| ᠬᠠᠪᠤᠷ ᠤᠨ ᠤᠯᠠᠷᠢᠯ ᠬᠦᠷᠴᠦ ᠢᠷᠡᠬᠦ ᠶᠢ ᠳᠠᠭᠠᠯᠳᠤᠨ ᠤᠮᠠᠷᠠᠲᠤ ᠣᠷᠣᠨ ᠳᠤ ᠡᠯᠡᠰᠦᠨ ᠰᠢᠭᠤᠷᠭ᠎ᠠ ᠶᠢᠨ ᠴᠠᠭ ᠠᠭᠤᠷ ᠤᠯᠠᠨᠲᠠ ᠡᠭᠦᠰᠴᠦ ᠂ ᠬᠦᠮᠦᠰ ᠤᠨ | ᠡᠷᠡᠭᠦᠯ ᠮᠡᠨᠲᠦ ᠳᠤ ᠶᠡᠭᠡ ᠨᠦᠯᠦᠭᠡ ᠲᠤᠰᠬᠠᠯ ᠭᠠᠷᠪᠠ ᠃ ᠶᠠᠭᠤ ᠶᠢ ᠡᠯᠡᠰᠦᠨ ᠰᠢᠭᠤᠷᠭ᠎ᠠ ᠶᠢᠨ ᠴᠠᠭ ᠠᠭᠤᠷ ᠭᠡᠬᠦ ᠪᠤᠢ ︖ ᠮᠠᠨ ᠤ ᠤᠯᠤᠰ ᠤᠨ ︽ ᠡᠯᠡᠰᠦᠨ | ᠰᠢᠭᠤᠷᠭ᠎ᠠ ᠶᠢᠨ ᠴᠠᠭ ᠠᠭᠤᠷ ᠤᠨ ᠲᠠᠰ ︾ ᠤᠨ ᠲᠣᠭᠲᠠᠭᠠᠯ ᠢ ᠦᠨᠳᠦᠰᠦᠯᠡᠪᠡᠯ ᠂ ᠡᠯᠡᠰᠦᠨ ᠰᠢᠭᠤᠷᠭ᠎ᠠ ᠶᠢᠨ ᠴᠠᠭ ᠠᠭᠤᠷ ᠭᠡᠳᠡᠭ ᠨᠢ ᠡᠯᠡᠰᠦᠨ ᠮᠥᠬᠦᠯᠢᠭ ᠂ | ᠲᠣᠭᠤᠰᠣ ᠰᠢᠷᠣᠶ ᠠᠭᠠᠷ ᠲᠤ ᠬᠥᠪᠴᠦ ᠂ ᠠᠭᠠᠷ ᠪᠤᠯᠠᠩᠭᠢᠷᠲᠤᠵᠤ ᠂ ᠦᠵᠡᠭᠳᠡᠴᠡ ᠶᠢᠨ ᠬᠡᠮᠵᠢᠶ᠎ᠡ ᠪᠠᠭᠤᠷᠠᠭᠰᠠᠨ ᠴᠠᠭ ᠠᠭᠤᠷ ᠤᠨ ᠦᠵᠡᠭᠳᠡᠯ ᠢ ᠵᠢᠭᠠᠨ᠎ᠠ ᠃ ᠡᠯᠡᠰᠦᠨ | ᠰᠢᠭᠤᠷᠭ᠎ᠠ ᠶᠢᠨ ᠴᠠᠭ ᠠᠭᠤᠷ ᠤᠨ ᠲᠠᠰ ᠢ ᠭᠤᠤᠯᠳᠠᠭᠤ ᠡᠯᠡᠰᠦᠨ ᠰᠢᠭᠤᠷᠭ᠎ᠠ ᠳᠡᠭᠳᠡᠬᠦ ᠦᠶ᠎ᠡ ᠶᠢᠨ ᠦᠵᠡᠭᠳᠡᠴᠡ ᠶᠢᠨ ᠬᠢᠷᠢ ᠲᠦᠪᠰᠢᠨ ᠢᠶᠠᠷ ᠦᠨᠳᠦᠰᠦᠯᠡᠯ | ᠪᠣᠯᠭᠠᠬᠤ ᠶᠢᠨ ᠬᠠᠮᠲᠤ ᠰᠠᠯᠬᠢᠨ ᠤ ᠬᠦᠴᠤᠨ ᠤ ᠶᠡᠭᠡ ᠪᠠᠭ᠎ᠠ ᠪᠠᠷ ᠯᠠᠪᠯᠠᠯᠲᠠ ᠪᠣᠯᠭᠠᠨ ᠬᠤᠪᠢᠶᠠᠷᠢᠯᠠᠵᠦ ᠂ ᠭᠤᠤᠯᠳᠠᠭᠤ ᠲᠣᠭᠤᠰᠣ ᠳᠡᠭᠳᠡᠬᠦ ᠂ ᠡᠯᠡᠰᠦ ᠳᠡᠭᠳᠡᠬᠦ ᠂ | ᠡᠯᠡᠰᠦᠨ ᠰᠢᠭᠤᠷᠭ᠎ᠠ ᠂ ᠴᠢᠩᠭ᠎ᠠ ᠡᠯᠡᠰᠦᠨ ᠰᠢᠭᠤᠷᠭ᠎ᠠ ᠂ ᠣᠨᠴᠠ ᠴᠢᠩᠭ᠎ᠠ ᠡᠯᠡᠰᠦᠨ ᠰᠢᠭᠤᠷᠭ᠎ᠠ ᠭᠡᠵᠦ ᠲᠠᠪᠤᠨ ᠳᠡᠰ ᠬᠤᠪᠢᠶᠠᠨ᠎ᠠ ᠃ ᠡᠯᠡᠰᠦᠨ ᠰᠢᠭᠤᠷᠭ᠎ᠠ ᠨᠢ | ᠡᠷᠡᠭᠦᠯ ᠮᠡᠨᠳᠦ ᠳᠤ ᠶᠠᠮᠠᠷ ᠬᠤᠤᠷ ᠬᠥᠨᠥᠭᠡᠯ ᠲᠠᠢ ᠪᠣᠶ ︖ ᠡᠯᠡᠰᠦᠨ ᠰᠢᠭᠤᠷᠭ᠎ᠠ ᠳᠡᠭᠳᠡᠬᠦ ᠦᠶᠡᠰ ᠂ ᠡᠯᠡᠰᠦ ᠲᠣᠭᠤᠰᠣ ᠳᠤᠮᠳᠠᠬᠢ ᠪᠣᠬᠢᠷᠲᠤᠯ ᠪᠣᠳᠠᠰ ᠨᠢ | ᠬᠥᠮᠥᠨ ᠤ ᠨᠢᠳᠦ ᠂ ᠬᠠᠮᠠᠷ ᠂ ᠬᠤᠭᠤᠯᠠᠢ ᠵᠡᠷᠭᠡ ᠰᠠᠯᠢᠰᠤᠲᠤ ᠪᠦᠷᠬᠦᠪᠴᠢ ᠶᠢᠨ ᠨᠡᠬᠡᠳᠡᠰᠦ ᠵᠢᠴᠢ ᠠᠷᠠᠰᠤ ᠪᠠᠷ ᠳᠡᠮᠵᠢᠨ ᠂ ᠬᠥᠮᠦᠨ ᠤ ᠪᠡᠶ᠎ᠡ ᠳᠤ ᠰᠢᠭᠤᠳ ᠠᠳᠠᠯᠢ | ᠪᠤᠰᠤ ᠬᠡᠮᠵᠢᠶᠡᠨ ᠤ ᠰᠡᠳᠡᠯᠲᠡ ᠥᠭᠬᠦ ᠪᠤᠶᠤ ᠬᠠᠷᠰᠢᠮᠠᠲᠠᠭᠠᠶ ᠤᠷᠪᠠᠯ ᠡᠭᠦᠰᠭᠡᠵᠦ ᠂ ᠪᠠᠰᠠ ᠵᠢᠷᠦᠬᠡ ᠴᠢᠰᠤᠨ ᠰᠤᠳᠠᠯ ᠂ ᠠᠮᠢᠰᠬᠤᠯ ᠤᠨ ᠰᠢᠰᠲ᠋ᠧᠮ ᠂ ᠲᠥᠪ | ᠮᠡᠳᠡᠷᠡᠯ ᠤᠨ ᠰᠢᠰᠲ᠋ᠧᠮ ᠪᠣᠯᠤᠨ ᠡᠭᠡᠯᠢᠯᠡᠭᠡ ᠶᠢᠨ ᠰᠢᠰᠲ᠋ᠧᠮ ᠤᠨ ᠡᠪᠡᠳᠴᠢᠨ ᠡᠮᠭᠡᠭ ᠢ ᠡᠭᠦᠰᠭᠡᠵᠦ ᠂ ᠬᠥᠮᠦᠨ ᠤ ᠪᠡᠶ᠎ᠡ ᠶᠢᠨ ᠡᠷᠡᠭᠦᠯ ᠮᠡᠨᠳᠦ ᠶᠢ ᠨᠥᠯᠥᠭᠡᠯᠡᠳᠡᠭ ᠃ | ᠡᠭᠦᠨ ᠠᠴᠠ ᠭᠠᠳᠠᠨ᠎ᠠ ᠂ ᠡᠯᠡᠰᠦᠨ ᠰᠢᠭᠤᠷᠭ᠎ᠠ ᠳᠡᠭᠳᠡᠬᠦ ᠦᠶᠡᠰ ᠂ ᠠᠭᠠᠷ ᠭᠠᠩ ᠬᠠᠭᠤᠷᠠᠶ ᠠᠴᠠ ᠪᠣᠯᠵᠤ ᠠᠮᠠᠷᠬᠠᠨ ᠤᠷᠤᠭᠤᠯ ᠬᠠᠭᠠᠷᠠᠬᠤ ᠂ ᠬᠠᠮᠠᠷ ᠪᠠ ᠬᠤᠭᠤᠯᠠᠶ | ᠵᠠᠭᠠᠲᠤᠨᠠᠬᠤ ᠵᠡᠷᠭᠡ ᠪᠠᠶᠢᠳᠠᠯ ᠭᠠᠷᠳᠠᠭ ᠃ ᠶᠠᠮᠠᠷ ᠬᠥᠮᠦᠰ ᠡᠯᠡᠰᠦᠨ ᠰᠢᠭᠤᠷᠭ᠎ᠠ ᠳᠤ ᠰᠡᠷᠭᠡᠭ ᠪᠠᠶᠢᠳᠠᠭ ᠪᠣᠶ ︖ ᠨᠠᠰᠤᠲᠠᠶᠢᠴᠤᠳ ᠂ ᠬᠡᠦᠬᠡᠳ ᠂ ᠵᠢᠷᠮᠦᠰᠦᠨ | ᠪᠦᠰᠡᠭᠦᠢ ᠂ ᠠᠮᠢᠰᠬᠤᠯ ᠤᠨ ᠰᠢᠰᠲ᠋ᠧᠮ ᠤᠨ ᠡᠪᠡᠳᠴᠢᠨ ᠵᠢᠴᠢ ᠵᠢᠷᠦᠬᠡ ᠴᠢᠰᠤᠨ ᠰᠤᠳᠠᠯ ᠤᠨ ᠡᠪᠡᠳᠴᠢᠨ ᠲᠠᠢ ᠬᠥᠮᠦᠰ ᠡᠯᠡᠰᠦᠨ ᠰᠢᠭᠤᠷᠭ᠎ᠠ ᠳᠤ ᠨᠡᠩ ᠰᠡᠷᠭᠡᠭ | ᠪᠠᠶᠢᠳᠠᠭ ᠃ ᠡᠯᠡᠰᠦᠨ ᠰᠢᠭᠤᠷᠭ᠎ᠠ ᠳᠡᠭᠳᠡᠬᠦ ᠦᠶᠡᠰ ᠂ ᠡᠳᠡᠭᠡᠷ ᠬᠥᠮᠦᠰ ᠠᠯᠢ ᠴᠢᠳᠠᠬᠤ ᠪᠠᠷ ᠭᠠᠳᠠᠭᠰᠢ ᠭᠠᠷᠬᠤ ᠠᠴᠠ ᠵᠠᠶᠢᠯᠠᠰᠭᠢᠵᠦ ᠂ ᠬᠡᠷᠪᠡ ᠤᠳᠠᠭᠠᠨ ᠴᠢᠨᠠᠷᠲᠠᠶ | ᠬᠠᠨᠢᠶᠠᠬᠤ ᠪᠤᠶᠤ ᠴᠡᠷ ᠲᠠᠢ ᠬᠠᠨᠢᠶᠠᠬᠤ ᠂ ᠠᠮᠢᠰᠬᠤᠯ ᠴᠢᠬᠤᠯᠳᠠᠬᠤ ᠂ ᠴᠡᠭᠡᠵᠢ ᠡᠪᠡᠳᠬᠦ ᠪᠠᠶᠢᠳᠠᠯ ᠢᠯᠡᠷᠡᠪᠡᠯ ᠠᠯᠢ ᠲᠦᠷᠭᠡᠨ ᠢᠶᠠᠷ ᠡᠮᠨᠡᠭᠦᠯᠬᠦ ᠬᠡᠷᠡᠭᠲᠡᠶ ᠃ ᠡᠭᠦᠨ ᠠᠴᠠ | ᠭᠠᠳᠠᠨ᠎ᠠ ᠂ ᠠᠵᠢᠯ ᠤᠨ ᠬᠡᠷᠡᠭᠴᠡᠭᠡ ᠠᠴᠠ ᠪᠣᠯᠵᠤ ᠡᠷᠬᠡᠪᠰᠢ ᠭᠡᠷ ᠤᠨ ᠭᠠᠳᠠᠨ᠎ᠠ ᠠᠵᠢᠯᠯᠠᠳᠠᠭ ᠬᠥᠮᠦᠰ ᠂ ᠵᠢᠱᠢᠶᠡᠯᠡᠪᠡᠯ ᠵᠠᠮ ᠬᠠᠷᠢᠯᠴᠠᠭᠠᠨ ᠤ ᠴᠠᠭᠳᠠᠭ᠎ᠠ ᠂ ᠣᠷᠴᠢᠨ | ᠲᠣᠭᠤᠷᠢᠨ ᠤ ᠠᠷᠢᠭᠤᠨ ᠴᠡᠪᠡᠷ ᠤᠨ ᠠᠵᠢᠯᠴᠢᠨ ᠂ ᠪᠠᠷᠢᠯᠭ᠎ᠠ ᠶᠢᠨ ᠠᠵᠢᠯᠴᠢᠨ ᠵᠡᠷᠭᠡ ᠬᠥᠮᠥᠰ ᠬᠤᠪᠢ ᠬᠥᠮᠦᠨ ᠤ ᠰᠡᠷᠭᠡᠶᠢᠯᠡᠨ ᠬᠠᠮᠠᠭᠠᠯᠠᠯᠲᠠ ᠪᠠᠨ ᠰᠠᠶᠢᠲᠤᠷ ᠬᠢᠬᠦ | ᠬᠡᠷᠡᠭᠲᠡᠶ ᠃ ︵ ︽ ᠦᠪᠤᠷ ᠮᠤᠩᠭᠤᠯ ᠤᠨ ᠡᠳᠦᠷ ᠤᠨ ᠰᠤᠨᠢᠨ ︾ ᠠᠴᠠ ᠰᠢᠯᠵᠢᠭᠦᠯᠪᠡ ︶ | | |