| ᠮᠠᠷᠢᠶ᠎ᠠ ᠰᠢᠭᠤᠷᠠᠭᠤᠯᠬᠤ ᠃ ᠴᠠᠭᠠᠨ ᠯᠤᠤᠪᠠᠩ ᠤᠨ ᠠᠭᠤᠯᠬᠤ ᠢᠯᠴᠢ ᠶᠢᠨ ᠬᠡᠮᠵᠢᠶ᠎ᠡ ᠨᠢ ᠨᠡᠯᠢᠶᠡᠳ ᠪᠠᠭ᠎ᠠ ᠂ ᠰᠢᠷᠬᠡᠭᠯᠢᠭ ᠡᠳ᠋ ᠨᠡᠯᠢᠶᠡᠳ ᠠᠷᠪᠢᠨ ᠂ ᠢᠳᠡᠭᠰᠡᠨ ᠤ | ᠳᠠᠷᠠᠭ᠎ᠠ ᠠᠮᠠᠷᠬᠠᠨ ᠴᠢᠨᠦᠷᠡᠬᠦ ᠲᠥᠷᠥᠭᠳᠡᠯ ᠭᠠᠷᠴᠤ ᠂ ᠮᠠᠷᠢᠶ᠎ᠠ ᠪᠠᠨ ᠰᠢᠭᠤᠷᠠᠭᠤᠯᠬᠤ ᠳᠤ ᠲᠤᠰᠠᠲᠠᠢ ᠪᠠᠶᠢᠳᠠᠭ ᠃ ᠠᠭᠤᠯᠵᠤ ᠪᠠᠶᠢᠭ᠎ᠠ ᠭᠠᠶᠢᠮᠤ ᠶᠢᠨ ᠲᠣᠰᠣ ᠪᠠ | ᠢᠳᠡᠭᠡᠨ ᠤ ᠰᠢᠷᠬᠡᠭᠯᠢᠭ ᠨᠢ ᠴᠥᠮ ᠬᠤᠳᠣᠭᠤᠳᠤ ᠭᠡᠳᠡᠰᠦᠨ ᠤ ᠭᠦᠷᠪᠡᠯᠵᠡᠬᠦ ᠬᠥᠳᠡᠯᠭᠡᠭᠡᠨ ᠢ ᠠᠬᠢᠭᠤᠯᠵᠤ ᠂ ᠪᠡᠶ᠎ᠡ ᠶᠢᠨ ᠳᠣᠲᠣᠭᠠᠳᠤ ᠶᠢᠨ ᠰᠣᠯᠢᠯᠴᠠᠭ᠎ᠠ ᠶᠢ | ᠠᠬᠢᠭᠤᠯᠵᠤ ᠂ ᠬᠠᠶᠠᠭᠳᠠᠮᠠᠯ ᠪᠣᠳᠠᠰ ᠢ ᠭᠠᠳᠠᠭᠰᠢᠯᠠᠭᠤᠯᠬᠤ ᠳᠤ ᠲᠤᠰᠠᠲᠠᠢ ᠃ ᠠᠷᠠᠰᠤ ᠶᠢ ᠬᠠᠮᠠᠭᠠᠯᠠᠬᠤ ᠃ ᠴᠠᠭᠠᠨ ᠯᠤᠤᠪᠠᠩ ᠳᠤ ᠸᠢᠲ᠋ᠠᠮᠢᠨ C ᠡᠯᠪᠡᠭ ᠠᠭᠤᠯᠵᠤ ᠂ | ᠴᠠᠶᠢᠷᠠᠭᠤᠯᠬᠤ ᠦᠢᠯᠡᠳᠦᠯ ᠮᠠᠰᠢ ᠰᠠᠶᠢᠨ ᠃ ᠸᠢᠲ᠋ᠠᠮᠢᠨ C ᠪᠣᠯ ᠢᠰᠦᠯᠳᠦᠬᠦ ᠶᠢ ᠡᠰᠡᠷᠭᠦᠴᠡᠬᠦ ᠡᠳ᠋ ᠮᠥᠨ ᠂ ᠲᠡᠷᠡ ᠨᠢ ᠬᠠᠷ᠎ᠠ ᠥᠩᠭᠡᠨ ᠤ ᠡᠳ᠋ ᠤᠨ ᠨᠡᠶᠢᠯᠡᠯᠲᠡ ᠶᠢ | ᠬᠤᠷᠢᠭᠯᠠᠵᠤ ᠂ ᠥᠭᠡᠬᠦ ᠶᠢᠨ ᠢᠰᠦᠯᠳᠦᠬᠦ ᠶᠢ ᠬᠤᠷᠢᠭᠯᠠᠳᠠᠭ ᠃ ᠡᠶᠢᠮᠦ ᠠᠴᠠ ᠦᠷᠭᠦᠯᠵᠢ ᠴᠠᠭᠠᠨ ᠯᠤᠤᠪᠠᠩ ᠢᠳᠡᠪᠡᠯ ᠠᠷᠠᠰᠤ ᠪᠠᠨ ᠬᠠᠮᠠᠭᠠᠯᠠᠬᠤ ᠳᠤ ᠲᠤᠰᠠᠲᠠᠢ | ᠪᠠᠶᠢᠳᠠᠭ ᠃ ᠬᠡᠢ ᠶᠢ ᠨᠡᠪᠲᠡᠷᠡᠭᠦᠯᠬᠦ ᠃ ᠴᠠᠭᠠᠨ ᠯᠤᠤᠪᠠᠩ ᠢᠳᠡᠪᠡᠯ ᠬᠤᠳᠣᠭᠤᠳᠤ ᠭᠡᠳᠡᠰᠦ ᠶᠢ ᠤᠯᠠᠮ ᠢᠯᠭᠤᠮ ᠪᠣᠯᠭᠠᠳᠠᠭ ᠂ ᠥᠭᠡᠷ᠎ᠡ ᠪᠠᠷ ᠬᠡᠯᠡᠪᠡᠯ ︽ ᠬᠡᠢ ᠶᠢ | ᠨᠡᠪᠲᠡᠷᠡᠭᠦᠯᠳᠡᠭ ︾ ᠃ ᠶᠠᠭᠠᠬᠢᠭᠠᠳ ᠴᠠᠭᠠᠨ ᠯᠤᠤᠪᠠᠩ ︽ ᠬᠡᠢ ᠶᠢ ᠨᠡᠪᠲᠡᠷᠡᠭᠦᠯᠬᠦ ︾ ᠦᠢᠯᠡᠳᠦᠯ ᠲᠠᠢ ᠪᠠᠶᠢᠳᠠᠭ ᠪᠤᠢ ︖ ᠭᠡᠪᠡᠯ ᠴᠠᠭᠠᠨ ᠯᠤᠤᠪᠠᠩ ᠳᠤ ᠬᠤᠶᠠᠷ | ᠵᠦᠢᠯ ᠤᠨ ᠤᠨᠴᠠᠭᠠᠢ ᠪᠦᠷᠢᠯᠳᠦᠭᠦᠨ ᠪᠠᠶᠢᠳᠠᠭ ᠄ ᠨᠢᠭᠡ ᠨᠢ ᠳᠡᠭᠳᠡᠮᠡᠬᠡᠢ ᠴᠢᠨᠠᠷᠲᠠᠢ ᠲᠣᠰᠣ — ᠭᠠᠶᠢᠮᠤ ᠶᠢᠨ ᠦᠷ᠎ᠡ ᠶᠢᠨ ᠲᠣᠰᠣ ᠂ ᠵᠠᠷᠢᠮ ᠯᠤᠤᠪᠠᠩ ᠨᠡᠯᠢᠶᠡᠳ | ᠭᠤᠱᠤᠭᠤᠨ ᠪᠠᠶ᠋ᠢᠳᠠᠭ ᠤᠨ ᠰᠢᠯᠲᠠᠭᠠᠨ ᠨᠢ ᠡᠨᠡ ᠃ ᠨᠥᠭᠦᠭᠡ ᠨᠢᠭᠡ ᠨᠢ ᠴᠠᠭᠠᠨ ᠯᠤᠤᠪᠠᠩ ᠤᠨ ᠳᠣᠲᠣᠷᠠᠬᠢ ᠢᠳᠡᠭᠡᠨ ᠤ ᠰᠢᠷᠬᠡᠭᠯᠢᠭ ᠡᠳ᠋ ᠪᠣᠯᠣᠨ᠎ᠠ ᠃ ᠴᠠᠭᠠᠨ | ᠯᠤᠤᠪᠠᠩ ᠢᠳᠡᠭᠰᠡᠨ ᠤ ᠳᠠᠷᠠᠭ᠎ᠠ ︽ ᠳᠡᠭᠡᠭᠰᠢ ︾ ︽ ᠳᠣᠷᠣᠭᠰᠢ ︾ ᠪᠦᠷ ᠨᠡᠪᠲᠡᠷᠡᠭᠦᠯᠳᠡᠭ — ᠳᠠᠷᠤᠢ ᠳᠡᠭᠡᠭᠰᠢ ᠪᠠᠨ ᠭᠡᠭᠡᠷᠡᠭᠦᠯᠵᠤ ᠂ ᠳᠣᠷᠣᠭᠰᠢ ᠪᠠᠨ | ᠭᠡᠳᠡᠰᠦᠨ ᠤ ᠭᠦᠷᠪᠡᠯᠵᠡᠯ ᠴᠢᠩᠭᠠᠷᠠᠳᠠᠭ ᠃ ᠡᠶᠢᠮᠦ ᠠᠴᠠ ᠯᠤᠤᠪᠠᠩ ᠢᠳᠡᠭᠰᠡᠨ ᠤ ᠳᠠᠷᠠᠭ᠎ᠠ ᠪᠡᠶ᠎ᠡ ᠶᠢᠨ ᠰᠢᠩᠭᠡᠭᠡᠯᠲᠡ ᠬᠠᠷᠢᠴᠠᠩᠭᠤᠢ ᠪᠠᠷ ᠠᠮᠠᠷᠬᠠᠨ ᠪᠥᠭᠡᠳ ᠢᠯᠭᠤᠮ | ᠪᠤᠯᠳᠠᠭ ᠃ ᠠᠭᠤᠰᠬᠢ ᠶᠢ ᠬᠠᠮᠠᠭᠠᠯᠠᠬᠤ ᠃ ᠠᠩᠭ᠍ᠯᠢ ᠶᠢᠨ ᠨᠢᠭᠡᠨ ᠰᠤᠳᠤᠯᠭᠠᠨ ᠳᠤ ᠢᠯᠡᠷᠡᠭᠦᠯᠦᠭᠰᠡᠨ ᠢᠶᠠᠷ ᠠᠭᠤᠰᠬᠢᠨ ᠤ ᠬᠠᠯᠳᠠᠪᠤᠷᠢᠯᠠᠯ ᠣᠯᠠᠨ ᠡᠭᠦᠰᠬᠦ | ᠬᠤᠭᠤᠴᠠᠭᠠᠨ ᠳᠤ ᠲᠣᠭᠤᠨᠣᠯᠵᠢᠨ ᠴᠡᠴᠡᠭ ᠤᠨ ᠲᠦᠷᠦᠯ ᠤᠨ ᠢᠳᠡᠰᠢᠨ ᠨᠣᠭᠤᠭ᠎ᠠ ᠶᠢ ᠢᠯᠡᠭᠦᠦ ᠢᠳᠡᠪᠡᠯ ᠠᠭᠤᠰᠬᠢ ᠶᠢ ᠬᠠᠮᠠᠭᠠᠯᠠᠵᠤ ᠬᠠᠯᠳᠠᠪᠤᠷᠢᠯᠠᠯ ᠢ ᠪᠠᠭᠠᠰᠬᠠᠬᠤ | ᠦᠢᠯᠡᠳᠦᠯ ᠲᠠᠢ ᠂ ᠴᠠᠭᠠᠨ ᠯᠤᠤᠪᠠᠩ ᠪᠣᠯ ᠳᠠᠷᠤᠢ ᠲᠣᠭᠤᠨᠣᠯᠵᠢᠨ ᠴᠡᠴᠡᠭ ᠤᠨ ᠲᠦᠷᠦᠯ ᠤᠨ ᠢᠳᠡᠰᠢᠨ ᠨᠣᠭᠤᠭ᠎ᠠ ᠳᠤ ᠪᠠᠭᠲᠠᠨ᠎ᠠ ᠃ ᠴᠠᠭᠠᠨ ᠯᠤᠤᠪᠠᠩ ᠢ | ᠲᠦᠭᠦᠬᠡᠢ ᠪᠠᠷ ᠢᠳᠡᠬᠦ ᠤᠤ ᠪᠣᠯᠭᠤᠵᠤ ᠢᠳᠡᠬᠦ ᠤᠤ ︖ ᠴᠠᠭᠠᠨ ᠯᠤᠤᠪᠠᠩ ᠢ ᠲᠦᠭᠦᠬᠡᠢ ᠪᠠᠷ ᠢᠳᠡᠵᠦ ᠪᠣᠯᠣᠨ᠎ᠠ ᠂ ᠭᠡᠪᠡᠴᠦ ᠴᠠᠭᠠᠨ ᠯᠤᠤᠪᠠᠩ ᠤᠨ ᠳᠣᠲᠣᠷ᠎ᠠ | ᠳᠡᠭᠳᠡᠮᠡᠬᠡᠢ ᠴᠢᠨᠠᠷᠲᠠᠢ ᠭᠠᠶᠢᠮᠤ ᠶᠢᠨ ᠨᠠᠶᠢᠷᠠᠯᠭ᠎ᠠ ᠶᠢᠨ ᠲᠣᠰᠣ ᠠᠭᠤᠯᠵᠤ ᠪᠠᠶᠢᠬᠤ ᠤᠴᠢᠷ ᠠᠴᠠ ᠭᠤᠱᠤᠭᠤᠨ ᠠᠮᠲᠠ ᠲᠠᠢ ᠂ ᠵᠠᠷᠢᠮ ᠨᠠᠶᠢᠵᠠ ᠨᠠᠷ ᠡᠨᠡ ᠬᠦ | ᠰᠡᠳᠦᠯᠲᠡ ᠶᠢ ᠲᠡᠰᠪᠦᠷᠢᠯᠡᠵᠦ ᠳᠡᠶᠢᠯᠭᠦ ᠦᠭᠡᠢ ᠪᠠᠶᠢᠵᠤ ᠮᠡᠳᠡᠨ᠎ᠡ ᠃ ᠲᠦᠭᠦᠬᠡᠢ ᠪᠠᠷ ᠢᠳᠡᠬᠦ ᠨᠢ ᠴᠠᠭᠠᠨ ᠯᠤᠤᠪᠠᠩ ᠤᠨ ᠳᠣᠲᠣᠷᠠᠬᠢ ᠬᠥᠮᠥᠨ ᠤ ᠪᠡᠶ᠎ᠡ ᠳᠤ ᠠᠰᠢᠭᠲᠠᠢ | ᠪᠦᠷᠢᠯᠳᠦᠭᠦᠨ ᠢ ᠨᠡᠩ ᠪᠦᠷᠢᠨ ᠪᠦᠲᠦᠨ ᠬᠠᠳᠠᠭᠠᠯᠠᠵᠤ ᠪᠣᠯᠭᠤᠵᠤ ᠢᠳᠡᠬᠦ ᠨᠢ ᠡᠨᠡ ᠬᠦ ᠠᠰᠢᠭᠲᠠᠢ ᠪᠦᠷᠢᠯᠳᠦᠭᠦᠨ ᠢ ᠠᠯᠳᠠᠭᠳᠠᠭᠤᠯᠵᠤ ᠮᠡᠳᠡᠳᠡᠭ ᠃ ᠭᠡᠬᠦ ᠳᠡᠭᠡᠨ | ᠪᠤᠯᠭᠤᠪᠡᠯ ᠭᠤᠱᠤᠭᠤᠨ ᠠᠮᠲᠠ ᠶᠢ ᠨᠢ ᠠᠷᠢᠯᠭᠠᠳᠠᠭ ᠠᠴᠠ ᠥᠪᠡᠷ ᠥᠪᠡᠷ ᠤᠨ ᠪᠠᠶᠢᠳᠠᠯ ᠠᠴᠠ ᠡᠭᠦᠰᠴᠦ ᠢᠳᠡᠬᠦ ᠠᠷᠭ᠎ᠠ ᠪᠠᠨ ᠰᠣᠩᠭᠤᠭᠠᠷᠠᠢ ᠃ | | |