠯᠳᠤᠭ᠎ᠠ ᠦᠭᠡᠢ ᠶᠡᠭᠡ ᠬᠤᠪᠢᠰᠤᠯᠲᠠ ᠲᠦᠷᠭᠡᠰᠦᠨ ᠰᠢᠷᠦᠭᠦᠰᠴᠦ ᠪᠠᠶᠢᠨ᠎ᠠ ᠃ | ᠬᠤᠶᠠᠷ ᠲᠠᠯ᠎ᠠ ᠪᠠᠷ ᠢᠶᠠᠨ ᠨᠠᠶᠢᠷᠠᠮᠳᠠᠯ ᠢᠶᠠᠷ ᠵᠡᠷᠭᠡᠴᠡᠨ ᠣᠷᠣᠰᠢᠬᠤ ᠲᠠᠪᠤᠨ ᠵᠠᠷᠴᠢᠮ ᠢ ᠢᠳᠡᠪᠬᠢᠲᠡᠢ ᠦᠢᠯᠡᠳᠦᠯᠭᠡᠵᠢᠭᠦᠯᠵᠦ ᠂ ᠪᠦᠯᠬᠦᠮᠳᠡᠯ ᠂ ᠨᠥᠬᠦᠷᠯᠡᠯ ᠂ | ᠬᠠᠮᠲᠤᠷᠠᠯᠴᠠᠭᠠᠨ ᠤ ᠪᠠᠨᠳᠦ᠋ᠩ ᠤᠨ ᠵᠣᠷᠢᠭ ᠰᠠᠨᠠᠭ᠎ᠠ ᠶᠢ ᠶᠡᠭᠡ ᠪᠠᠷ ᠪᠠᠳᠠᠷᠠᠭᠤᠯᠵᠤ ᠂ ᠡᠷᠬᠡ ᠲᠡᠭᠰᠢ ᠡᠮᠬᠢ ᠵᠢᠷᠤᠮ ᠲᠠᠢ ᠳᠡᠯᠡᠬᠡᠢ ᠶᠢᠨ ᠤᠯᠠᠨ ᠲᠦᠢᠯᠵᠢᠯ ᠪᠠ | ᠲᠦᠭᠡᠮᠡᠯ ᠭᠦᠷᠲᠡᠭᠡᠮᠵᠢᠳᠦ ᠪᠠᠭᠲᠠᠭᠠᠮᠵᠢᠲᠠᠢ ᠠᠵᠤ ᠠᠬᠤᠢ ᠶᠢᠨ ᠳᠡᠯᠡᠬᠡᠶᠢᠵᠢᠯᠲᠡ ᠶᠢ ᠠᠬᠢᠭᠤᠯᠵᠤ ᠂ ᠤᠯᠠᠨ ᠲᠠᠯ᠎ᠠ ᠶᠢᠨ ᠬᠠᠮᠵᠢᠯᠴᠠᠭ᠎ᠠ ᠪᠠᠨ ᠴᠢᠩᠭᠠᠳᠬᠠᠵᠤ ᠂ | ᠬᠥᠭᠵᠢᠵᠦ ᠪᠠᠶᠢᠭ᠎ᠠ ᠤᠯᠤᠰ ᠤᠳ ᠤᠨ ᠬᠠᠮᠲᠤ ᠶᠢᠨ ᠠᠰᠢᠭ ᠲᠤᠰᠠ ᠶᠢ ᠬᠠᠮᠠᠭᠠᠯᠠᠪᠠᠯ ᠵᠣᠬᠢᠨ᠎ᠠ ᠃ ᠳᠤᠮᠳᠠᠳᠤ ᠤᠯᠤᠰ ᠳᠤᠷᠠᠲᠠᠶ᠎ᠠ ᠢᠨᠳᠤᠨᠧᠰᠢᠶ᠎ᠠ ᠶᠢᠨ ᠬᠢᠨ ᠲᠠᠢ | ᠬᠠᠮᠲᠤ ᠪᠠᠷ ᠵᠡᠭᠦᠨ ᠡᠮᠦᠨᠡᠲᠦ ᠠᠽᠢᠶ᠎ᠠ ᠶᠢᠨ ᠤᠯᠤᠰ ᠤᠳ ᠤᠨ ᠬᠤᠯᠪᠤᠭ᠎ᠠ ᠶᠢᠨ ᠪᠦᠯᠬᠦᠮᠳᠡᠯ ᠪᠠ ᠭᠤᠣᠯ ᠪᠤᠯᠬᠤ ᠪᠠᠶᠢᠷᠢ ᠰᠠᠭᠤᠷᠢ ᠶᠢ ᠬᠠᠮᠠᠭᠠᠯᠠᠵᠤ ᠂ ᠨᠡᠭᠡᠭᠡᠯᠲᠡᠲᠡᠢ | ᠪᠠᠭᠲᠠᠭᠠᠮᠵᠢᠲᠠᠢ ᠭᠠᠵᠠᠷ ᠣᠷᠣᠨ ᠤ ᠲᠥᠯᠥᠪᠰᠢᠷᠡᠯ ᠢ ᠬᠠᠮᠠᠭᠠᠯᠠᠵᠤ ᠂ ᠳᠤᠮᠳᠠᠳᠤ ᠤᠯᠤᠰ — ᠵᠡᠭᠦᠨ ᠡᠮᠦᠨᠡᠲᠦ ᠠᠽᠢᠶ᠎ᠠ ᠶᠢᠨ ᠤᠯᠤᠰ ᠤᠳ ᠤᠨ ᠬᠤᠯᠪᠤᠭ᠎ᠠ ᠶᠢᠨ | ᠨᠡᠩ ᠨᠢᠭᠲᠠ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠤᠨ᠎ᠠ ᠭᠡᠵᠦ ᠵᠢᠭᠠᠵᠤ ᠭᠠᠷᠭᠠᠪᠠ ᠃ | ᠫᠦᠯᠠᠪᠦ᠋ᠤᠸᠧᠤ᠋ ᠠᠴᠠ ᠶᠡᠷᠦᠩᠬᠡᠶᠢᠯᠡᠭᠴᠢ ᠽᠦᠤᠤᠺᠧ ᠶᠢᠨ ᠲᠡᠷᠢᠭᠦᠯᠡᠭᠴᠢ ᠰᠢ ᠶᠢᠨ ᠫᠢᠩ ᠳᠤ ᠴᠢᠩ ᠰᠡᠳᠬᠢᠯ ᠤᠨ ᠮᠡᠨᠳᠦᠴᠢᠯᠡᠯ ᠬᠦᠷᠭᠡᠵᠦ ᠪᠠᠶᠢᠬᠤ ᠶᠢ | ᠳᠠᠮᠵᠢᠭᠤᠯᠪᠠ ᠂ ᠶᠡᠷᠦᠩᠬᠡᠶᠢᠯᠡᠭᠴᠢ ᠪᠠᠷ ᠰᠣᠩᠭᠤᠭᠳᠠᠭᠰᠠᠨ ᠤ ᠳᠠᠷᠠᠭ᠎ᠠ ᠳᠤᠮᠳᠠᠳᠤ ᠤᠯᠤᠰ ᠢ ᠠᠶᠢᠯᠴᠢᠯᠠᠬᠰᠠᠨ ᠠᠩᠬᠠᠳᠠᠭᠴᠢ ᠤᠯᠤᠰ ᠪᠤᠯᠭᠠᠬᠰᠠᠨ ᠳᠠᠭᠠᠨ ᠮᠠᠰᠢ | ᠪᠠᠶᠠᠷᠯᠠᠵᠤ ᠪᠠᠶᠢᠭ᠎ᠠ ᠪᠠᠨ ᠢᠯᠡᠷᠬᠡᠶᠢᠯᠡᠪᠡ ᠃ ᠳᠤᠮᠳᠠᠳᠤ ᠤᠯᠤᠰ ᠪᠣᠯ ᠴᠢᠬᠤᠯᠠ ᠨᠥᠯᠥᠭᠡᠯᠡᠬᠦ ᠬᠦᠴᠦᠨ ᠲᠠᠢ ᠲᠣᠮᠣ ᠤᠯᠤᠰ ᠮᠥᠨ ᠂ ᠢᠨᠳᠤᠨᠧᠰᠢᠶ᠎ᠠ ᠯᠤᠭ᠎ᠠ ᠢᠮᠠᠭᠲᠠ | ᠬᠠᠷᠢᠯᠴᠠᠨ ᠭᠦᠨᠳᠦᠳᠭᠡᠵᠦ ᠂ ᠬᠠᠷᠢᠯᠴᠠᠨ ᠡᠷᠬᠡ ᠲᠡᠭᠰᠢ ᠪᠠᠷ ᠬᠠᠨᠳᠤᠭᠰᠠᠭᠠᠷ ᠢᠷᠡᠵᠠᠢ ᠃ ᠪᠢ ᠲᠡᠷᠢᠭᠦᠯᠡᠭᠴᠢ ᠰᠢ ᠶᠢᠨ ᠫᠢᠩ ᠤᠨ ᠳᠤᠮᠳᠠᠳᠤ ᠤᠯᠤᠰ ᠤᠨ ᠠᠷᠠᠳ | ᠲᠦᠮᠡᠨ ᠢ ᠤᠳᠤᠷᠢᠳᠤᠨ ᠣᠯᠣᠭᠰᠠᠨ ᠠᠭᠤᠤ ᠶᠡᠭᠡ ᠠᠮᠵᠢᠯᠲᠠ ᠶᠢ ᠲᠦᠢᠯ ᠢᠶᠠᠷ ᠪᠢᠰᠢᠷᠡᠵᠦ ᠪᠠᠶᠢᠨ᠎ᠠ ᠂ ᠳᠤᠷᠠᠲᠠᠶ᠎ᠠ ᠳᠤᠮᠳᠠᠳᠤ ᠤᠯᠤᠰ ᠤᠨ ᠡᠪ ᠬᠠᠮᠲᠤ ᠨᠠᠮ ᠤᠨ | ᠲᠤᠷᠰᠢᠯᠭ᠎ᠠ ᠶᠢ ᠰᠤᠷᠤᠯᠴᠠᠨ ᠲᠣᠯᠢ ᠪᠤᠯᠭᠠᠵᠤ ᠂ ᠲᠦᠷᠦ ᠶᠢ ᠵᠠᠰᠠᠵᠤ ᠵᠠᠰᠠᠭ ᠢ ᠡᠷᠭᠢᠯᠡᠭᠦ ᠰᠣᠯᠢᠯᠴᠠᠭ᠎ᠠ ᠪᠠᠨ ᠭᠦᠨᠵᠡᠭᠡᠶᠢᠷᠡᠭᠦᠯᠦᠨ᠎ᠡ ᠃ ᠳᠤᠮᠳᠠᠳᠤ ᠤᠯᠤᠰ ᠪᠣᠯ | ᠢᠨᠳᠤᠨᠧᠰᠢᠶ᠎ᠠ ᠶᠢᠨ ᠬᠦᠴᠦᠷᠬᠡᠭ ᠶᠡᠭᠡ ᠬᠠᠮᠲᠤᠷᠠᠯᠴᠠᠭᠠᠨ ᠤ ᠬᠠᠨᠢᠲᠠᠨ ᠮᠥᠨ ᠃ ᠣᠶᠢᠷ᠎ᠠ ᠶᠢᠨ ᠵᠢᠯ ᠠᠴᠠ ᠳᠤᠮᠳᠠᠳᠤ ᠤᠯᠤᠰ ᠤᠨ ᠠᠵᠤ ᠠᠬᠤᠶᠢᠯᠠᠯ | ᠢᠨᠳᠤᠨᠧᠰᠢᠶ᠎ᠠ ᠶᠢᠨ ᠠᠵᠤ ᠠᠬᠤᠢ ᠶᠢᠨ ᠪᠦᠲᠦᠭᠡᠨ ᠪᠠᠶᠢᠭᠤᠯᠤᠯᠲᠠ ᠳᠤ ᠢᠳᠡᠪᠬᠢᠲᠡᠢ ᠣᠷᠣᠯᠴᠠᠵᠤ ᠂ ᠢᠨᠳᠤᠨᠧᠰᠢᠶ᠎ᠠ ᠶᠢᠨ ᠤᠯᠤᠰ ᠤᠨ ᠬᠥᠭᠵᠢᠯᠲᠡ ᠳᠤ ᠬᠦᠴᠦᠨ | ᠨᠡᠮᠡᠷᠢᠯᠡᠪᠡ ᠃ ᠪᠢ ᠢᠨᠳᠤᠨᠧᠰᠢᠶ᠎ᠠ ᠪᠣᠯᠣᠨ ᠳᠤᠮᠳᠠᠳᠤ ᠤᠯᠤᠰ ᠤᠨ ᠨᠡᠩ ᠨᠢᠭᠲᠠ ᠬᠠᠷᠢᠯᠴᠠᠭ᠎ᠠ ᠶᠢ ᠬᠥᠭᠵᠢᠭᠦᠯᠬᠦ ᠶᠢ ᠪᠦᠷᠢᠮᠦᠰᠦᠨ ᠲᠡᠮᠵᠢᠵᠥ ᠂ ᠳᠤᠷᠠᠲᠠᠶ᠎ᠠ | ᠶᠡᠷᠦᠩᠬᠡᠶᠢᠯᠡᠭᠴᠢ ᠽᠦᠤᠤᠺᠧ ᠶᠢᠨ ᠳᠤᠮᠳᠠᠳᠤ ᠤᠯᠤᠰ ᠯᠤᠭ᠎ᠠ ᠶᠢᠨ ᠨᠥᠭᠦᠷᠰᠡᠭ ᠲᠦᠷᠦ ᠶᠢᠨ ᠪᠣᠳᠣᠯᠭ᠎ᠠ ᠶᠢ ᠦᠷᠭᠦᠯᠵᠢᠯᠡᠭᠦᠯᠵᠦ ᠂ ᠪᠡᠶ᠎ᠡ ᠪᠠᠨ ᠳᠠᠭᠠᠭᠠᠵᠤ ᠡᠵᠡᠨ | ᠮᠡᠳᠡᠬᠦ ᠶᠢ ᠪᠠᠷᠢᠮᠲᠠᠯᠠᠵᠤ ᠂ ᠢᠨᠳᠤᠨᠧᠰᠢᠶ᠎ᠠ ᠶᠢᠨ ᠵᠠᠰᠠᠭ ᠤᠨ ᠣᠷᠳᠣᠨ ᠤ ᠪᠠᠷᠢᠮᠲᠠᠯᠠᠭᠰᠠᠭᠠᠷ ᠢᠷᠡᠭᠰᠡᠨ ᠨᠢᠭᠡ ᠳᠤᠮᠳᠠᠳᠤ ᠤᠯᠤᠰ ᠪᠠᠶᠢᠬᠤ ᠲᠦᠷᠦ ᠶᠢᠨ ᠪᠣᠳᠣᠯᠭ᠎ᠠ ᠶᠢ | ᠬᠢᠴᠢᠶᠡᠩᠭᠦ᠋ᠢᠯᠡᠨ ᠵᠢᠷᠤᠮᠯᠠᠵᠤ ᠂ ᠳᠤᠮᠳᠠᠳᠤ ᠤᠯᠤᠰ ᠯᠤᠭ᠎ᠠ ᠲᠤᠰ ᠲᠤᠰ ᠤᠨ ᠢᠶᠠᠨ ᠭᠤᠣᠯᠯᠠᠭᠴᠢ ᠠᠰᠢᠭ ᠲᠤᠰᠠ ᠶᠢ ᠡᠷᠡᠰ ᠲᠡᠮᠵᠢᠵᠥ ᠂ ᠬᠤᠶᠠᠷ ᠤᠯᠤᠰ ᠤᠨ | ᠬᠠᠷᠢᠯᠴᠠᠭ᠎ᠠ ᠶᠢᠨ ᠨᠡᠩ ᠪᠦᠭᠦ ᠲᠠᠯ᠎ᠠ ᠶᠢᠨ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠵᠤ ᠂ ᠬᠤᠶᠠᠷ ᠤᠯᠤᠰ ᠤᠨ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ | ᠪᠠᠶᠢᠭᠤᠯᠬᠤ ᠴᠢᠬᠤᠯᠠ ᠬᠠᠮᠲᠤ ᠶᠢᠨ ᠲᠠᠨᠢᠯᠲᠠ ᠶᠢ ᠰᠠᠶᠢᠲᠤᠷ ᠨᠠᠶᠢᠳᠠᠪᠤᠷᠢᠵᠢᠭᠤᠯᠤᠨ᠎ᠠ ᠃ ᠢᠨᠳᠤᠨᠧᠰᠢᠶ᠎ᠠ ᠶᠢᠨ ᠰᠢᠨ᠎ᠡ ᠵᠠᠰᠠᠭ ᠤᠨ ᠣᠷᠳᠣᠨ ᠳᠤᠷᠠᠲᠠᠶ᠎ᠠ ᠬᠤᠶᠠᠷ | ᠤᠯᠤᠰ ᠤᠨ ᠬᠥᠭᠵᠢᠯᠲᠡ ᠶᠢᠨ ᠪᠠᠶᠢᠯᠳᠤᠬᠤ ᠪᠣᠳᠣᠯᠭ᠎ᠠ ᠶᠢᠨ ᠵᠣᠯᠭᠠᠯᠴᠠᠭ᠎ᠠ ᠶᠢ ᠢᠳᠡᠪᠬᠢᠲᠡᠢ ᠠᠬᠢᠭᠤᠯᠵᠤ ᠂ ᠠᠵᠤ ᠠᠬᠤᠢ ᠠᠷᠠᠯᠵᠢᠶ᠎ᠠ ᠂ ᠶᠠᠳᠠᠭᠤ ᠠᠴᠠ | ᠠᠩᠭᠢᠵᠢᠷᠠᠭᠤᠯᠬᠤ ᠵᠡᠷᠭᠡ ᠡᠯ᠎ᠡ ᠬᠦᠷᠢᠶᠡᠨ ᠳᠠᠬᠢ ᠬᠠᠮᠲᠤᠷᠠᠯᠴᠠᠭ᠎ᠠ ᠨᠡᠩ ᠤᠯᠠᠨ ᠦᠷ᠎ᠡ ᠪᠦᠲᠦᠭᠡᠯ ᠣᠯᠬᠤ ᠶᠢ ᠠᠬᠢᠭᠤᠯᠵᠤ ᠂ ᠬᠤᠶᠠᠷ ᠤᠯᠤᠰ ᠤᠨ ᠠᠷᠠᠳ | ᠲᠦᠮᠡᠨ ᠳᠤ ᠴᠢᠨᠠᠭᠰᠢᠳᠠ ᠪᠤᠶᠠᠨ ᠦᠢᠯᠡᠳᠦᠨ᠎ᠡ ᠃ ᠳᠤᠮᠳᠠᠳᠤ ᠤᠯᠤᠰ ᠳᠡᠯᠡᠬᠡᠢ ᠶᠢᠨ ᠬᠡᠷᠡᠭ ᠶᠠᠪᠤᠳᠠᠯ ᠳᠤᠮᠳᠠ ᠣᠨᠴᠠᠭᠠᠶᠢᠯᠠᠨ ᠫᠠᠯᠧᠰᠲ᠋ᠠᠶᠢᠨ ᠤ ᠠᠰᠠᠭᠤᠳᠠᠯ ᠳᠡᠭᠡᠷ᠎ᠡ | ᠢᠮᠠᠭᠲᠠ ᠲᠥᠪ ᠭᠤᠣᠯᠴᠢ ᠰᠢᠳᠤᠷᠭᠤ ᠶᠣᠰᠣ ᠶᠢ ᠪᠠᠷᠢᠮᠲᠠᠯᠠᠳᠠᠭ ᠢ ᠪᠢ ᠮᠠᠰᠢ ᠮᠠᠭᠲᠠᠨ ᠰᠠᠶᠢᠰᠢᠶᠠᠵᠤ ᠪᠠᠶᠢᠨ᠎ᠠ ᠃ ᠢᠨᠳᠤᠨᠧᠰᠢᠶ᠎ᠠ ᠶᠢᠨ ᠬᠢᠨ ᠳᠤᠷᠠᠲᠠᠶ᠎ᠠ ᠳᠤᠮᠳᠠᠳᠤ | ᠤᠯᠤᠰ ᠯᠤᠭ᠎ᠠ ᠳᠡᠯᠡᠬᠡᠢ ᠶᠢᠨ ᠪᠠ ᠭᠠᠵᠠᠷ ᠣᠷᠣᠨ ᠤ ᠬᠡᠷᠡᠭ ᠶᠠᠪᠤᠳᠠᠯ ᠤᠨ ᠵᠣᠬᠢᠴᠠᠭᠤᠯᠭ᠎ᠠ ᠬᠠᠮᠲᠤᠷᠠᠯᠴᠠᠭ᠎ᠠ ᠪᠠᠨ ᠴᠢᠩᠭᠠᠳᠬᠠᠵᠤ ᠂ ᠬᠥᠭᠵᠢᠵᠦ ᠪᠠᠶᠢᠭ᠎ᠠ | ᠤᠯᠤᠰ ᠤᠳ ᠤᠨ ᠬᠠᠮᠲᠤᠷᠠᠯᠴᠠᠭ᠎ᠠ ᠳᠤ ᠨᠡᠩ ᠶᠡᠭᠡ ᠬᠤᠪᠢ ᠨᠡᠮᠡᠷᠢ ᠦᠵᠡᠭᠦᠯᠦᠨ᠎ᠡ ᠭᠡᠵᠦ ᠢᠯᠡᠷᠬᠡᠶᠢᠯᠡᠪᠡ ᠃ | ᠸᠠᠩ ᠢ ᠬᠡᠯᠡᠯᠴᠡᠭᠡ ᠬᠢᠬᠦ ᠳᠤ ᠣᠷᠣᠯᠴᠠᠪᠠ ᠃ | | |