| ᠨᠠᠮ ᠤᠨ ᠲᠥᠪ ᠬᠤᠷᠢᠶ᠎ᠠ ᠶᠢᠨ ᠶᠡᠷᠦᠩᠬᠡᠢ ᠱᠦᠵᠢ ᠰᠢ ᠶᠢᠨ ᠫᠢᠩ 10 ᠤ ᠦᠳᠡ ᠶᠢᠨ ᠬᠤᠶᠢᠨ᠎ᠠ ᠪᠡᠭᠡᠵᠢᠩ ᠳᠤ ᠮᠠ ᠶᠢᠩ ᠵᠢᠦ ᠨᠠᠷ ᠲᠠᠢ ᠠᠭᠤᠯᠵᠠᠪᠠ ᠃ | | 4 ᠰᠠᠷ᠎ᠠ ᠶᠢᠨ 10 ᠤ ᠦᠳᠡ ᠶᠢᠨ ᠬᠤᠶᠢᠨ᠎ᠠ ᠂ ᠨᠠᠮ ᠤᠨ ᠲᠥᠪ ᠬᠤᠷᠢᠶ᠎ᠠ ᠶᠢᠨ ᠶᠡᠷᠦᠩᠬᠡᠢ ᠱᠦᠵᠢ ᠰᠢ ᠶᠢᠨ ᠫᠢᠩ ᠪᠡᠭᠡᠵᠢᠩ ᠳᠤ ᠮᠠ ᠶᠢᠩ ᠵᠢᠦ ᠨᠠᠷ ᠲᠠᠢ | ᠠᠭᠤᠯᠵᠠᠪᠠ ᠃ | ᠰᠢᠨᠬᠤᠸᠠ ᠬᠤᠷᠢᠶ᠎ᠠ ᠶᠢᠨ ᠰᠤᠷᠪᠤᠯᠵᠢᠯᠠᠬᠴᠢ ᠵᠢᠦᠢ ᠫᠧᠩ ᠰᠡᠭᠦᠳᠡᠷᠯᠡᠪᠡ ᠃ | ᠰᠢ ᠶᠢᠨ ᠫᠢᠩ ᠂ ᠲᠠᠶᠢᠸᠠᠨ ᠬᠤᠭᠤᠯᠠᠢ ᠶᠢᠨ ᠬᠤᠶᠠᠷ ᠬᠥᠪᠡᠭᠡᠨ ᠤ ᠠᠬ᠎ᠠ ᠳᠡᠭᠦᠦ ᠨᠠᠷ ᠴᠥᠮ ᠳᠤᠮᠳᠠᠳᠤ ᠶᠢᠨ ᠦᠨᠳᠦᠰᠦᠲᠡᠨ ᠳᠤ ᠬᠠᠷᠢᠶᠠᠯᠠᠭᠳᠠᠨ᠎ᠠ ᠃ | ᠳᠤᠮᠳᠠᠳᠤ ᠶᠢᠨ ᠦᠨᠳᠦᠰᠦᠲᠡᠨ ᠪᠣᠯ ᠳᠡᠯᠡᠬᠡᠢ ᠳᠡᠭᠡᠷᠡᠬᠢ ᠠᠭᠤᠤ ᠶᠡᠭᠡ ᠦᠨᠳᠦᠰᠦᠲᠡᠨ ᠪᠠᠶᠢᠵᠤ ᠂ ᠥᠨᠢ ᠤᠳᠠᠭᠠᠨ ᠤᠯᠠᠮᠵᠢᠯᠠᠯ ᠲᠠᠢ ᠂ ᠭᠡᠷᠡᠯ ᠰᠠᠴᠤᠷᠠᠩᠭᠤᠢ | ᠪᠥᠭᠡᠳ ᠳᠡᠯᠡᠬᠡᠢ ᠳ᠋ᠠᠬᠢᠨ ᠳᠤ ᠬᠤᠣᠰ ᠦᠭᠡᠢ ᠳᠤᠮᠳᠠᠳᠤ ᠶᠢᠨ ᠪᠣᠯᠪᠠᠰᠤᠨ ᠢ ᠡᠭᠦᠳᠦᠨ ᠪᠦᠲᠦᠭᠡᠭᠰᠡᠨ ᠶᠤᠮ ᠂ ᠳᠤᠮᠳᠠᠳᠤ ᠶᠢᠨ ᠬᠥᠪᠡᠭᠦᠳ ᠥᠬᠢᠳ ᠨᠢᠭᠡ ᠪᠦᠷᠢ | ᠴᠥᠮ ᠡᠭᠦᠨ ᠤ ᠲᠥᠯᠥᠭᠡ ᠣᠮᠣᠭᠰᠢᠳᠠᠭ ᠪᠥᠭᠡᠳ ᠢᠷᠠᠭᠤ ᠠᠯᠳᠠᠷ ᠲᠠᠢ ᠰᠠᠨᠠᠭᠳᠠᠳᠠᠭ ᠃ ᠳᠤᠮᠳᠠᠳᠤ ᠶᠢᠨ ᠦᠨᠳᠦᠰᠦᠲᠡᠨ ᠤ 5000 ᠭᠠᠷᠤᠢ ᠵᠢᠯ ᠤᠨ ᠤᠷᠲᠤ | ᠤᠳᠠᠭᠠᠨ ᠲᠡᠦᠬᠡᠨ ᠳᠤ ᠦᠶ᠎ᠡ ᠦᠶ᠎ᠡ ᠶᠢᠨ ᠡᠪᠦᠭᠡ ᠳᠡᠭᠡᠳᠦᠰ ᠲᠠᠶᠢᠸᠠᠨ ᠳᠤ ᠨᠡᠭᠦᠳᠡᠯᠯᠡᠨ ᠰᠠᠭᠤᠷᠢᠰᠢᠵᠤ ᠂ ᠤᠳᠤᠮ ᠤᠭᠰᠠᠭ᠎ᠠ ᠵᠠᠯᠭᠠᠵᠤ ᠠᠮᠢᠳᠤᠷᠠᠭᠰᠠᠨ ᠢ | ᠲᠡᠮᠳᠡᠭᠯᠡᠵᠦ ᠂ ᠲᠠᠶᠢᠸᠠᠨ ᠬᠤᠭᠤᠯᠠᠢ ᠶᠢᠨ ᠬᠤᠶᠠᠷ ᠬᠥᠪᠡᠭᠡᠨ ᠤ ᠠᠬ᠎ᠠ ᠳᠡᠭᠦᠦ ᠨᠠᠷ ᠭᠠᠳᠠᠭᠠᠳᠤ ᠶᠢᠨ ᠳᠠᠷᠤᠯᠠᠯ ᠢ ᠬᠠᠮᠲᠤ ᠪᠠᠷ ᠡᠰᠡᠷᠭᠦᠴᠡᠵᠦ ᠂ ᠲᠠᠶᠢᠸᠠᠨ ᠢ ᠰᠡᠷᠭᠦᠭᠡᠨ | ᠮᠠᠨᠳᠤᠭᠤᠯᠤᠭᠰᠠᠨ ᠢ ᠲᠡᠮᠳᠡᠭᠯᠡᠵᠡᠢ ᠃ ᠳᠤᠮᠳᠠᠳᠤ ᠶᠢᠨ ᠦᠨᠳᠦᠰᠦᠲᠡᠨ ᠶᠡᠷᠦ ᠠᠴᠠ ᠲᠠᠶᠢᠸᠠᠨ ᠬᠤᠭᠤᠯᠠᠢ ᠶᠢᠨ ᠬᠤᠶᠠᠷ ᠬᠥᠪᠡᠭᠡᠨ ᠤ ᠰᠠᠯᠵᠤ ᠪᠣᠯᠣᠰᠢ ᠦᠭᠡᠢ | ᠲᠡᠦᠬᠡ ᠶᠢ ᠪᠢᠴᠢᠭᠯᠡᠵᠦ ᠂ ᠲᠠᠶᠢᠸᠠᠨ ᠬᠤᠭᠤᠯᠠᠢ ᠶᠢᠨ ᠬᠤᠶᠠᠷ ᠬᠥᠪᠡᠭᠡᠨ ᠤ ᠠᠬ᠎ᠠ ᠳᠡᠭᠦᠦ ᠨᠠᠷ ᠤᠨ ᠴᠢᠰᠤ ᠮᠢᠬᠠᠨ ᠤ ᠪᠠᠷᠢᠯᠳᠤᠯᠭ᠎ᠠ ᠲᠠᠢ ᠲᠡᠦᠬᠡ ᠶᠢᠨ ᠪᠣᠳᠠᠲᠤ | ᠬᠡᠷᠡᠭ ᠢ ᠰᠡᠶᠢᠯᠦᠭᠰᠡᠨ ᠶᠤᠮ ᠃ | ᠲᠠᠶᠢᠸᠠᠨ ᠬᠤᠭᠤᠯᠠᠢ ᠶᠢᠨ ᠬᠤᠶᠠᠷ ᠬᠥᠪᠡᠭᠡᠨ ᠤ ᠠᠬ᠎ᠠ ᠳᠡᠭᠦᠦ ᠨᠠᠷ ᠪᠣᠯ ᠴᠥᠮ ᠳᠤᠮᠳᠠᠳᠤ ᠤᠯᠤᠰ ᠤᠨ ᠬᠥᠮᠥᠨ ᠮᠥᠨ ᠂ ᠶᠠᠮᠠᠷ ᠴᠤ ᠠᠯᠳᠠᠷᠠᠭᠠᠵᠤ ᠲᠠᠶᠢᠯᠭᠦ | ᠦᠭᠡᠢ ᠰᠡᠳᠬᠢᠯ ᠤᠨ ᠵᠠᠩᠭᠢᠷᠠᠭ᠎ᠠ ᠭᠡᠵᠦ ᠪᠠᠶᠢᠳᠠᠭ ᠦᠭᠡᠢ ᠂ ᠶᠠᠮᠠᠷ ᠴᠤ ᠵᠥᠪᠳᠡᠯᠴᠡᠵᠦ ᠲᠠᠶᠢᠯᠭᠦ ᠦᠭᠡᠢ ᠠᠰᠠᠭᠤᠳᠠᠯ ᠭᠡᠵᠦ ᠪᠠᠶᠢᠳᠠᠭ ᠦᠭᠡᠢ ᠂ ᠶᠠᠮᠠᠷ ᠴᠤ ᠬᠦᠴᠦᠨ | ᠭᠡᠳ ᠪᠢᠳᠡᠨ ᠢ ᠰᠠᠯᠭᠠᠵᠤ ᠳᠡᠶᠢᠯᠭᠦ ᠦᠭᠡᠢ ᠶᠤᠮ ᠃ ᠳᠠᠯᠠᠢ ᠶᠢᠨ ᠬᠤᠭᠤᠯᠠᠢ ᠶᠢᠨ ᠬᠤᠭᠤᠷᠣᠨᠳᠣᠭᠢ ᠵᠠᠢ ᠨᠢ ᠲᠠᠶᠢᠸᠠᠨ ᠬᠤᠭᠤᠯᠠᠢ ᠶᠢᠨ ᠬᠤᠶᠠᠷ ᠬᠥᠪᠡᠭᠡᠨ ᠤ ᠠᠬ᠎ᠠ | ᠳᠡᠭᠦᠦ ᠨᠠᠷ ᠤᠨ ᠴᠢᠰᠤ ᠮᠢᠬᠠᠨ ᠤ ᠪᠠᠷᠢᠯᠳᠤᠯᠭ᠎ᠠ ᠶᠢ ᠲᠠᠰᠤᠯᠵᠤ ᠲᠠᠶᠢᠯᠭᠦ ᠦᠭᠡᠢ ᠶᠤᠮ ᠃ ᠪᠠᠶᠢᠭᠤᠯᠤᠯ ᠤᠨ ᠠᠳᠠᠯᠢ ᠪᠤᠰᠤ ᠨᠢ ᠲᠠᠶᠢᠸᠠᠨ ᠬᠤᠭᠤᠯᠠᠢ ᠶᠢᠨ ᠬᠤᠶᠠᠷ | ᠬᠥᠪᠡᠭᠡᠨ ᠤ ᠬᠢᠨ ᠴᠥᠮ ᠨᠢᠭᠡ ᠤᠯᠤᠰ ᠂ ᠨᠢᠭᠡ ᠦᠨᠳᠦᠰᠦᠲᠡᠨ ᠳᠤ ᠬᠠᠷᠢᠶᠠᠯᠠᠭᠳᠠᠬᠤ ᠪᠤᠰᠤᠳᠴᠢ ᠪᠣᠳᠠᠲᠤ ᠬᠡᠷᠡᠭ ᠢ ᠬᠤᠪᠢᠷᠠᠭᠤᠯᠵᠤ ᠴᠢᠳᠠᠬᠤ ᠦᠭᠡᠢ ᠶᠤᠮ ᠃ | ᠭᠠᠳᠠᠭᠠᠳᠤ ᠶᠢᠨ ᠭᠠᠷ ᠳᠦᠷᠦᠯᠲᠡ ᠨᠢ ᠤᠯᠤᠰ ᠭᠡᠷ ᠢᠶᠠᠷ ᠢᠶᠠᠨ ᠪᠦᠯᠬᠦᠮᠳᠡᠨ ᠨᠢᠭᠡᠳᠬᠦ ᠲᠡᠦᠬᠡ ᠶᠢᠨ ᠶᠡᠭᠡ ᠬᠠᠨᠳᠤᠰᠢ ᠶᠢ ᠬᠤᠷᠢᠭᠯᠠᠵᠤ ᠴᠢᠳᠠᠬᠤ ᠦᠭᠡᠢ ᠶᠤᠮ ᠃ | ᠲᠠᠶᠢᠸᠠᠨ ᠬᠤᠭᠤᠯᠠᠢ ᠶᠢᠨ ᠬᠤᠶᠠᠷ ᠬᠥᠪᠡᠭᠡᠨ ᠤ ᠠᠬ᠎ᠠ ᠳᠡᠭᠦᠦ ᠨᠠᠷ ᠶᠠᠪᠤᠵᠤ ᠢᠷᠡᠭᠰᠡᠨ ᠵᠠᠮ ᠲᠤᠷᠰᠢ ᠢᠮᠠᠭᠲᠠ ᠤᠳᠤᠮ ᠤᠯᠠᠮᠵᠢᠯᠠᠯ ᠨᠢᠭᠡᠲᠡᠢ ᠪᠠᠶᠢᠵᠤ ᠂ ᠰᠡᠳᠬᠢᠯ | ᠵᠢᠷᠦᠬᠡ ᠪᠠᠨ ᠬᠤᠯᠪᠣᠵᠤ ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠵᠤ ᠢᠷᠡᠭᠰᠡᠨ ᠶᠤᠮ ᠃ | ᠵᠠᠯᠠᠭᠤᠴᠤᠳ ᠪᠣᠯ ᠤᠯᠤᠰ ᠣᠷᠣᠨ ᠤ ᠬᠦᠰᠡᠯ ᠡᠷᠡᠮᠡᠯᠵᠡᠯ ᠂ ᠦᠨᠳᠦᠰᠦᠲᠡᠨ ᠤ ᠢᠷᠡᠭᠡᠳᠦᠢ ᠮᠥᠨ ᠃ ᠲᠠᠶᠢᠸᠠᠨ ᠬᠤᠭᠤᠯᠠᠢ ᠶᠢᠨ ᠬᠤᠶᠠᠷ ᠬᠥᠪᠡᠭᠡᠨ ᠤ | ᠵᠠᠯᠠᠭᠤᠴᠤᠳ ᠰᠠᠶᠢᠨ ᠪᠠᠶᠢᠪᠠᠯ ᠲᠠᠶᠢᠸᠠᠨ ᠬᠤᠭᠤᠯᠠᠢ ᠶᠢᠨ ᠬᠤᠶᠠᠷ ᠬᠥᠪᠡᠭᠡᠨ ᠤ ᠢᠷᠡᠭᠡᠳᠦᠢ ᠰᠠᠶ᠋ᠢ ᠰᠠᠶᠢᠨ ᠪᠠᠶᠢᠵᠤ ᠴᠢᠳᠠᠨ᠎ᠠ ᠃ ᠲᠠᠶᠢᠸᠠᠨ ᠬᠤᠭᠤᠯᠠᠢ ᠶᠢᠨ ᠬᠤᠶᠠᠷ | ᠬᠥᠪᠡᠭᠡᠨ ᠤ ᠵᠠᠯᠠᠭᠤᠴᠤᠳ ᠳᠤᠮᠳᠠᠳᠤ ᠤᠯᠤᠰ ᠤᠨ ᠬᠥᠮᠥᠨ ᠪᠣᠯᠤᠭᠰᠠᠨ ᠤ ᠡᠷᠴᠢ ᠵᠣᠷᠢᠭ ᠂ ᠰᠥᠰᠥ ᠵᠣᠷᠢᠭ ᠂ ᠢᠲᠡᠭᠡᠯ ᠵᠣᠷᠢᠭ ᠢᠶᠠᠨ ᠴᠢᠩᠭᠠᠷᠠᠭᠤᠯᠵᠤ ᠂ | ᠳᠤᠮᠳᠠᠳᠤ ᠶᠢᠨ ᠦᠨᠳᠦᠰᠦᠲᠡᠨ ᠤ ᠥᠨᠢ ᠤᠳᠠᠭᠠᠨ ᠤ ᠪᠤᠶᠠᠨ ᠵᠢᠷᠭᠠᠯ ᠢ ᠬᠠᠮᠲᠤ ᠪᠠᠷ ᠡᠭᠦᠳᠴᠦ ᠂ ᠳᠤᠮᠳᠠᠳᠤ ᠶᠢᠨ ᠦᠨᠳᠦᠰᠦᠲᠡᠨ ᠤ ᠲᠡᠦᠬᠡ ᠶᠢᠨ ᠰᠢᠨ᠎ᠡ ᠭᠡᠷᠡᠯ | ᠰᠠᠴᠤᠷᠠᠩᠭᠤᠢ ᠬᠠᠭᠤᠳᠠᠰᠤ ᠶᠢ ᠦᠷᠭᠦᠯᠵᠢᠯᠡᠨ ᠪᠢᠴᠢᠭᠯᠡᠬᠦ ᠬᠡᠷᠡᠭᠲᠡᠢ ᠭᠡᠵᠦ ᠵᠢᠭᠠᠵᠤ ᠭᠠᠷᠭᠠᠪᠠ ᠃ | ᠰᠢ ᠶᠢᠨ ᠫᠢᠩ ᠂ ᠲᠠᠶᠢᠸᠠᠨ ᠬᠤᠭᠤᠯᠠᠢ ᠶᠢᠨ ᠬᠤᠶᠠᠷ ᠬᠥᠪᠡᠭᠡᠨ ᠤ ᠠᠬ᠎ᠠ ᠳᠡᠭᠦᠦ ᠨᠠᠷ ᠪᠣᠯ ᠬᠠᠮᠲᠤ ᠶᠢᠨ ᠤᠳᠤᠮ ᠤᠯᠠᠮᠵᠢᠯᠠᠯ ᠲᠠᠢ ᠂ ᠬᠠᠮᠲᠤ ᠶᠢᠨ ᠰᠣᠶᠣᠯ ᠂ | ᠬᠠᠮᠲᠤ ᠶᠢᠨ ᠲᠡᠦᠬᠡ ᠲᠠᠢ ᠶᠤᠮ ᠂ ᠨᠠᠩ ᠴᠢᠬᠤᠯᠠ ᠨᠢ ᠪᠢᠳᠡ ᠦᠨᠳᠦᠰᠦᠲᠡᠨ ᠳᠡᠭᠡᠨ ᠬᠠᠮᠲᠤ ᠶᠢᠨ ᠬᠠᠷᠢᠭᠤᠴᠠᠯᠭ᠎ᠠ ᠲᠠᠢ ᠂ ᠢᠷᠡᠭᠡᠳᠦᠢ ᠳᠡᠭᠡᠨ ᠬᠠᠮᠲᠤ ᠶᠢᠨ ᠬᠦᠰᠡᠯ | ᠡᠷᠡᠮᠡᠯᠵᠡᠯ ᠲᠠᠢ ᠪᠠᠶᠢᠬᠤ ᠶᠠᠪᠤᠳᠠᠯ ᠪᠣᠯᠣᠨ᠎ᠠ ᠃ ᠪᠢᠳᠡ ᠳᠤᠮᠳᠠᠳᠤ ᠶᠢᠨ ᠦᠨᠳᠦᠰᠦᠲᠡᠨ ᠤ ᠪᠦᠬᠦᠯᠢ ᠴᠣᠭᠴᠠ ᠶᠢᠨ ᠠᠰᠢᠭ ᠲᠤᠰᠠ ᠪᠣᠯᠣᠨ ᠠᠯᠤᠰ ᠭᠡᠳᠤ ᠶᠢᠨ | ᠬᠥᠭᠵᠢᠯᠲᠡ ᠠᠴᠠ ᠲᠠᠶᠢᠸᠠᠨ ᠬᠤᠭᠤᠯᠠᠢ ᠶᠢᠨ ᠬᠤᠶᠠᠷ ᠬᠥᠪᠡᠭᠡᠨ ᠤ ᠬᠠᠷᠢᠴᠠᠭᠠᠨ ᠤ ᠶᠡᠭᠡ ᠲᠠᠯ᠎ᠠ ᠶᠢ ᠡᠵᠡᠮᠳᠡᠬᠦ ᠬᠡᠷᠡᠭᠲᠡᠢ ᠃ | ᠨᠢᠭᠡᠳᠦᠭᠡᠷ ᠲᠤ ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠭᠡᠷ ᠣᠷᠣᠨ ᠢ ᠡᠷᠡᠰ ᠰᠠᠬᠢᠨ ᠬᠠᠮᠠᠭᠠᠯᠠᠬᠤ ᠬᠡᠷᠡᠭᠲᠡᠢ ᠃ ᠳᠤᠮᠳᠠᠳᠤ ᠶᠢᠨ ᠦᠨᠳᠦᠰᠦᠲᠡᠨ ᠂ | ᠳᠤᠮᠳᠠᠳᠤ ᠶᠢᠨ ᠪᠣᠯᠪᠠᠰᠤᠨ ᠬᠡᠳᠦᠨ ᠮᠢᠩᠭᠠᠨ ᠵᠢᠯ ᠤᠨ ᠲᠤᠷᠰᠢ ᠤᠯᠠᠷᠢᠨ ᠬᠤᠪᠢᠰᠤᠯᠲᠠ ᠶᠢ ᠥᠩᠭᠡᠷᠡᠭᠡᠵᠦ ᠂ ᠬᠠᠯᠠ ᠵᠣᠪᠠᠯᠠᠩ ᠢ ᠬᠠᠰᠢᠷᠠᠲᠠᠯ᠎ᠠ ᠠᠮᠰᠠᠭᠰᠠᠨ | ᠪᠤᠯᠪᠠᠴᠤ ᠦᠶ᠎ᠡ ᠶᠢᠨ ᠦᠶ᠎ᠡ ᠪᠠᠷ ᠣᠷᠣᠰᠢᠨ ᠲᠣᠭᠲᠠᠨᠢᠵᠤ ᠂ ᠲᠠᠰᠤᠷᠠᠯᠳᠠ ᠦᠭᠡᠢ ᠦᠷᠭᠦᠯᠵᠢᠯᠡᠭᠰᠡᠨ ᠤ ᠵᠠᠩᠭᠢᠯᠠᠭ᠎ᠠ ᠨᠢ ᠳᠤᠮᠳᠠᠳᠤ ᠶᠢᠨ ᠦᠨᠳᠦᠰᠦᠲᠡᠨ ᠳᠤ | ᠢᠮᠠᠭᠲᠠ ᠤᠯᠤᠰ ᠤᠨ ᠨᠤᠲᠤᠭ ᠳᠡᠪᠢᠰᠬᠡᠷ ᠢ ᠰᠠᠯᠭᠠᠵᠤ ᠪᠤᠯᠬᠤ ᠦᠭᠡᠢ ᠂ ᠤᠯᠤᠰ ᠣᠷᠣᠨ ᠢ ᠰᠠᠮᠠᠭᠤᠷᠠᠭᠤᠯᠵᠤ ᠪᠤᠯᠬᠤ ᠦᠭᠡᠢ ᠂ ᠦᠨᠳᠦᠰᠦᠲᠡᠨ ᠢ ᠰᠠᠷᠨᠢᠭᠤᠯᠵᠤ | ᠪᠤᠯᠬᠤ ᠦᠭᠡᠢ ᠂ ᠪᠣᠯᠪᠠᠰᠤᠨ ᠢ ᠲᠠᠰᠤᠯᠳᠠᠭᠤᠯᠵᠤ ᠪᠤᠯᠬᠤ ᠦᠭᠡᠢ ᠭᠡᠰᠡᠨ ᠬᠠᠮᠲᠤ ᠶᠢᠨ ᠢᠲᠡᠭᠡᠯ ᠵᠣᠷᠢᠭ ᠲᠠᠢ ᠪᠠᠶᠢᠳᠠᠭ ᠲᠤ ᠣᠷᠣᠰᠢᠨ᠎ᠠ ᠃ ᠨᠢᠭᠡᠨ ᠡᠷᠡᠰ ᠴᠢᠩᠭ᠎ᠠ | ᠨᠢᠭᠡᠳᠦᠭᠰᠡᠨ ᠤᠯᠤᠰ ᠪᠣᠯ ᠢᠮᠠᠭᠲᠠ ᠲᠠᠶᠢᠸᠠᠨ ᠤ ᠠᠬ᠎ᠠ ᠳᠡᠭᠦᠦ ᠨᠠᠷ ᠢ ᠪᠠᠭᠲᠠᠭᠠᠭᠰᠠᠨ ᠪᠦᠭᠦ ᠳᠤᠮᠳᠠᠳᠤ ᠶᠢᠨ ᠬᠥᠪᠡᠭᠦᠳ ᠥᠬᠢᠳ ᠤᠨ ᠬᠤᠪᠢ ᠵᠠᠶᠠᠭ᠎ᠠ ᠲᠠᠢ | ᠬᠤᠯᠪᠣᠭᠳᠠᠵᠤ ᠪᠠᠶᠢᠳᠠᠭ ᠃ ᠲᠠᠶᠢᠸᠠᠨ ᠬᠤᠭᠤᠯᠠᠢ ᠶᠢᠨ ᠬᠤᠶᠠᠷ ᠬᠥᠪᠡᠭᠡᠨ ᠤ ᠠᠬ᠎ᠠ ᠳᠡᠭᠦᠦ ᠨᠠᠷ ︽ ᠲᠠᠶᠢᠸᠠᠨ ᠢ ᠲᠤᠰᠠᠭᠠᠷ ᠲᠣᠭᠲᠠᠨᠢᠭᠤᠯᠬᠤ ︾ ᠬᠠᠭᠠᠴᠠᠭᠤᠯᠬᠤ | ᠠᠵᠢᠯᠯᠠᠭ᠎ᠠ ᠪᠠ ᠭᠠᠳᠠᠭᠠᠳᠤ ᠶᠢᠨ ᠬᠦᠴᠦᠨ ᠤ ᠭᠠᠷ ᠲᠦᠷᠦᠭᠦ ᠶᠢ ᠡᠷᠡᠰ ᠡᠰᠡᠷᠭᠦᠴᠡᠵᠦ ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠭᠡᠷ ᠣᠷᠣᠨ ᠢᠶᠠᠨ ᠡᠷᠡᠰ | ᠰᠠᠬᠢᠨ ᠬᠠᠮᠠᠭᠠᠯᠠᠵᠤ ᠂ ᠨᠠᠶᠢᠷᠠᠮᠳᠠᠯ ᠢᠶᠠᠷ ᠨᠢᠭᠡᠳᠬᠡᠬᠦ ᠰᠠᠶᠢᠨ ᠰᠠᠶᠢᠬᠠᠨ ᠢᠷᠡᠭᠡᠳᠦᠢ ᠶᠢ ᠬᠠᠮᠲᠤ ᠪᠠᠷ ᠬᠥᠭᠡᠭᠡᠴᠡᠯᠳᠦᠨ ᠂ ᠳᠤᠮᠳᠠᠳᠤ ᠶᠢᠨ ᠦᠨᠳᠦᠰᠦᠲᠡᠨ ᠤ ᠬᠤᠪᠢ | ᠵᠠᠶᠠᠭ᠎ᠠ ᠶᠢ ᠳᠤᠮᠳᠠᠳᠤᠴᠤᠳ ᠤᠨ ᠥᠪᠡᠷ ᠤᠨ ᠬᠢᠨᠢ ᠭᠠᠷ ᠲᠤ ᠪᠠᠲᠤ ᠡᠵᠡᠮᠰᠢᠭᠦᠯᠬᠦ ᠬᠡᠷᠡᠭᠲᠡᠢ ᠃ | ᠲᠠᠶᠢᠸᠠᠨ ᠬᠤᠭᠤᠯᠠᠢ ᠶᠢᠨ ᠬᠤᠶᠠᠷ ᠬᠥᠪᠡᠭᠡᠨ ᠤ ᠠᠬ᠎ᠠ ᠳᠡᠭᠦᠦ ᠨᠠᠷ ᠴᠥᠮ ᠭᠡᠷ ᠣᠷᠣᠨ ᠨᠢ ᠡᠩᠬᠡ ᠲᠠᠶᠢᠪᠤᠩ ᠠᠮᠤᠷ ᠠᠮᠤᠭᠤᠯᠠᠩ ᠂ ᠭᠡᠷ ᠪᠦᠯᠢ ᠪᠠᠷ ᠢᠶᠠᠨ | ᠡᠶ᠎ᠡ ᠵᠣᠬᠢᠴᠠᠩᠭᠤᠢ ᠪᠠᠷ ᠬᠠᠮᠲᠤ ᠣᠷᠣᠰᠢᠬᠤ ᠶᠢ ᠬᠦᠰᠡᠨ ᠡᠷᠡᠮᠡᠯᠵᠡᠵᠦ ᠪᠠᠶᠢᠳᠠᠭ ᠂ ᠡᠶᠢᠮᠦ ᠠᠴᠠ ᠡᠷᠬᠡᠪᠰᠢ ᠲᠠᠶᠢᠸᠠᠨ ᠬᠤᠭᠤᠯᠠᠢ ᠶᠢᠨ ᠬᠤᠶᠠᠷ ᠬᠥᠪᠡᠭᠡᠨ ᠤ | ᠬᠠᠷᠢᠴᠠᠭ᠎ᠠ ᠶᠢᠨ ᠨᠠᠶᠢᠷᠠᠮᠳᠠᠯ ᠢᠶᠠᠷ ᠬᠥᠭᠵᠢᠬᠦ ᠶᠢ ᠠᠬᠢᠭᠤᠯᠬᠤ ᠬᠡᠷᠡᠭᠲᠡᠢ ᠂ ᠵᠠᠩᠭᠢᠯᠠᠭ᠎ᠠ ᠨᠢ ᠨᠢᠭᠡ ᠳᠤᠮᠳᠠᠳᠤ ᠤᠯᠤᠰ ᠪᠠᠶᠢᠬᠤ ᠵᠠᠷᠴᠢᠮ ᠢ ᠢᠯᠡᠷᠡᠭᠦᠯᠦᠭᠰᠡᠨ ︽ ᠶᠡᠷᠡᠨ | ᠬᠤᠶᠠᠷ ᠣᠨ ᠤ ᠬᠠᠮᠲᠤ ᠶᠢᠨ ᠲᠠᠨᠢᠯᠲᠠ ︾ ᠶᠢ ᠪᠠᠷᠢᠮᠲᠠᠯᠠᠬᠤ ᠳᠤ ᠪᠤᠢ ᠂ ᠭᠤᠣᠯᠳᠠᠯᠭ᠎ᠠ ᠨᠢ ᠲᠠᠶᠢᠸᠠᠨ ᠬᠤᠭᠤᠯᠠᠢ ᠶᠢᠨ ᠬᠤᠶᠠᠷ ᠬᠥᠪᠡᠭᠡᠨ ᠤ ᠬᠢᠨ ᠪᠣᠯ ᠨᠢᠭᠡ ᠤᠯᠤᠰ ᠂ | ᠨᠢᠭᠡ ᠦᠨᠳᠦᠰᠦᠲᠡᠨ ᠳᠤ ᠬᠠᠷᠢᠶᠠᠯᠠᠭᠳᠠᠬᠤ ᠦᠨᠳᠦᠰᠦᠨ ᠪᠣᠳᠠᠲᠤ ᠬᠡᠷᠡᠭ ᠤᠨ ᠲᠤᠬᠠᠢ ᠬᠠᠮᠲᠤ ᠶᠢᠨ ᠲᠠᠨᠢᠯᠲᠠ ᠲᠠᠢ ᠪᠠᠶᠢᠬᠤ ᠳᠤ ᠪᠤᠢ ᠃ ᠤᠯᠤᠰ ᠣᠷᠣᠨ ᠢ | ᠬᠠᠭᠠᠴᠠᠭᠤᠯᠬᠤ ᠦᠭᠡᠢ ᠯᠡ ᠶᠤᠮ ᠪᠣᠯ ᠂ ᠲᠠᠶᠢᠸᠠᠨ ᠬᠤᠭᠤᠯᠠᠢ ᠶᠢᠨ ᠬᠤᠶᠠᠷ ᠬᠥᠪᠡᠭᠡᠨ ᠤ ᠬᠢᠨ ᠴᠥᠮ ᠳᠤᠮᠳᠠᠳᠤ ᠤᠯᠤᠰ ᠤᠨ ᠬᠥᠮᠥᠨ ᠂ ᠨᠢᠭᠡ ᠭᠡᠷ ᠤᠨ ᠬᠥᠮᠥᠨ | ᠮᠥᠨ ᠭᠡᠳᠡᠭ ᠢ ᠮᠡᠳᠡᠷᠡᠳᠡᠭ ᠯᠡ ᠶᠤᠮ ᠪᠣᠯ ᠂ ᠲᠠᠶᠢᠸᠠᠨ ᠬᠤᠭᠤᠯᠠᠢ ᠶᠢᠨ ᠬᠤᠶᠠᠷ ᠬᠥᠪᠡᠭᠡᠨ ᠤ ᠠᠬ᠎ᠠ ᠳᠡᠭᠦᠦ ᠨᠠᠷ ᠬᠠᠮᠲᠤ ᠰᠠᠭᠤᠯᠴᠠᠵᠤ ᠂ ᠭᠡᠷ ᠤᠨ ᠬᠥᠮᠥᠰ ᠤᠨ | ᠤᠴᠢᠷ ᠢᠶᠠᠨ ᠤᠷᠢᠳ ᠢᠶᠠᠷ ᠬᠠᠷᠢᠯᠴᠠᠵᠤ ᠰᠠᠨᠠᠯ ᠢᠶᠠᠨ ᠰᠣᠯᠢᠯᠴᠠᠵᠤ ᠂ ᠣᠶᠢᠯᠠᠭᠠᠯᠴᠠᠭ᠎ᠠ ᠪᠠᠨ ᠭᠦᠨᠵᠡᠭᠡᠶᠢᠷᠡᠭᠦᠯᠵᠦ ᠂ ᠢᠲᠡᠭᠡᠯᠴᠡᠭᠡ ᠪᠠᠨ ᠨᠡᠮᠡᠭᠳᠡᠭᠦᠯᠵᠦ ᠂ ᠵᠥᠷᠢᠴᠡᠯ ᠢ | ᠠᠷᠢᠯᠭᠠᠵᠤ ᠂ ᠬᠠᠮᠲᠤ ᠶᠢᠨ ᠲᠠᠨᠢᠯᠲᠠ ᠪᠠᠨ ᠡᠷᠢᠯᠬᠢᠯᠡᠵᠦ ᠪᠦᠷᠢᠮᠦᠰᠦᠨ ᠪᠤᠯᠬᠤ ᠶᠤᠮ ᠃ | ᠬᠤᠶᠠᠳᠤᠭᠠᠷ ᠲᠤ ᠂ ᠳᠤᠮᠳᠠᠳᠤ ᠶᠢᠨ ᠦᠨᠳᠦᠰᠦᠲᠡᠨ ᠤ ᠥᠨᠢᠳᠡ ᠶᠢᠨ ᠪᠤᠶᠠᠨ ᠵᠢᠷᠭᠠᠯ ᠢ ᠡᠷᠡᠰ ᠪᠠᠲᠤ ᠬᠠᠮᠲᠤ ᠪᠠᠷ ᠴᠣᠭᠴᠠᠯᠠᠬᠤ ᠬᠡᠷᠡᠭᠲᠡᠢ ᠃ ᠲᠠᠶᠢᠸᠠᠨ | ᠬᠤᠭᠤᠯᠠᠢ ᠶᠢᠨ ᠬᠤᠶᠠᠷ ᠬᠥᠪᠡᠭᠡᠨ ᠤ ᠠᠬ᠎ᠠ ᠳᠡᠭᠦᠦ ᠨᠠᠷ ᠲᠤ ᠪᠤᠶᠠᠨ ᠵᠢᠷᠭᠠᠯ ᠣᠯᠭᠤᠬᠤ ᠪᠣᠯ ᠪᠢᠳᠡᠨ ᠤ ᠲᠠᠶᠢᠸᠠᠨ ᠬᠤᠭᠤᠯᠠᠢ ᠶᠢᠨ ᠬᠤᠶᠠᠷ ᠬᠥᠪᠡᠭᠡᠨ ᠤ | ᠬᠠᠷᠢᠴᠠᠭ᠎ᠠ ᠶᠢ ᠬᠥᠭᠵᠢᠭᠦᠯᠬᠦ ᠶᠢᠨ ᠵᠣᠷᠢᠯᠲᠠ ᠪᠠ ᠲᠤᠰᠤᠯᠲᠠ ᠮᠥᠨ ᠃ ᠳᠤᠮᠳᠠᠳᠤ ᠶᠢᠨ ᠦᠨᠳᠦᠰᠦᠲᠡᠨ ᠤ ᠥᠨᠢ ᠤᠳᠠᠭᠠᠨ ᠤ ᠪᠤᠶᠠᠨ ᠵᠢᠷᠭᠠᠯ ᠢ ᠬᠠᠮᠲᠤ ᠪᠠᠷ | ᠴᠣᠭᠴᠠᠯᠠᠬᠤ ᠬᠠᠷᠠᠯᠲᠠ ᠮᠠᠰᠢ ᠠᠤᠭ᠎ᠠ ᠶᠡᠭᠡ ᠂ ᠮᠠᠰᠢ ᠪᠣᠷᠣᠭᠵᠢᠭᠤᠨ ᠶᠤᠮ ᠂ ᠡᠴᠦᠰ ᠤᠨ ᠡᠴᠦᠰ ᠲᠡᠭᠡᠨ ᠲᠠᠶᠢᠸᠠᠨ ᠬᠤᠭᠤᠯᠠᠢ ᠶᠢᠨ ᠬᠤᠶᠠᠷ ᠬᠥᠪᠡᠭᠡᠨ ᠤ ᠠᠬ᠎ᠠ | ᠳᠡᠭᠦᠦ ᠨᠠᠷ ᠤᠨ ᠰᠠᠶᠢᠨ ᠰᠠᠶᠢᠬᠠᠨ ᠠᠮᠢᠳᠤᠷᠠᠯ ᠤᠨ ᠬᠦᠰᠡᠯ ᠡᠷᠡᠮᠡᠯᠵᠡᠯ ᠢ ᠪᠡᠶᠡᠯᠡᠭᠦᠯᠵᠦ ᠂ ᠲᠠᠶᠢᠸᠠᠨ ᠤ ᠠᠬ᠎ᠠ ᠳᠡᠭᠦᠦ ᠨᠠᠷ ᠢ ᠪᠠᠭᠲᠠᠭᠠᠭᠰᠠᠨ ᠪᠦᠭᠦ | ᠳᠤᠮᠳᠠᠳᠤᠴᠤᠳ ᠢ ᠨᠡᠩ ᠰᠠᠶᠢᠨ ᠰᠠᠶᠢᠬᠠᠨ ᠠᠮᠢᠳᠤᠷᠠᠭᠤᠯᠵᠤ ᠂ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢᠨ ᠳᠤᠮᠳᠠᠳᠤ ᠶᠢᠨ | ᠵᠡᠭᠦᠳᠦ ᠶᠢ ᠬᠠᠮᠲᠤ ᠪᠠᠷ ᠲᠡᠷᠭᠡᠯᠰᠢᠭᠦᠯᠬᠦ ᠶᠠᠪᠤᠳᠠᠯ ᠪᠣᠯᠣᠨ᠎ᠠ ᠃ ᠪᠢᠳᠡ ᠡᠬᠡ ᠬᠠᠭᠤᠷᠠᠢ ᠶᠢᠨ 14 ᠳ᠋ᠦᠩᠰᠢᠭᠤᠷ ᠭᠠᠷᠤᠢ ᠠᠬ᠎ᠠ ᠳᠡᠭᠦᠦ ᠨᠠᠷ ᠢᠶᠠᠨ ᠳᠠᠭᠠᠭᠤᠯᠤᠨ | ᠰᠠᠶᠢᠨ ᠰᠠᠶᠢᠬᠠᠨ ᠠᠮᠢᠳᠤᠷᠠᠯ ᠢ ᠡᠳ᠋ᠯᠡᠬᠦ ᠴᠢᠳᠠᠪᠤᠷᠢ ᠲᠠᠢ ᠪᠥᠭᠡᠳ ᠲᠠᠶᠢᠸᠠᠨ ᠤ ᠠᠬ᠎ᠠ ᠳᠡᠭᠦᠦ ᠨᠠᠷ ᠲᠠᠢ ᠬᠠᠮᠲᠤ ᠰᠠᠶᠢᠨ ᠰᠠᠶᠢᠬᠠᠨ ᠢᠷᠡᠭᠡᠳᠦᠢ ᠶᠢ ᠬᠠᠮᠲᠤ ᠪᠠᠷ | ᠴᠣᠭᠴᠠᠯᠠᠬᠤ ᠪᠦᠷᠢᠨ ᠴᠢᠳᠠᠪᠤᠷᠢ ᠲᠠᠢ ᠶᠤᠮ ᠃ | ᠪᠢᠳᠡ ᠢᠮᠠᠭᠲᠠ ᠲᠠᠶᠢᠸᠠᠨ ᠤ ᠠᠬ᠎ᠠ ᠳᠡᠭᠦᠦ ᠨᠠᠷ ᠤᠨ ᠪᠤᠶᠠᠨ ᠵᠢᠷᠭᠠᠯ ᠢ ᠪᠣᠳᠣᠯᠬᠢᠯᠠᠵᠤ ᠂ ᠡᠩ ᠲᠡᠷᠢᠭᠦᠨ ᠳᠤ ᠲᠠᠶᠢᠸᠠᠨ ᠤ ᠠᠬ᠎ᠠ ᠳᠡᠭᠦᠦ ᠨᠠᠷ ᠲᠠᠢ ᠳᠤᠮᠳᠠᠳᠤ | ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢᠨ ᠬᠥᠭᠵᠢᠯᠲᠡ ᠶᠢᠨ ᠠᠵᠠ ᠲᠣᠭᠢᠶᠠᠯ ᠢ ᠬᠤᠪᠢᠶᠠᠯᠴᠠᠵᠤ ᠂ ᠡᠬᠡ ᠤᠯᠤᠰ ᠤᠨ ᠡᠬᠡ ᠬᠠᠭᠤᠷᠠᠢ ᠶᠢᠨ ᠬᠥᠭᠵᠢᠯᠲᠡ | ᠲᠠᠪᠰᠢᠯᠳᠠ ᠶᠢᠨ ᠦᠷ᠎ᠡ ᠪᠦᠲᠦᠭᠡᠯ ᠢ ᠬᠠᠮᠲᠤ ᠪᠠᠷ ᠡᠳ᠋ᠯᠡᠵᠦ ᠂ ᠢᠳᠡᠪᠬᠢᠲᠡᠢ ᠪᠠᠷ ᠲᠠᠶᠢᠸᠠᠨ ᠤ ᠠᠬ᠎ᠠ ᠳᠡᠭᠦᠦ ᠨᠠᠷ ᠲᠤ ᠪᠣᠳᠠᠲᠤ ᠶᠠᠪᠤᠳᠠᠯ ᠬᠢᠵᠦ ᠂ ᠰᠠᠶᠢᠨ ᠶᠠᠪᠤᠳᠠᠯ | ᠬᠢᠵᠦ ᠂ ᠬᠦᠴᠢᠷ ᠶᠠᠪᠤᠳᠠᠯ ᠢ ᠨᠢ ᠰᠢᠢᠳᠪᠦᠷᠢᠯᠡᠵᠦ ᠂ ᠲᠠᠶᠢᠸᠠᠨ ᠤ ᠠᠬ᠎ᠠ ᠳᠡᠭᠦᠦ ᠨᠠᠷ ᠤᠨ ᠠᠰᠢᠭ ᠲᠤᠰᠠ ᠶᠢ ᠨᠡᠩ ᠤᠯᠠᠨ ᠂ ᠪᠤᠶᠠᠨ ᠵᠢᠷᠭᠠᠯ ᠢ ᠨᠡᠩ ᠪᠣᠳᠠᠲᠠᠢ ᠂ | ᠢᠷᠡᠭᠡᠳᠦᠢ ᠶᠢ ᠨᠡᠩ ᠰᠠᠶᠢᠨ ᠰᠠᠶᠢᠬᠠᠨ ᠪᠣᠯᠭᠠᠨ᠎ᠠ ᠃ | ᠭᠤᠷᠪᠠᠳᠤᠭᠠᠷ ᠲᠤ ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠬᠡᠷᠡᠭᠲᠡᠢ ᠃ ᠳᠤᠮᠳᠠᠳᠤ ᠶᠢᠨ | ᠦᠨᠳᠦᠰᠦᠲᠡᠨ ᠤᠷᠲᠤ ᠤᠳᠠᠭᠠᠨ ᠲᠡᠦᠬᠡᠨ ᠶᠠᠪᠤᠴᠠ ᠳᠤ ᠂ ᠡᠷᠳᠡᠨᠢ ᠶᠢᠨ ᠠᠷᠠᠯ ᠲᠠᠶᠢᠸᠠᠨ ᠵᠡᠷᠭᠡ ᠶᠢ ᠪᠠᠭᠲᠠᠭᠠᠭᠰᠠᠨ ᠡᠬᠡ ᠣᠷᠣᠨ ᠤ ᠬᠢᠯᠢ ᠬᠢᠵᠠᠭᠠᠷ ᠢ ᠬᠠᠮᠲᠤ ᠪᠠᠷ | ᠪᠦᠲᠦᠭᠡᠨ ᠪᠠᠶᠢᠭᠤᠯᠵᠤ ᠂ ᠳᠤᠮᠳᠠᠳᠤ ᠤᠯᠤᠰ ᠤᠨ ᠲᠡᠦᠬᠡ ᠶᠢ ᠬᠠᠮᠲᠤ ᠪᠠᠷ ᠪᠢᠴᠢᠭᠯᠡᠵᠦ ᠂ ᠳᠤᠮᠳᠠᠳᠤ ᠶᠢᠨ ᠰᠣᠶᠣᠯ ᠢ ᠬᠠᠮᠲᠤ ᠪᠠᠷ ᠡᠭᠦᠳᠦᠨ ᠪᠦᠲᠦᠭᠡᠵᠦ ᠂ | ᠦᠨᠳᠦᠰᠦᠲᠡᠨ ᠤ ᠵᠣᠷᠢᠭ ᠰᠠᠨᠠᠭ᠎ᠠ ᠶᠢ ᠬᠠᠮᠲᠤ ᠪᠠᠷ ᠪᠤᠢ ᠪᠤᠯᠭᠠᠬᠰᠠᠨ ᠶᠤᠮ ᠃ ᠲᠠᠶᠢᠸᠠᠨ ᠬᠤᠭᠤᠯᠠᠢ ᠶᠢᠨ ᠬᠤᠶᠠᠷ ᠬᠥᠪᠡᠭᠡᠨ ᠤ ᠠᠬ᠎ᠠ ᠳᠡᠭᠦᠦ ᠨᠠᠷ ᠪᠣᠯ ᠶᠡᠷᠦ ᠠᠴᠠ | ᠨᠢᠭᠡ ᠭᠡᠷ ᠤᠨ ᠬᠥᠮᠥᠨ ᠪᠣᠯᠬᠤᠷ ᠦᠷᠭᠦᠯᠵᠢ ᠶᠠᠪᠤᠯᠴᠠᠵᠤ ᠂ ᠶᠠᠪᠤᠬᠤ ᠲᠤᠳᠤᠮ ᠣᠶᠢᠷ᠎ᠠ ᠳᠣᠲᠣᠨᠣ ᠪᠣᠯᠪᠠᠯ ᠵᠣᠬᠢᠨ᠎ᠠ ᠃ ᠪᠢᠳᠡ ᠨᠡᠩ ᠬᠦᠴᠦᠲᠡᠢ ᠠᠷᠭ᠎ᠠ ᠬᠡᠮᠵᠢᠶ᠎ᠡ | ᠠᠪᠴᠤ ᠪᠠᠶᠢᠭᠠᠳ ᠲᠠᠶᠢᠸᠠᠨ ᠬᠤᠭᠤᠯᠠᠢ ᠶᠢᠨ ᠬᠤᠶᠠᠷ ᠬᠥᠪᠡᠭᠡᠨ ᠤ ᠰᠣᠯᠢᠯᠴᠠᠭ᠎ᠠ ᠶᠠᠪᠤᠯᠴᠠᠭ᠎ᠠ ᠠᠭᠤᠰᠤᠯᠴᠠᠯ ᠢ ᠢᠳᠡᠪᠬᠢᠲᠡᠢ ᠠᠬᠢᠭᠤᠯᠵᠤ ᠂ ᠲᠠᠶᠢᠸᠠᠨ | ᠬᠤᠭᠤᠯᠠᠢ ᠶᠢᠨ ᠬᠤᠶᠠᠷ ᠬᠥᠪᠡᠭᠡᠨ ᠤ ᠠᠬ᠎ᠠ ᠳᠡᠭᠦᠦ ᠨᠠᠷ ᠤᠨ ᠰᠣᠯᠢᠯᠴᠠᠭᠠᠨ ᠤ ᠳᠤᠮᠳᠠ ᠰᠡᠳᠬᠢᠯ ᠢᠶᠠᠨ ᠰᠣᠯᠢᠯᠴᠠᠬᠤ ᠂ ᠶᠠᠪᠤᠯᠴᠠᠭᠠᠨ ᠤ ᠳᠤᠮᠳᠠ ᠢᠲᠡᠭᠡᠯ ᠢᠶᠠᠨ | ᠨᠡᠮᠡᠭᠳᠡᠭᠦᠯᠬᠦ ᠂ ᠰᠡᠳᠬᠢᠯ ᠰᠠᠨᠠᠭ᠎ᠠ ᠪᠠᠨ ᠣᠯᠣᠯᠴᠠᠬᠤ ᠶᠢ ᠠᠬᠢᠭᠤᠯᠤᠨ᠎ᠠ ᠃ ᠪᠢᠳᠡ ᠥᠷᠭᠡᠨ ᠤᠯᠠᠨ ᠲᠠᠶᠢᠸᠠᠨ ᠤ ᠠᠬ᠎ᠠ ᠳᠡᠭᠦᠦ ᠨᠠᠷ ᠢ ᠡᠬᠡ ᠬᠠᠭᠤᠷᠠᠢ ᠳᠤ ᠢᠯᠡᠭᠦᠬᠡᠨ | ᠢᠷᠡᠵᠦ ᠠᠶᠢᠯᠴᠢᠯᠠᠬᠤ ᠶᠢ ᠬᠠᠯᠠᠭᠤᠨ ᠢᠶᠠᠷ ᠤᠷᠢᠵᠤ ᠪᠠᠶᠢᠬᠤ ᠪᠥᠭᠡᠳ ᠡᠬᠡ ᠬᠠᠭᠤᠷᠠᠢ ᠶᠢᠨ ᠠᠷᠠᠳ ᠤᠯᠠᠨ ᠡᠬᠡ ᠤᠯᠤᠰ ᠤᠨ ᠡᠷᠳᠡᠨᠢ ᠶᠢᠨ ᠠᠷᠠᠯ ᠳᠤ ᠢᠯᠡᠭᠦᠬᠡᠨ | ᠣᠴᠢᠵᠤ ᠦᠵᠡᠬᠦ ᠶᠢ ᠬᠦᠰᠡᠵᠦ ᠪᠠᠶᠢᠨ᠎ᠠ ᠃ | ᠳᠤᠮᠳᠠᠳᠤ ᠶᠢᠨ ᠰᠣᠶᠣᠯ ᠪᠣᠯ ᠳᠤᠮᠳᠠᠳᠤ ᠶᠢᠨ ᠦᠨᠳᠦᠰᠦᠲᠡᠨ ᠤ ᠵᠣᠷᠢᠭ ᠰᠠᠨᠠᠭᠠᠨ ᠤ ᠠᠮᠢᠨ ᠰᠤᠳᠠᠰᠤ ᠮᠥᠨ ᠂ ᠲᠠᠶᠢᠸᠠᠨ ᠬᠤᠭᠤᠯᠠᠢ ᠶᠢᠨ ᠬᠤᠶᠠᠷ ᠬᠥᠪᠡᠭᠡᠨ ᠤ | ᠠᠬ᠎ᠠ ᠳᠡᠭᠦᠦ ᠨᠠᠷ ᠤᠨ ᠬᠠᠮᠲᠤ ᠶᠢᠨ ᠵᠣᠷᠢᠭ ᠰᠠᠨᠠᠭᠠᠨ ᠤ ᠭᠡᠷ ᠣᠷᠣᠨ ᠮᠥᠨ ᠃ ᠲᠠᠶᠢᠸᠠᠨ ᠬᠤᠭᠤᠯᠠᠢ ᠶᠢᠨ ᠬᠤᠶᠠᠷ ᠬᠥᠪᠡᠭᠡᠨ ᠤ ᠠᠬ᠎ᠠ ᠳᠡᠭᠦᠦ ᠨᠠᠷ ᠳᠤᠮᠳᠠᠳᠤ ᠶᠢᠨ | ᠰᠣᠶᠣᠯ ᠤᠨ ᠢᠲᠡᠭᠡᠯ ᠢᠶᠠᠨ ᠪᠠᠲᠤᠳᠬᠠᠵᠤ ᠂ ᠤᠬᠠᠮᠰᠠᠷ ᠠᠴᠠ ᠪᠠᠨ ᠳᠤᠮᠳᠠᠳᠤ ᠶᠢᠨ ᠰᠣᠶᠣᠯ ᠤᠨ ᠰᠠᠬᠢᠨ ᠬᠠᠮᠠᠭᠠᠯᠠᠭᠴᠢ ᠂ ᠤᠯᠠᠮᠵᠢᠯᠠᠨ ᠵᠠᠯᠭᠠᠮᠵᠢᠯᠠᠭᠴᠢ ᠂ | ᠪᠠᠳᠠᠷᠠᠭᠤᠯᠤᠨ ᠮᠠᠨᠳᠤᠭᠤᠯᠤᠭᠴᠢ ᠪᠣᠯᠵᠤ ᠂ ᠳᠤᠮᠳᠠᠳᠤ ᠶᠢᠨ ᠦᠨᠳᠦᠰᠦᠲᠡᠨ ᠤ ᠬᠠᠷᠢᠶᠠᠯᠠᠭᠳᠠᠬᠤᠢ ᠲᠥᠷᠥᠭᠳᠡᠯ ᠂ ᠮᠡᠳᠡᠷᠡᠬᠦ ᠰᠡᠳᠬᠢᠯᠭᠡ ᠂ ᠢᠷᠠᠭᠤ ᠠᠯᠳᠠᠷᠲᠤ | ᠰᠡᠳᠬᠢᠯᠭᠡ ᠪᠠᠨ ᠨᠡᠮᠡᠭᠳᠡᠭᠦᠯᠵᠦ ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠬᠡᠷᠡᠭᠲᠡᠢ ᠃ | ᠳᠥᠷᠪᠡᠳᠦᠭᠡᠷ ᠲᠤ ᠂ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢ ᠡᠷᠡᠰ ᠪᠡᠶᠡᠯᠡᠭᠦᠯᠬᠦ ᠬᠡᠷᠡᠭᠲᠡᠢ ᠃ ᠵᠠᠭᠤᠨ ᠵᠢᠯ ᠤᠨ ᠲᠡᠮᠡᠴᠡᠯ ᠢᠶᠠᠷ | ᠳᠠᠮᠵᠢᠭᠠᠳ ᠂ ᠪᠢᠳᠡ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢᠨ ᠵᠠᠮ ᠢᠶᠠᠷ ᠠᠮᠵᠢᠯᠲᠠ ᠲᠠᠢ ᠵᠠᠮᠨᠠᠵᠤ ᠂ ᠦᠨᠳᠦᠰᠦᠲᠡᠨ ᠤ ᠰᠡᠷᠭᠦᠨ ᠮᠠᠨᠳᠤᠯᠲᠠ ᠶᠢᠨ | ᠭᠡᠭᠡᠨ ᠰᠠᠷᠠᠭᠤᠯ ᠢᠷᠡᠭᠡᠳᠦᠢ ᠶᠢ ᠤᠭᠲᠤᠨ ᠠᠪᠴᠢᠷᠠᠵᠤ ᠂ ᠰᠦᠨ ᠵᠦᠩ ᠱᠠᠨ ᠠᠪᠤᠭᠠᠢ ᠶᠢᠨ ᠲᠤᠬᠠᠢ ᠶᠢᠨ ᠵᠢᠯ ᠤᠨ ᠵᠢᠷᠤᠭᠯᠠᠭᠰᠠᠨ ᠵᠢᠷᠤᠭ ᠲᠥᠰᠥᠪ ᠢ | ᠪᠡᠶᠡᠯᠡᠭᠦᠯᠦᠭᠰᠡᠨ ᠢᠶᠠᠷ ᠪᠠᠷᠠᠬᠤ ᠦᠭᠡᠢ ᠂ ᠰᠦᠨ ᠵᠦᠩ ᠱᠠᠨ ᠠᠪᠤᠭᠠᠢ ᠶᠢᠨ ᠵᠢᠱᠢᠭᠰᠡᠨ ᠠᠯᠤᠰ ᠤᠨ ᠲᠥᠰᠥᠪ ᠠᠴᠠ ᠬᠤᠯᠠ ᠳᠠᠪᠠᠭᠰᠠᠨ ᠮᠠᠰᠢ ᠤᠯᠠᠨ ᠠᠮᠵᠢᠯᠲᠠ | ᠪᠦᠲᠦᠮᠵᠢ ᠶᠢ ᠡᠭᠦᠳᠦᠨ ᠪᠦᠲᠦᠭᠡᠭᠰᠡᠨ ᠶᠤᠮ ᠃ ᠦᠨᠳᠦᠰᠦᠲᠡᠨ ᠤ ᠰᠡᠷᠭᠦᠨ ᠮᠠᠨᠳᠤᠯᠲᠠ ᠶᠢᠨ ᠲᠡᠦᠬᠡᠨ ᠬᠦᠷᠳᠦ ᠦᠷᠭᠦᠯᠵᠢᠯᠡᠨ ᠤᠷᠤᠭᠰᠢᠯᠠᠬᠤ ᠳᠤ ᠲᠠᠶᠢᠸᠠᠨ | ᠬᠤᠭᠤᠯᠠᠢ ᠶᠢᠨ ᠬᠤᠶᠠᠷ ᠬᠥᠪᠡᠭᠡᠨ ᠤ ᠠᠬ᠎ᠠ ᠳᠡᠭᠦᠦ ᠨᠠᠷ ᠤᠨ ᠲᠡᠮᠡᠴᠡᠯ ᠪᠠ ᠬᠦᠴᠦ ᠬᠥᠯᠥᠰᠦ ᠰᠢᠩᠭᠡᠵᠦ ᠪᠠᠶᠢᠭ᠎ᠠ ᠪᠣᠯᠬᠤᠷ ᠲᠠᠶᠢᠸᠠᠨ ᠬᠤᠭᠤᠯᠠᠢ ᠶᠢᠨ ᠬᠤᠶᠠᠷ | ᠬᠥᠪᠡᠭᠡᠨ ᠤ ᠠᠬ᠎ᠠ ᠳᠡᠭᠦᠦ ᠨᠠᠷ ᠰᠡᠳᠬᠢᠯ ᠨᠢᠭᠡᠳᠦᠨ ᠬᠠᠮᠲᠤ ᠪᠠᠷ ᠡᠭᠦᠳᠴᠦ ᠂ ᠦᠷᠭᠦᠯᠵᠢᠯᠡᠨ ᠲᠡᠮᠡᠴᠡᠬᠦ ᠴᠢᠬᠤᠯᠠᠲᠠᠢ ᠪᠥᠭᠡᠳ ᠡᠴᠦᠰ ᠲᠡᠭᠡᠨ ᠲᠠᠶᠢᠸᠠᠨ | ᠬᠤᠭᠤᠯᠠᠢ ᠶᠢᠨ ᠬᠤᠶᠠᠷ ᠬᠥᠪᠡᠭᠡᠨ ᠤ ᠠᠬ᠎ᠠ ᠳᠡᠭᠦᠦ ᠨᠠᠷ ᠤᠨ ᠪᠤᠤᠬᠢᠶ᠎ᠠ ᠳᠠᠮᠵᠢᠭᠤᠯᠤᠨ ᠲᠡᠮᠡᠴᠡᠬᠦ ᠶᠠᠪᠤᠴᠠ ᠳᠤ ᠪᠡᠶᠡᠯᠡᠭᠳᠡᠬᠦ ᠪᠣᠯᠣᠨ᠎ᠠ ᠃ ᠲᠠᠶᠢᠸᠠᠨ ᠬᠤᠭᠤᠯᠠᠢ ᠶᠢᠨ | ᠬᠤᠶᠠᠷ ᠬᠥᠪᠡᠭᠡᠨ ᠤ ᠵᠠᠯᠠᠭᠤᠴᠤᠳ ᠯᠠᠪᠲᠠᠢ ᠶᠡᠭᠡ ᠦᠢᠯᠡᠰ ᠢ ᠪᠦᠲᠦᠭᠡᠵᠦ ᠪᠤᠯᠬᠤ ᠪᠥᠭᠡᠳ ᠶᠡᠭᠡ ᠦᠢᠯᠡᠰ ᠢ ᠪᠦᠲᠦᠭᠡᠵᠦ ᠯᠠᠪᠲᠠᠢ ᠴᠢᠳᠠᠬᠤ ᠶᠤᠮ ᠃ ᠪᠢᠳᠡ | ᠲᠠᠶᠢᠸᠠᠨ ᠤ ᠵᠠᠯᠠᠭᠤᠴᠤᠳ ᠤᠨ ᠡᠬᠡ ᠤᠯᠤᠰ ᠤᠨ ᠡᠬᠡ ᠬᠠᠭᠤᠷᠠᠢ ᠳᠤ ᠢᠷᠡᠵᠦ ᠬᠦᠰᠡᠯ ᠵᠡᠭᠦᠳᠦ ᠪᠠᠨ ᠬᠥᠭᠡᠭᠡᠴᠡᠯᠳᠦᠬᠦ ᠂ ᠬᠦᠰᠡᠯ ᠵᠡᠭᠦᠳᠦ ᠪᠠᠨ ᠴᠣᠭᠴᠠᠯᠠᠬᠤ ᠂ | ᠬᠦᠰᠡᠯ ᠵᠡᠭᠦᠳᠦ ᠪᠠᠨ ᠲᠡᠷᠭᠡᠯᠰᠢᠭᠦᠯᠬᠦ ᠶᠢ ᠪᠠᠶᠠᠷᠯᠠᠨ ᠤᠭᠲᠤᠵᠤ ᠂ ᠲᠠᠶᠢᠸᠠᠨ ᠬᠤᠭᠤᠯᠠᠢ ᠶᠢᠨ ᠬᠤᠶᠠᠷ ᠬᠥᠪᠡᠭᠡᠨ ᠤ ᠵᠠᠯᠠᠭᠤᠴᠤᠳ ᠤᠨ ᠦᠰᠦᠨ ᠪᠤᠶᠢᠵᠢᠬᠤ ᠂ | ᠴᠢᠳᠠᠪᠤᠷᠢᠲᠠᠨ ᠪᠤᠯᠬᠤ ᠂ ᠠᠮᠵᠢᠯᠲᠠ ᠣᠯᠬᠤ ᠳᠤ ᠨᠡᠩ ᠰᠠᠶᠢᠨ ᠨᠥᠬᠦᠴᠡᠯ ᠂ ᠨᠡᠩ ᠤᠯᠠᠨ ᠠᠵᠠ ᠲᠣᠭᠢᠶᠠᠯ ᠢ ᠦᠷᠭᠦᠯᠵᠢᠯᠡᠨ ᠪᠦᠷᠢᠯᠳᠦᠭᠦᠯᠵᠦ ᠥᠭᠭᠦᠨ᠎ᠡ ᠃ | ᠲᠠᠶᠢᠸᠠᠨ ᠬᠤᠭᠤᠯᠠᠢ ᠶᠢᠨ ᠬᠤᠶᠠᠷ ᠬᠥᠪᠡᠭᠡᠨ ᠤ ᠵᠠᠯᠠᠭᠤᠴᠤᠳ ᠬᠠᠷᠢᠯᠴᠠᠨ ᠰᠤᠷᠤᠯᠴᠠᠵᠤ ᠬᠠᠷᠢᠯᠴᠠᠨ ᠲᠣᠯᠢᠯᠠᠨ ᠂ ᠬᠠᠷᠢᠯᠴᠠᠨ ᠲᠦᠰᠢᠭᠯᠡᠯᠴᠡᠵᠦ ᠂ ᠰᠡᠳᠬᠢᠯ | ᠨᠢᠭᠡᠳᠦᠨ ᠬᠠᠮᠲᠤ ᠪᠠᠷ ᠤᠷᠤᠭᠰᠢᠯᠠᠵᠤ ᠂ ᠲᠡᠦᠬᠡ ᠶᠢᠨ ᠪᠤᠤᠬᠢᠶ᠎ᠠ ᠶᠢ ᠰᠠᠶᠢᠲᠤᠷ ᠭᠦᠶᠦᠵᠦ ᠂ ᠦᠨᠳᠦᠰᠦᠲᠡᠨ ᠤ ᠰᠡᠷᠭᠦᠨ ᠮᠠᠨᠳᠤᠯᠲᠠ ᠶᠢ ᠪᠡᠶᠡᠯᠡᠭᠦᠯᠬᠦ ᠳᠤ ᠵᠠᠯᠠᠭᠤ | ᠨᠠᠰᠤᠨ ᠤ ᠬᠦᠴᠦᠨ ᠴᠢᠳᠠᠯ ᠢᠶᠠᠨ ᠡᠷᠭᠦᠬᠦ ᠶᠢ ᠬᠦᠰᠡᠵᠦ ᠪᠠᠶᠢᠨ᠎ᠠ ᠭᠡᠵᠦ ᠴᠢᠬᠤᠯᠠᠴᠢᠯᠠᠪᠠ ᠃ | ᠰᠢ ᠶᠢᠨ ᠫᠢᠩ ᠂ 4 ᠰᠠᠷ᠎ᠠ ᠶᠢᠨ 3 ᠤ ᠡᠳᠦᠷ ᠂ ᠬᠤᠸᠠ ᠯᠢᠶᠠᠨ ᠰᠢᠶᠠᠨ ᠤ ᠲᠡᠯᠡᠶ ᠶᠢᠨ ᠣᠷᠣᠨ ᠳᠤ 7.3 ᠲᠠᠰ ᠤᠨ ᠭᠠᠵᠠᠷ ᠬᠥᠳᠡᠯᠦᠯᠲᠡ ᠡᠭᠦᠰᠴᠦ ᠂ | ᠬᠥᠮᠥᠨ ᠬᠠᠷ᠎ᠠ ᠠᠳᠡᠵᠦ ᠰᠢᠷᠬᠠᠲᠤᠨ ᠂ ᠡᠳ᠋ ᠬᠥᠷᠥᠩᠭᠡ ᠬᠤᠬᠢᠷᠠᠯ ᠳᠤ ᠤᠴᠠᠷᠠᠭᠰᠠᠨ ᠳᠤ ᠂ ᠪᠢ ᠠᠳᠡᠭᠰᠡᠨ ᠠᠬᠠᠨ ᠳᠡᠭᠦᠦᠰ ᠢ ᠡᠮᠭᠡᠨᠢᠨ ᠭᠠᠰᠢᠭᠤᠳᠠᠵᠤ ᠪᠠᠶᠢᠬᠤ | ᠪᠥᠭᠡᠳ ᠭᠠᠮᠰᠢᠭᠳᠠᠭᠰᠠᠨ ᠣᠷᠣᠨ ᠤ ᠣᠯᠠᠨ ᠲᠦᠮᠡᠨ ᠢ ᠲᠣᠬᠤᠨᠢᠭᠤᠯᠵᠤ ᠪᠠᠶᠢᠬᠤ ᠪᠠᠨ ᠢᠯᠡᠳᠬᠡᠵᠦ ᠪᠠᠶᠢᠨ᠎ᠠ ᠭᠡᠵᠦ ᠬᠡᠯᠡᠪᠡ ᠃ | ᠮᠠ ᠶᠢᠩ ᠵᠢᠦ ᠂ ︽ ᠶᠡᠷᠡᠨ ᠬᠤᠶᠠᠷ ᠣᠨ ᠤ ᠬᠠᠮᠲᠤ ᠶᠢᠨ ᠲᠠᠨᠢᠯᠲᠠ ︾ ᠶᠢ ᠪᠠᠷᠢᠮᠲᠠᠯᠠᠨ ᠂ ︽ ᠲᠠᠶᠢᠸᠠᠨ ᠢ ᠲᠤᠰᠠᠭᠠᠷ ᠲᠣᠭᠲᠠᠨᠢᠭᠤᠯᠬᠤ ︾ ᠶᠢ ᠡᠰᠡᠷᠭᠦᠴᠡᠬᠦ ᠪᠣᠯ | ᠲᠠᠶᠢᠸᠠᠨ ᠬᠤᠭᠤᠯᠠᠢ ᠶᠢᠨ ᠬᠤᠶᠠᠷ ᠬᠥᠪᠡᠭᠡᠨ ᠤ ᠬᠠᠷᠢᠴᠠᠭ᠎ᠠ ᠶᠢ ᠨᠠᠶᠢᠷᠠᠮᠳᠠᠯ ᠢᠶᠠᠷ ᠬᠥᠭᠵᠢᠭᠦᠯᠬᠦ ᠶᠢᠨ ᠬᠠᠮᠲᠤ ᠶᠢᠨ ᠤᠯᠤᠰ ᠲᠥᠷᠥ ᠶᠢᠨ ᠰᠠᠭᠤᠷᠢ ᠮᠥᠨ ᠃ ᠲᠠᠶᠢᠸᠠᠨ | ᠬᠤᠭᠤᠯᠠᠢ ᠶᠢᠨ ᠬᠤᠶᠠᠷ ᠬᠥᠪᠡᠭᠡᠨ ᠤ ᠠᠷᠠᠳ ᠲᠦᠮᠡᠨ ᠪᠣᠯ ᠴᠥᠮ ᠳᠤᠮᠳᠠᠳᠤ ᠶᠢᠨ ᠦᠨᠳᠦᠰᠦᠲᠡᠨ ᠮᠥᠨ ᠂ ᠴᠥᠮ ᠶᠠᠨᠳᠢ ᠬᠤᠸᠠᠩᠳᠢ ᠶᠢᠨ ᠦᠷ᠎ᠡ ᠬᠤᠶᠢᠴᠢᠰ | ᠮᠥᠨ ᠂ ᠰᠣᠯᠢᠯᠴᠠᠭ᠎ᠠ ᠬᠠᠮᠲᠤᠷᠠᠯᠴᠠᠭ᠎ᠠ ᠪᠠᠨ ᠭᠦᠨᠵᠡᠭᠡᠶᠢᠷᠡᠭᠦᠯᠵᠦ ᠂ ᠳᠤᠮᠳᠠᠳᠤ ᠶᠢᠨ ᠰᠣᠶᠣᠯ ᠢ ᠬᠠᠮᠲᠤ ᠪᠠᠷ ᠤᠯᠠᠮᠵᠢᠯᠠᠨ ᠵᠠᠯᠭᠠᠮᠵᠢᠯᠠᠵᠤ ᠂ ᠲᠠᠶᠢᠸᠠᠨ ᠬᠤᠭᠤᠯᠠᠢ ᠶᠢᠨ | ᠬᠤᠶᠠᠷ ᠬᠥᠪᠡᠭᠡᠨ ᠤ ᠠᠬ᠎ᠠ ᠳᠡᠭᠦᠦ ᠨᠠᠷ ᠤᠨ ᠪᠤᠶᠠᠨ ᠵᠢᠷᠭᠠᠯ ᠢ ᠨᠡᠮᠡᠭᠳᠡᠭᠦᠯᠦᠨ ᠂ ᠭᠠᠷ ᠬᠤᠯᠪᠣᠯᠴᠠᠨ ᠤᠷᠤᠭᠰᠢᠯᠠᠵᠤ ᠂ ᠳᠤᠮᠳᠠᠳᠤ ᠤᠯᠤᠰ ᠢᠶᠠᠨ ᠬᠥᠭᠵᠢᠭᠦᠯᠦᠨ | ᠮᠠᠨᠳᠤᠭᠤᠯᠬᠤ ᠪᠠᠷ ᠬᠦᠴᠦᠯᠡᠨ ᠴᠢᠷᠮᠠᠶᠢᠨ᠎ᠠ ᠭᠡᠵᠦ ᠬᠡᠯᠡᠪᠡ ᠃ | ᠬᠤᠷᠠᠯ ᠳᠤ ᠣᠷᠣᠯᠴᠠᠬᠰᠠᠨ ᠲᠠᠶᠢᠸᠠᠨ ᠤ ᠵᠠᠯᠠᠭᠤᠴᠤᠳ ᠤᠨ ᠲᠥᠯᠥᠭᠡᠯᠡᠭᠴᠢ ᠦᠭᠡ ᠬᠡᠯᠡᠪᠡ ᠃ | ᠸᠠᠩ ᠬᠤ᠋ ᠨᠢᠩ ᠂ ᠼᠠᠢ ᠴᠢ ᠨᠠᠷ ᠠᠭᠤᠯᠵᠠᠯᠲᠠ ᠳᠤ ᠣᠷᠣᠯᠴᠠᠵᠠᠢ ᠃ | ᠢᠷᠡᠯᠲᠡ ᠄ ᠥᠪᠥᠷ ᠮᠣᠩᠭᠤᠯ ᠤᠨ ᠡᠳᠦᠷ ᠤᠨ ᠰᠣᠨᠢᠨ | |