ᠨᠠᠷᠠᠨ ᠬᠤᠸᠠᠷ ᠢᠶᠠᠷ ᠪᠤᠷᠳᠤᠭ᠎ᠠ ᠬᠢᠵᠤ ᠮᠠᠯ ᠲᠠᠵᠢᠭᠡᠪᠠᠯ ᠲᠠᠷᠭᠤ ᠨᠠᠮᠡᠭᠳᠠᠨ᠎ᠠ
ᠨᠡᠶᠢᠲᠡᠯᠡᠭᠰᠡᠨ ᠴᠠᠭ᠄
2024/4/17
    ᠨᠠᠷᠠᠨ ᠬᠤᠸᠠᠷ ᠤᠨ ᠦᠷ᠎ᠠ ᠶᠢ ᠨᠢ ᠠᠪᠤᠭᠰᠠᠨ ᠴᠡᠴᠡᠭ ᠤᠨ ᠰᠠᠭᠤᠳᠠᠯ ᠨᠢ ᠳᠦᠢᠯ ᠤᠨ ᠰᠠᠶᠢᠨ ᠮᠠᠯ ᠲᠠᠵᠢᠭᠡᠪᠤᠷᠢ ᠶᠢᠨ ᠲᠠᠵᠢᠭᠡᠯ ᠪᠤᠷᠳᠤᠭ᠎ᠠ ᠪᠤᠯᠳᠠᠭ ᠃ ᠨᠠᠷᠠᠨ ᠬᠤᠸᠠᠷ ᠤᠨ ᠴᠡᠴᠡᠭ ᠤᠨ ᠰᠠᠭᠤᠳᠠᠯ ᠳᠤ ᠪᠦᠳᠤᠭᠦᠯᠢᠭ ᠤᠭᠤᠷᠠᠭ ᠤᠨ ᠠᠭᠤᠯᠤᠭᠳᠠᠴᠠ 7% ~ 9% ᠂ ᠪᠦᠳᠤᠭᠦᠯᠢᠭ ᠦᠭᠡᠭᠦ 6.5% ~ 10.5% ᠂ ᠪᠦᠳᠤᠭᠦᠯᠢᠭ ᠰᠢᠷᠭᠡᠭᠯᠢᠭ 17.7% ᠂ ᠠᠽᠤᠲ ᠦᠭᠡᠢ ᠨᠠᠪᠴᠢᠮᠡᠭᠡᠢ ᠪᠤᠳᠠᠰ 43.9% ᠂ ᠵᠢᠮᠢᠰ ᠤᠨ ᠴᠠᠪᠠᠤ 2.4% ~ 3% ᠂ ᠡᠭᠦᠨ ᠳᠤ ᠪᠦᠳᠤᠭᠦᠯᠢᠭ ᠤᠭᠤᠷᠠᠭ ᠭᠢᠭᠡᠳ ᠠᠽᠤᠲ ᠦᠭᠡᠢ ᠨᠠᠪᠴᠢᠮᠡᠭᠡᠢ ᠪᠤᠳᠠᠰ ᠤᠨ ᠠᠭᠤᠯᠤᠭᠳᠠᠴᠠ ᠨᠢ ᠠᠮᠤ ᠪᠤᠳᠠᠭ᠎ᠠ ᠳᠠᠬᠢ ᠠᠭᠤᠯᠤᠭᠳᠠᠴᠠ ᠲᠠᠢ ᠪᠠᠶᠢᠳᠠᠭ ᠃ ᠨᠠᠷᠠᠨ ᠬᠤᠸᠠᠷ ᠤᠨ ᠴᠡᠴᠡᠭ ᠤᠨ ᠰᠠᠭᠤᠳᠠᠯ ᠢᠶᠠᠷ ᠭᠢᠭᠰᠡᠨ ᠲᠠᠯᠬ᠎ᠠ ᠪᠤᠷᠳᠤᠭ᠎ᠠ ᠶᠢᠨ ᠵᠠᠭᠤᠨ ᠺᠢᠯᠦᠭᠷᠠᠮ ᠪᠦᠷᠢ ᠶᠢᠨ ᠰᠢᠮ᠎ᠠ ᠲᠠᠵᠢᠭᠡᠯ ᠤᠨ ᠤᠢᠷᠳᠡᠭ ᠨᠢ 60 ~ 66 ᠺᠢᠯᠦᠭᠷᠠᠮ ᠡᠷᠳᠡᠨᠢ ᠰᠢᠰᠢ ᠪᠤᠶᠤ 70 ~ 80 ᠺᠢᠯᠦᠭᠷᠠᠮ ᠠᠷᠪᠠᠢ ᠵᠡᠷᠭᠡ ᠨᠠᠷᠢᠯᠢᠬ ᠪᠤᠷᠳᠤᠭ᠎ᠠ ᠶᠢᠨ ᠰᠢᠮ᠎ᠠ ᠲᠠᠵᠢᠭᠡᠯ ᠤᠨ ᠦᠷᠳᠡᠭ ᠲᠠᠢ ᠠᠳᠠᠯᠢᠬᠠᠨ ᠃ ᠨᠠᠷᠠᠨ ᠬᠤᠸᠠᠷ ᠤᠨ ᠴᠡᠴᠡᠭ ᠤᠨ ᠰᠠᠭᠤᠳᠠᠯ ᠢ ᠪᠠᠰᠠ ᠨᠤᠭᠤᠭᠠᠨ ᠢᠶᠠᠷ ᠲᠠᠷᠤᠰᠢᠭᠤᠯᠵᠤ ᠪᠤᠯᠤᠨ᠎ᠠ ᠂ ᠨᠤᠭᠤᠭᠠᠨ ᠢᠶᠠᠷ ᠲᠠᠷᠤᠰᠢᠭᠤᠯᠤᠭᠰᠠᠨ ᠨᠠᠷᠠᠨ ᠬᠤᠸᠠᠷ ᠤᠨ ᠴᠡᠴᠡᠭ ᠤᠨ ᠰᠠᠭᠤᠳᠠᠯ ᠨᠢ ᠳᠦᠢᠯ ᠤᠨ ᠰᠠᠶᠢᠬᠠᠨ ᠦᠨᠤᠷ ᠲᠠᠢ ᠂ ᠮᠠᠯ ᠲᠠᠵᠢᠭᠡᠪᠤᠷᠢ ᠳᠤᠩ ᠢᠳᠡᠭᠦ ᠳᠤᠷᠠᠳᠠᠢ ᠪᠠᠶᠢᠳᠠᠭ ᠃ ᠨᠠᠷᠠᠨ ᠬᠤᠸᠠᠷ ᠤᠨ ᠴᠡᠴᠡᠭ ᠤᠨ ᠰᠠᠭᠤᠳᠠᠯ ᠳᠤ ᠶᠡᠭᠡ ᠭᠡᠮᠵᠢᠶᠠᠨ ᠤ ᠺᠠᠯᠼᠠᠯᠢᠬ ᠪᠤᠳᠠᠰ ᠪᠤᠯᠤᠨ ᠨᠠᠯᠢᠶᠠᠳ ᠠᠷᠪᠢᠨ ᠵᠢᠮᠢᠰ ᠤᠨ ᠰᠢᠭᠢᠷ ᠠᠭᠤᠯᠤᠭᠳᠠᠬᠤ ᠪᠤᠯᠬᠤᠷ ᠂ ᠳᠦᠯ ᠮᠠᠯ ᠪᠤᠯᠤᠨ ᠭᠡᠭᠡᠯ ᠲᠠᠢ ᠡᠬᠡ ᠮᠠᠯ ᠢ ᠲᠠᠵᠢᠭᠡᠭᠦ ᠳᠤ ᠶᠡᠭᠡ ᠳᠤᠭᠢᠷᠠᠮᠵᠢᠳᠠᠢ ᠃ ᠭᠡᠷᠪᠡ ᠨᠠᠷᠠᠨ ᠬᠤᠸᠠᠷ ᠤᠨ ᠴᠡᠴᠡᠭ ᠤᠨ ᠰᠠᠭᠤᠳᠠᠯ ᠢᠶᠠᠷ ᠭᠠᠭ᠋ᠠᠢ ᠲᠠᠵᠢᠭᠡᠪᠠᠯ ᠭᠠᠭ᠋ᠠᠢ ᠲᠠᠷᠭᠤᠯᠠᠬᠤ ᠨᠢ ᠬᠤᠷᠳᠤᠨ ᠪᠦᠭᠡᠳ ᠪᠤᠷᠳᠤᠭᠠᠨ ᠠᠮᠤ ᠶᠢ ᠠᠷᠪᠢᠯᠠᠨ ᠂ ᠭᠠᠭ᠋ᠠᠢ ᠲᠠᠵᠢᠭᠡᠭᠦ ᠦᠪᠠᠷ ᠤᠨ ᠦᠷᠳᠡᠭ ᠢ ᠪᠠᠭᠠᠰᠬᠠᠵᠤ ᠠᠰᠢᠭ ᠨᠢ ᠶᠡᠭᠡ ᠪᠠᠶᠢᠳᠠᠭ ᠃    
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ