| ᠡᠩ ᠲᠡᠷᠢᠭᠦᠨ ᠳᠤ᠂ ᠪᠣᠯᠪᠠᠰᠤᠷᠠᠭᠤᠯᠬᠤ ᠨᠢ ᠬᠡᠳᠦᠶ ᠲᠥᠬᠦᠮ | ᠪᠣᠯ ᠦᠨᠢᠶᠡᠨ ᠰᠦ ᠶᠢᠨ ᠳᠣᠲᠣᠷᠠᠬᠢ ᠰᠢᠮ᠎ᠡ ᠲᠡᠵᠢᠭᠡᠯᠲᠦ | ᠡᠳ᠋ ᠤᠨ ᠬᠤᠬᠢᠷᠠᠯ ᠲᠡᠳᠦᠶ ᠪᠠᠭ᠎ᠠ ᠪᠠᠶᠢᠳᠠᠭ᠂ ᠬᠡᠷ ᠲᠡᠭᠡᠨ | ᠫᠠᠰᠳᠧᠷ ᠨᠡᠷᠡᠮᠵᠢᠳᠦ ᠰᠦ ᠶᠢ ᠤᠷᠢᠳ ᠢᠶᠠᠷ ᠰᠣᠩᠭᠤᠵᠤ | ᠪᠣᠯᠤᠨ᠎ᠠ᠃ ᠳᠠᠷᠠᠭ᠎ᠠ ᠳᠤᠨᠢ᠂ ᠦᠨᠢᠶᠡᠨ ᠰᠦ ᠶᠢᠨ ᠭᠠᠳᠠᠷ | ᠪᠤᠭᠤᠳᠠᠯ ᠢ ᠦᠵᠡᠵᠦ ᠰᠤᠷᠬᠤ ᠬᠡᠷᠡᠭᠲᠡᠶ᠃ ᠨᠢᠭᠡ ᠳᠤ | ᠨᠠᠶᠢᠷᠠᠯᠭ᠎ᠠ ᠶᠢᠨ ᠬᠦᠰᠦᠨᠦᠭᠲᠦ ᠶᠢ ᠦᠵᠡᠬᠦ ᠭᠡᠷᠡᠭᠳᠡᠢ᠃ | ᠲᠦᠭᠦᠬᠡᠶ ᠡᠳ᠋ ᠨᠢ ᠵᠥᠪᠬᠡᠨ ᠰᠢᠨ᠎ᠡ ᠰᠦ ᠪᠠᠷ ᠨᠡᠶᠢᠷᠠᠬᠰᠠᠨ ᠢ | ᠰᠤᠩᠭᠤᠬᠤ ᠬᠡᠷᠡᠭᠳᠡᠢ᠂ ᠡᠶᠢᠮᠦ ᠰᠦ ᠨᠢ ᠰᠠᠶ᠋ᠢ ᠴᠡᠪᠡᠷ ᠰᠦ | ᠪᠤᠯᠤᠨ᠎ᠠ᠃ ᠬᠤᠶᠠᠷ ᠲᠤ ᠰᠢᠮ᠎ᠡ ᠲᠡᠵᠢᠭᠡᠯ ᠤᠨ | ᠪᠦᠷᠢᠯᠳᠦᠬᠦᠨ ᠤ ᠬᠦᠰᠦᠨᠦᠭᠲᠦ ᠶᠢ ᠦᠵᠡᠬᠦ ᠭᠡᠷᠡᠭᠳᠡᠢ᠃ | ᠤᠯᠤᠰ ᠤᠨ ᠬᠠᠮᠢᠶ᠎ᠠ ᠪᠥᠬᠦᠶ ᠪᠠᠷᠢᠮᠵᠢᠶ᠎ᠠ ᠶᠢᠨ | ᠱᠠᠭᠠᠷᠳᠠᠯᠭ᠎ᠠ ᠶᠢ ᠦᠨᠳᠦᠰᠦᠯᠡᠪᠡᠯ᠂ ᠦᠨᠢᠶᠡᠨ ᠰᠦ ᠳᠠᠬᠢ | ᠤᠭᠤᠷᠠᠭ ᠤᠨ ᠠᠭᠤᠯᠤᠭᠳᠠᠴᠠ ᠨᠢ 100 ᠮᠢᠯᠢᠯᠢᠳ᠋ᠷ ᠪᠦᠷᠢ ᠳᠤ 2.8 | ᠭᠷᠠᠮ ᠠᠴᠠ ᠳᠤᠤᠷ᠎ᠠ ᠪᠠᠶᠢᠵᠤ ᠪᠣᠯᠬᠤ ᠥᠬᠡᠶ᠃ ᠤᠭᠤᠷᠠᠭ ᠤᠨ | ᠠᠭᠤᠯᠤᠭᠳᠠᠴᠠ ᠬᠡᠳᠦᠶ ᠥᠨᠳᠥᠷ ᠪᠣᠯ ᠰᠢᠮ᠎ᠡ ᠲᠡᠵᠢᠭᠡᠯ ᠨᠢ | ᠠᠶᠠᠨᠳᠠᠭᠠᠨ ᠲᠡᠳᠦᠶ ᠥᠨᠳᠥᠷ ᠪᠠᠶᠢᠳᠠᠭ᠃ ᠶᠡᠷᠦ ᠳᠡᠭᠡᠨ 100 | ᠮᠢᠯᠢᠯᠢᠳ᠋ᠷ ᠦᠨᠢᠶᠡᠨ ᠰᠦ ᠳᠣᠲᠣᠷᠠᠬᠢ ᠺᠠᠯᠼ ᠤᠨ | ᠠᠭᠤᠯᠤᠭᠳᠠᠴᠠ ᠨᠢ 90 ~120 ᠮᠢᠯᠢᠭᠷᠡᠮ ᠪᠠᠶᠢᠳᠠᠭ︔ ᠬᠡᠷᠪᠡ | ᠺᠠᠯᠼ ᠤᠨ ᠠᠭᠤᠯᠤᠭᠳᠠᠴᠠ ᠨᠢ 120 ᠮᠢᠯᠢᠭᠷᠡᠮ ᠠᠴᠠ ᠥᠨᠳᠥᠷ | ᠪᠠᠶᠢᠪᠠᠯ ᠲᠡᠭᠦᠨ ᠢ ᠳᠠᠷᠤᠢ ᠺᠠᠯᠼ ᠥᠨᠳᠥᠷ ᠰᠦ ᠭᠡᠨ᠎ᠡ᠃ ᠬᠠᠮᠤᠭ | ᠰᠡᠭᠦᠯ ᠳᠤ᠂ ᠦᠨᠢᠶᠡᠨ ᠰᠦ ᠶᠢ ᠰᠣᠩᠭᠤᠬᠤ ᠳᠤ ᠬᠥᠮᠦᠨ ᠬᠥᠮᠦᠨ ᠤ | ᠪᠠᠶᠢᠳᠠᠯ ᠳᠤᠨᠢ ᠲᠤᠬᠢᠷᠠᠭᠤᠯᠤᠨ ᠰᠤᠩᠭᠤᠬᠤ ᠪᠠᠶᠢᠬᠤ | ᠬᠡᠷᠡᠭᠲᠡᠶ᠂ ᠲᠤᠰᠤ ᠶᠢ ᠨᠢ ᠠᠪᠤᠬᠰᠠᠨ ᠰᠦ ᠨᠢ ᠨᠠᠩ ᠢᠯᠡᠬᠦᠦ | ᠡᠷᠡᠭᠦᠯ ᠴᠢᠭᠢᠷᠠᠭ ᠲᠤ ᠠᠰᠢᠬᠳᠠᠢ ᠪᠢᠰᠢ ᠶᠤᠮ᠃ ᠬᠡᠷᠪᠡ ᠲᠠ | ᠴᠢᠰᠤᠨ ᠤ ᠥᠭᠡᠬᠦ ᠬᠡᠪ ᠤᠨ ᠪᠤᠰᠤ ᠪᠠᠶᠢᠳᠠᠯ ᠲᠠᠢ ᠪᠣᠯ ᠵᠣᠬᠢᠬᠤ | ᠬᠡᠮᠵᠢᠶᠡᠨ ᠤ ᠲᠤᠰᠤ ᠶᠢ ᠨᠢ ᠠᠪᠤᠬᠰᠠᠨ ᠰᠦ ᠪᠤᠶᠤ | ᠲᠤᠰᠤ ᠶᠢ ᠨᠢ ᠬᠠᠭᠠᠰ ᠠᠪᠤᠬᠰᠠᠨ ᠰᠦ ᠶᠢ ᠰᠣᠩᠭᠤᠵᠤ ᠪᠣᠯᠤᠨ᠎ᠠ᠃ | ᠨᠠᠰᠤᠲᠠᠶᠢᠴᠤᠳ ᠪᠠ ᠬᠡᠦᠬᠡᠳ ᠲᠤ ᠠᠪᠴᠤ ᠬᠡᠯᠡᠪᠡᠯ᠂ | ᠦᠨᠡᠨ ᠳᠡᠭᠡᠨ ᠴᠤᠯᠤ ᠰᠦ ᠤᠤᠭᠤᠪᠡᠯ ᠨᠡᠩ ᠰᠠᠶᠢᠨ ᠶᠤᠮ᠃ | |