ᠠᠮᠢᠳᠤᠷᠠᠯ ᠤᠨ ᠳᠡᠮ
ᠨᠡᠶᠢᠲᠡᠯᠡᠭᠰᠡᠨ ᠴᠠᠭ᠄
2024/4/29
     ᠬᠠᠯᠠᠭᠤᠨ ᠤᠰᠤᠨ ᠤ ᠰᠠᠪᠠ ᠶᠢᠨ ᠬᠠᠭ ᠢ ᠠᠷᠢᠯᠭᠠᠬᠤ ᠳᠤ ᠼᠤᠤ ᠬᠢᠵᠤ ᠭᠡᠳᠤᠨ ᠤᠳᠠᠭ᠎ᠠ ᠵᠠᠶᠢᠯᠤᠭᠰᠠᠨ ᠤ ᠳᠠᠷᠠᠭ᠎ᠠ ᠬᠠᠭᠠᠰ ᠴᠠᠭ ᠲᠠᠯᠪᠢᠵᠤ ᠪᠠᠶᠢᠭᠠᠳ ᠳᠠᠬᠢᠨ ᠴᠡᠪᠡᠷ ᠤᠰᠤ ᠪᠠᠷ ᠵᠠᠶᠢᠯᠪᠠᠯ ᠬᠠᠭ ᠨᠢ ᠠᠷᠢᠯᠤᠨ᠎ᠠ ᠃ ᠱᠠᠬᠠᠢ ᠶᠢᠨ ᠠᠪᠳᠠᠷ᠎ᠠ ᠳᠣᠲᠣᠷ᠎ᠠ ᠮᠤᠳᠤᠨ ᠨᠡᠭᠦᠷᠡᠰᠤ ᠶᠢ ᠬᠢᠵᠤ ᠬᠠᠳᠠᠭᠠᠯᠠᠪᠠᠯ ᠦᠮᠡᠭᠡᠢ ᠦᠨᠤᠷ ᠢ ᠠᠷᠢᠯᠭᠠᠵᠤ ᠴᠢᠭᠢᠭᠳᠡᠬᠦ ᠠᠴᠠ ᠰᠡᠷᠭᠡᠶᠢᠯᠡᠨ᠎ᠡ ᠃ ᠵᠦᠷᠵᠢ ᠶᠢᠨ ᠬᠠᠯᠢᠰᠤ ᠶᠢ ᠤᠬᠢᠶᠠᠵᠤ ᠴᠡᠪᠡᠷᠯᠡᠭᠡᠳ ᠬᠦᠯᠳᠡᠭᠡᠭᠦᠷ ᠲᠤ ᠳᠡᠯᠭᠡᠵᠦ ᠲᠠᠯᠪᠢᠪᠠᠯ ᠂ ᠭᠤᠷᠪᠠᠨ ᠬᠤᠨᠤᠭ ᠤᠨ ᠳᠠᠷᠠᠭ᠎ᠠ ᠬᠦᠯᠳᠡᠭᠡᠭᠦᠷ ᠤᠨ ᠠᠯᠢᠪᠠ ᠮᠠᠭᠤᠬᠠᠢ ᠦᠨᠤᠷ ᠠᠷᠢᠯᠵᠤ ᠂ ᠠᠩᠭᠢᠯᠤᠮ᠎ᠠ ᠰᠠᠶᠢᠬᠠᠨ ᠦᠨᠤᠷ ᠭᠠᠷᠳᠠᠭ ᠃ ᠨᠦᠢᠷ ᠬᠤᠯᠵᠢᠳᠠᠭ ᠬᠦᠮᠤᠨ ᠤᠨᠳᠠᠬᠤ ᠠᠴᠠ ᠡᠮᠦᠨ᠎ᠡ ᠨᠢᠭᠡ ᠴᠤᠮᠤ ᠪᠤᠴᠠᠯᠭᠠᠵᠤ ᠬᠥᠷᠥᠭᠡᠭᠰᠡᠨ ᠤᠰᠤᠨ ᠳᠤ ᠨᠢᠭᠡ ᠬᠠᠯᠪᠠᠭ᠎ᠠ ᠼᠤᠤ ᠬᠢᠵᠦ ᠤᠤᠭᠤᠪᠠᠯ ᠨᠦᠢᠷ ᠨᠢ ᠰᠠᠶᠢᠵᠢᠷᠠᠨ᠎ᠠ ᠃ ᠬᠠᠲᠠᠭᠠᠭᠰᠠᠨ ᠵᠦᠷᠵᠢ ᠶᠢᠨ ᠬᠠᠯᠢᠰᠤ ᠶᠢ ᠰᠢᠲᠠᠭᠠᠪᠠᠯ ᠭᠡᠷ ᠤᠨ ᠲᠤᠳᠤᠷᠠᠬᠢ ᠦᠮᠡᠬᠡᠢ ᠦᠨᠤᠷ ᠢ ᠠᠷᠢᠯᠭᠠᠬᠤ ᠪᠠ ᠪᠠᠲᠠᠭᠠᠨ᠎ᠠ ᠶᠢ ᠴᠦ ᠥᠯᠳᠡᠵᠦ ᠬᠥᠭᠡᠭᠡᠨ᠎ᠡ ᠃ ᠬᠢᠲᠤᠭ᠎ᠠ ᠪᠢᠯᠡᠭᠦᠳᠡᠭᠦ ᠳᠡᠭᠡᠨ ᠬᠢᠲᠤᠭ᠎ᠠ ᠪᠠᠨ ᠲᠠᠪᠤᠰᠤ ᠲᠠᠢ ᠤᠰᠤᠨ ᠳᠤ ᠲᠡᠪᠳᠤᠭᠡᠵᠤ ᠪᠠᠶᠢᠭᠠᠳ ᠪᠢᠯᠡᠭᠦᠳᠡᠪᠡᠯ ᠬᠢᠯᠪᠠᠷᠬᠠᠨ ᠬᠤᠷᠴᠠ ᠪᠤᠯᠬᠤ ᠪᠦᠭᠡᠳ ᠲᠡᠰᠪᠦᠷᠢᠲᠡᠢ ᠪᠠᠶᠢᠳᠠᠭ ᠃ ᠬᠤᠭᠤᠯᠠᠨ ᠭᠡᠷ ᠤᠨ ᠱᠠᠯᠠᠨ ᠤ ᠲᠤᠰᠤᠨ ᠭᠭᠢᠷ ᠢ ᠼᠤᠤ ᠬᠢᠭᠰᠡᠨ ᠵᠦᠯᠭᠦᠭᠦᠷ ᠢᠶᠠᠷ ᠵᠦᠯᠭᠦᠪᠡᠯ ᠬᠢᠯᠪᠠᠷᠬᠠᠨ ᠵᠦᠯᠭᠦᠭᠳᠡᠳᠡᠭ ᠃ ᠠᠷᠠᠰᠤᠨ ᠱᠠᠬᠠᠢ ᠶᠢᠨ ᠲᠤᠰᠤ ᠶᠢ ᠬᠡᠷᠡᠭᠯᠡᠬᠦ ᠦᠭᠡᠢ ᠤᠳᠠᠪᠠᠯ ᠬᠠᠳᠠᠭᠤᠷᠠᠳᠠᠭ ᠂ ᠭᠡᠳᠤᠨ ᠲᠤᠰᠤᠯ ᠦᠨᠢᠶᠠᠨ ᠰᠦ ᠲᠤᠰᠤᠭᠠᠪᠠᠯ ᠱᠠᠬᠠᠢ ᠶᠢᠨ ᠲᠤᠰᠤ ᠴᠢᠨᠢ ᠵᠥᠭᠡᠯᠡᠷᠡᠵᠦ ᠰᠢᠨ᠎ᠡ ᠲᠣᠰᠣ ᠲᠠᠢ ᠠᠳᠠᠯᠢ ᠪᠣᠯᠳᠠᠭ ᠃ ᠳᠠᠪᠤᠰᠤᠯᠠᠭᠰᠠᠨ ᠨᠣᠭᠤᠭ᠎ᠠ ᠪᠤᠶᠤ ᠵᠢᠭᠠᠰᠤ ᠬᠢᠭᠰᠡᠨ ᠰᠠᠪᠠ ᠶᠢ ᠼᠤᠤ ᠲᠠᠢ ᠬᠠᠯᠠᠭᠤᠨ ᠤᠰᠤ ᠪᠠᠷ ᠤᠬᠢᠶᠠᠪᠠᠯ ᠥᠨᠥᠷ ᠨᠢ ᠠᠷᠢᠯᠳᠠᠭ ᠃ ᠵᠢᠭᠠᠰᠤᠨ ᠤ ᠬᠠᠶᠢᠷᠰᠤ ᠶᠢ ᠬᠤᠰᠤᠵᠤ ᠠᠷᠢᠯᠭᠠᠬᠤ ᠳᠠᠭᠠᠨ ᠵᠢᠭᠠᠰᠤ ᠪᠠᠨ ᠼᠤᠤ ᠲᠠᠢ ᠤᠰᠤᠨ ᠳᠤ ᠪᠠᠭ᠋ᠠᠨ ᠲᠡᠪᠳᠤᠭᠡᠭᠡᠳ ᠬᠤᠰᠤᠪᠠᠯ ᠬᠠᠶᠢᠷᠰᠤ ᠨᠢ ᠬᠢᠯᠪᠠᠷ ᠠᠷᠢᠯᠤᠨ᠎ᠠ ᠃    
ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ