| ᠴᠠᠭᠠᠨ ᠨᠣᠭᠤᠭ᠎ᠠ ᠶᠢᠨ ᠪᠠᠺᠲ᠋ᠧᠷᠢ ᠶᠢᠨ ᠴᠥᠮ᠎ᠡ ᠶᠢᠨ ᠡᠪᠡᠳᠴᠢᠨ ᠪᠣᠯ ᠴᠥᠮ᠎ᠡ ᠶᠢᠨ ᠲᠠᠪᠠᠭᠲᠤ ᠪᠠᠺᠲ᠋ᠧᠷᠢ ᠠᠴᠠ ᠡᠭᠦᠰᠦᠭᠰᠡᠨ ᠂ ᠴᠠᠭᠠᠨ ᠨᠣᠭᠤᠭ᠎ᠠ ᠶᠢᠨ | ᠡᠪᠡᠳᠴᠢᠨ ᠤ ᠬᠥᠨᠥᠭᠡᠯ ᠪᠣᠯᠣᠨ᠎ᠠ ᠃ ᠡᠪᠡᠳᠴᠢᠨ ᠤ ᠪᠠᠺᠲ᠋ᠧᠷᠢ ᠨᠢ ᠭᠤᠣᠯᠳᠠᠭᠤ ᠪᠠᠺᠲ᠋ᠧᠷᠢ ᠶᠢᠨ ᠴᠥᠮ᠎ᠡ ᠪᠠᠷ ᠬᠥᠷᠥᠰᠥᠨ ᠳᠤ ᠬᠤᠯᠢᠯᠳᠤᠬᠤ ᠪᠤᠶᠤ ᠦᠷ᠎ᠡ ᠲᠡᠭᠦᠬᠦ | ᠰᠠᠭᠤᠷᠢ ᠳᠡᠭᠡᠷ᠎ᠡ ᠨᠠᠭᠠᠯᠳᠤᠨ ᠦᠷ᠎ᠡ ᠶᠢᠨ ᠬᠤᠭᠤᠷᠣᠨᠳᠤ ᠢᠴᠡᠭᠡᠯᠡᠨ ᠡᠪᠦᠯ ᠵᠤᠨ ᠤ ᠤᠯᠠᠷᠢᠯ ᠢ ᠥᠩᠭᠡᠷᠡᠭᠡᠳᠡᠭ ᠂ ᠬᠠᠪᠤᠷ ᠂ ᠨᠠᠮᠤᠷ ᠤᠨ ᠤᠯᠠᠷᠢᠯ ᠳᠤ ᠪᠣᠷᠣᠭᠠᠨ | ᠠᠷᠪᠢᠨ ᠂ ᠴᠢᠭᠢᠭᠯᠢᠭ ᠂ ᠡᠪᠡᠳᠴᠢᠨ ᠤ ᠪᠠᠺᠲ᠋ᠧᠷᠢ ᠠᠭᠠᠷ ᠤᠨ ᠤᠷᠤᠰᠬᠠᠯ ᠢᠶᠠᠷ ᠲᠠᠷᠬᠠᠵᠤ ᠂ ᠥᠲᠡᠯᠦᠭᠰᠡᠨ ᠨᠠᠪᠴᠢᠨ ᠤ ᠢᠯᠲᠠᠰᠤᠨ ᠳᠤ ᠬᠠᠯᠳᠠᠪᠤᠷᠢᠯᠠᠨ | ᠡᠪᠡᠳᠴᠢᠯᠡᠭᠦᠯᠳᠡᠭ ᠂ ᠰᠡᠭᠦᠯᠴᠢ ᠶᠢᠨ ᠦᠶ᠎ᠡ ᠳᠤ ᠡᠪᠡᠳᠴᠢᠯᠡᠭᠰᠡᠨ ᠭᠡᠰᠡᠭ ᠠᠴᠠ ᠪᠠᠺᠲ᠋ᠧᠷᠢ ᠶᠢᠨ ᠰᠢᠷᠬᠡᠭ ᠪᠠ ᠪᠠᠺᠲ᠋ᠧᠷᠢ ᠶᠢᠨ ᠴᠦᠮ᠎ᠡ ᠤᠷᠭᠤᠵᠤ ᠂ ᠲᠠᠷᠢᠶᠠᠨ ᠳᠤ | ᠭᠤᠣᠯᠳᠠᠭᠤ ᠪᠠᠺᠲ᠋ᠧᠷᠢ ᠶᠢᠨ ᠰᠢᠷᠬᠡᠭ ᠨᠢ ᠡᠪᠡᠳᠴᠢᠨ ᠤ ᠡᠷᠡᠭᠦᠯ ᠰᠠᠭᠤᠷᠢ ᠪᠤᠶᠤ ᠡᠪᠡᠳᠴᠢᠨ ᠤ ᠡᠷᠡᠭᠦᠯ ᠨᠡᠬᠡᠳᠡᠰᠦ ᠲᠠᠢ ᠬᠦᠷᠦᠯᠴᠡᠬᠦ ᠪᠠᠷ ᠳᠠᠮᠵᠢᠨ ᠳᠠᠬᠢᠨ | ᠬᠠᠯᠳᠠᠪᠤᠷᠢᠯᠠᠨ ᠤᠷᠭᠤᠵᠤ ᠂ ᠥᠰᠦᠯᠲᠡ ᠶᠢᠨ ᠰᠡᠭᠦᠯᠴᠢ ᠶᠢᠨ ᠬᠤᠭᠤᠴᠠᠭᠠᠨ ᠳᠤ ᠪᠠᠺᠲ᠋ᠧᠷᠢ ᠶᠢᠨ ᠴᠦᠮ᠎ᠡ ᠪᠣᠯᠵᠤ ᠡᠪᠦᠯᠵᠢᠳᠡᠭ ᠃ ᠪᠠᠺᠲ᠋ᠧᠷᠢ ᠶᠢᠨ ᠴᠥᠮ᠎ᠡ ᠶᠢᠨ | ᠡᠪᠡᠳᠴᠢᠨ ᠳᠤᠮᠳᠠᠳᠤ ᠤᠯᠤᠰ ᠤᠨ ᠡᠯ᠎ᠡ ᠭᠠᠵᠠᠷ ᠲᠤ ᠪᠦᠷ ᠡᠭᠦᠰᠴᠦ ᠂ ᠡᠪᠡᠳᠴᠢᠯᠡᠬᠦ ᠨᠣᠷᠮ᠎ᠠ ᠨᠢ 10-30% ᠳᠤ ᠬᠦᠷᠴᠦ ᠂ ᠥᠨᠳᠥᠷ ᠨᠢ 80% ᠠᠴᠠ | ᠳᠡᠭᠡᠭᠰᠢ ᠪᠠᠶᠢᠳᠠᠭ ᠃ ᠴᠠᠭᠠᠨ ᠨᠣᠭᠤᠭ᠎ᠠ ᠶᠢᠨ ᠪᠠᠺᠲ᠋ᠧᠷᠢ ᠶᠢᠨ ᠴᠥᠮ᠎ᠡ ᠶᠢᠨ ᠡᠪᠡᠳᠴᠢᠨ ᠤ ᠬᠥᠨᠥᠭᠡᠯ ᠳᠤ ᠤᠴᠠᠷᠠᠭᠰᠠᠨ ᠴᠠᠭᠠᠨ ᠨᠣᠭᠤᠭ᠎ᠠ ᠶᠢᠨ ᠭᠠᠷᠤᠯᠲᠠ ᠨᠢ | ᠶᠡᠷᠦ ᠳᠡᠭᠡᠨ 10% ᠠᠴᠠ ᠳᠡᠭᠡᠭᠰᠢ ᠬᠠᠰᠤᠭᠳᠠᠵᠤ ᠂ ᠬᠦᠨᠳᠦ ᠨᠣᠴᠢᠲᠠᠢ ᠨᠢ 30% ᠠᠴᠠ 50% ᠳᠤ ᠬᠦᠷᠴᠦ ᠂ ᠴᠢᠨᠠᠭᠰᠢᠯᠠᠪᠠᠯ ᠭᠠᠷᠤᠯᠲᠠ ᠨᠢ ᠲᠠᠰᠤᠷᠠᠭᠠᠳ ᠂ | ᠴᠠᠭᠠᠨ ᠨᠣᠭᠤᠭ᠎ᠠ ᠶᠢᠨ ᠭᠠᠷᠤᠯᠲᠠ ᠪᠠ ᠶᠠᠰᠤ ᠴᠢᠨᠠᠷ ᠢ ᠬᠦᠨᠳᠦ ᠨᠣᠴᠢᠲᠠᠢ ᠨᠦᠯᠦᠭᠡᠯᠡᠳᠡᠭ ᠪᠠᠶᠢᠨ᠎ᠠ ᠃ ᠨᠢᠭᠡ ᠂ ᠴᠠᠭᠠᠨ ᠨᠣᠭᠤᠭ᠎ᠠ ᠶᠢᠨ ᠪᠠᠺᠲ᠋ᠧᠷᠢ ᠶᠢᠨ ᠴᠥᠮ᠎ᠡ ᠶᠢᠨ | ᠡᠪᠡᠳᠴᠢᠨ ᠤ ᠪᠠᠶᠢᠳᠠᠯ ᠬᠠᠯᠳᠠᠪᠤᠷᠢᠯᠠᠭᠰᠠᠨ ᠨᠢᠯᠬ᠎ᠠ ᠴᠢᠬᠢ ᠶᠢᠨ ᠣᠯᠠᠩᠬᠢ ᠨᠢ ᠭᠠᠵᠠᠷ ᠤᠨ ᠬᠦᠷᠦᠰᠦᠨ ᠠᠴᠠ ᠣᠶᠢᠷᠠᠯᠴᠠᠭ᠎ᠠ ᠪᠠᠶᠢᠭ᠎ᠠ ᠡᠰᠢᠨ ᠤ ᠤᠭ ᠤᠨ | ᠬᠡᠰᠡᠭ ᠲᠤ ᠥᠩᠭᠡ ᠨᠢ ᠬᠤᠪᠢᠷᠠᠵᠤ ᠂ ᠤᠰᠤᠨ ᠳᠤ ᠳᠡᠪᠲᠦᠭᠰᠡᠨ ᠬᠡᠯᠪᠡᠷᠢ ᠪᠠᠷ ᠢᠯᠵᠢᠷᠡᠨ ᠂ ᠴᠣᠴᠢᠮᠠᠭ ᠣᠶᠢᠴᠢᠳᠠᠭ ᠃ ᠣᠯᠠᠩᠬᠢ ᠨᠢ ᠡᠰᠢᠨ ᠤ ᠤᠭ ᠂ ᠨᠠᠪᠴᠢᠨ ᠤ | ᠪᠠᠷᠢᠭᠤᠯ ᠪᠤᠶᠤ ᠨᠠᠪᠴᠢᠨ ᠤ ᠢᠯᠲᠠᠰᠤ ᠳᠤ ᠬᠤᠣᠷᠳᠠᠭᠳᠠᠵᠤ ᠂ ᠤᠰᠤᠨ ᠳᠤ ᠳᠡᠪᠲᠦᠭᠰᠡᠨ ᠬᠡᠯᠪᠡᠷᠢ ᠶᠢᠨ ᠭᠦᠢᠬᠡᠨ ᠬᠦᠷᠡᠩ ᠥᠩᠭᠡᠲᠡᠢ ᠡᠪᠡᠳᠴᠢᠨ ᠤ ᠲᠣᠯᠪᠤ | ᠡᠭᠦᠰᠴᠦ ᠂ ᠡᠮᠬᠢ ᠵᠢᠷᠤᠮ ᠦᠭᠡᠢ ᠬᠡᠯᠪᠡᠷᠢ ᠲᠠᠢ ᠂ ᠢᠯᠡᠷᠬᠡᠢ ᠬᠥᠪᠡᠭᠡ ᠬᠢᠵᠠᠭᠠᠷ ᠦᠭᠡᠢ ᠪᠠᠶᠢᠳᠠᠭ ᠃ ᠨᠦᠢᠲᠠᠨ ᠴᠢᠭᠢᠭᠯᠢᠭ ᠣᠷᠴᠢᠨ ᠲᠣᠭᠤᠷᠢᠨ ᠳᠤ ᠂ ᠡᠪᠡᠳᠴᠢᠨ ᠤ | ᠲᠣᠯᠪᠤ ᠳᠡᠭᠡᠷ᠎ᠡ ᠨᠢ ᠴᠠᠭᠠᠨ ᠥᠩᠭᠡ ᠲᠠᠢ ᠬᠥᠪᠥᠩ ᠤᠨ ᠤᠩᠭᠠᠷᠢᠯ ᠬᠡᠯᠪᠡᠷᠢᠲᠦ ᠮᠦᠬᠦ ᠶᠢᠨ ᠰᠢᠷᠬᠡᠭᠯᠢᠭ ᠪᠡᠶ᠎ᠡ ᠪᠠ ᠬᠠᠷ᠎ᠠ ᠥᠩᠭᠡ ᠲᠠᠢ ᠬᠤᠯᠤᠭᠠᠨ᠎ᠠ ᠶᠢᠨ | ᠢᠯᠭᠠᠳᠠᠰᠤᠨ ᠬᠡᠯᠪᠡᠷᠢᠲᠦ ᠮᠦᠬᠦ ᠶᠢᠨ ᠪᠥᠭᠡᠮ ᠤᠷᠭᠤᠵᠤ ᠂ ᠦᠮᠡᠬᠡᠢ ᠦᠨᠦᠷ ᠦᠭᠡᠢ ᠪᠠᠶᠢᠳᠠᠭ ᠃ ᠡᠨᠡ ᠡᠪᠡᠳᠴᠢᠨ ᠠᠮᠠᠷᠬᠠᠨ ᠬᠠᠯᠳᠠᠪᠤᠷᠢᠯᠠᠨ ᠳᠡᠯᠭᠡᠷᠡᠨ᠎ᠡ ᠃ | ᠬᠤᠶᠠᠷ ᠂ ᠴᠠᠭᠠᠨ ᠨᠣᠭᠤᠭ᠎ᠠ ᠶᠢᠨ ᠪᠠᠺᠲ᠋ᠧᠷᠢ ᠶᠢᠨ ᠴᠥᠮ᠎ᠡ ᠶᠢᠨ ᠡᠪᠡᠳᠴᠢᠨ ᠢ ᠰᠡᠷᠭᠡᠶᠢᠯᠡᠨ ᠵᠠᠰᠠᠬᠤ ᠦᠷ᠎ᠡ ᠶᠢ ᠰᠢᠢᠳᠪᠦᠷᠢᠯᠡᠬᠦ ᠃ ᠦᠷ᠎ᠡ ᠶᠢᠨ ᠳᠣᠲᠣᠷ᠎ᠠ | ᠬᠤᠯᠢᠯᠳᠤᠵᠤ ᠪᠠᠶᠢᠭ᠎ᠠ ᠪᠠᠺᠲ᠋ᠧᠷᠢ ᠶᠢᠨ ᠴᠥᠮ᠎ᠡ ᠶᠢ 10% ᠶᠢᠨ ᠳᠠᠪᠤᠰᠤ ᠲᠠᠢ ᠤᠰᠤ ᠪᠤᠶᠤ 20% ᠶᠢᠨ ᠬᠦᠬᠦᠷ ᠬᠦᠴᠢᠯ ᠤᠨ ᠠᠮᠮᠤᠨᠢ ᠶᠢᠨ ᠠᠭᠤᠰᠤᠮᠠᠯ ᠢᠶᠠᠷ | ᠤᠬᠢᠶᠠᠨ ᠴᠡᠪᠡᠷᠯᠡᠵᠦ ᠂ ᠤᠰᠤᠨ ᠳᠤ ᠤᠬᠢᠶᠠᠭᠠᠳ ᠬᠠᠲᠠᠭᠠᠭᠰᠠᠨ ᠤ ᠳᠠᠷᠠᠭ᠎ᠠ ᠲᠠᠷᠢᠬᠤ ᠬᠡᠷᠡᠭᠲᠡᠢ ᠃ ᠲᠠᠷᠢᠶᠠᠯᠠᠩ ᠤᠨ ᠰᠡᠷᠭᠡᠶᠢᠯᠡᠨ ᠵᠠᠰᠠᠯᠲᠠ ᠃ 2 ~ 3 ᠵᠢᠯ | ᠡᠭᠡᠯᠵᠢᠯᠡᠨ ᠳᠠᠷᠢᠬᠤ ᠳᠤ ᠤᠰᠤ ᠬᠠᠭᠤᠷᠠᠢ ᠪᠠᠷ ᠡᠭᠡᠯᠵᠢᠯᠡᠨ ᠳᠠᠷᠢᠪᠠᠯ ᠬᠠᠮᠤᠭ ᠰᠠᠶᠢᠨ ᠃ ᠪᠣᠷᠳᠣᠭᠤᠷ ᠢ ᠵᠦᠢ ᠵᠣᠬᠢᠰᠲᠠᠢ ᠣᠷᠣᠭᠤᠯᠵᠤ ᠂ ᠠᠽᠣᠲ ᠤᠨ | ᠪᠣᠷᠳᠣᠭᠤᠷ ᠢ ᠢᠯᠡᠭᠦᠦ ᠣᠷᠣᠭᠤᠯᠬᠤ ᠠᠴᠠ ᠵᠠᠶᠢᠯᠠᠰᠬᠢᠵᠦ ᠂ ᠴᠠᠭ ᠲᠤᠬᠠᠢ ᠳᠤᠨᠢ ᠪᠣᠷᠳᠣᠭᠤᠷ ᠢ ᠨᠡᠮᠡᠬᠦ ᠬᠡᠷᠡᠭᠲᠡᠢ ︔ ᠪᠣᠷᠣᠭᠠᠨ ᠤ ᠳᠠᠷᠠᠭ᠎ᠠ ᠴᠠᠭ ᠲᠤᠬᠠᠢ ᠳᠤᠨᠢ | ᠭᠤᠤ ᠶᠢ ᠨᠢ ᠨᠡᠭᠡᠭᠡᠵᠦ ᠤᠰᠤ ᠵᠠᠯᠠᠵᠤ ᠂ ᠡᠪᠡᠳᠴᠢᠨ ᠲᠠᠢ ᠰᠠᠭᠤᠷᠢ ᠶᠢ ᠨᠢ ᠣᠯᠵᠤ ᠮᠡᠳᠡᠪᠡᠯ ᠴᠠᠭ ᠲᠤᠬᠠᠢ ᠳᠤᠨᠢ ᠠᠪᠴᠤ ᠬᠠᠶᠠᠭᠠᠳ ᠭᠦᠨ ᠪᠤᠯᠠᠬᠤ ᠬᠡᠷᠡᠭᠲᠡᠢ ᠃ | ᠡᠮ ᠢᠶᠠᠷ ᠰᠡᠷᠭᠡᠶᠢᠯᠡᠨ ᠵᠠᠰᠠᠬᠤ ᠃ ᠡᠪᠡᠳᠴᠢᠨ ᠡᠭᠦᠰᠬᠦ ᠡᠬᠢᠨ ᠤ ᠬᠤᠭᠤᠴᠠᠭᠠᠨ ᠳᠤ 50% ᠶᠢᠨ ᠳ᠋ᠦᠸᠧ ᠵᠢᠶᠦ᠋ᠨ ᠯᠢᠩ ᠴᠢᠬᠢᠭ ᠲᠠᠢ ᠨᠤᠨᠳᠠᠭ ᠡᠮ ᠤᠨ 500 | ᠳᠠᠬᠢᠨ ᠤ ᠰᠢᠩᠭᠡᠨ ᠢ ᠬᠡᠷᠡᠭᠯᠡᠬᠦ ᠪᠤᠶᠤ 20% ᠶᠢᠨ ᠮᠧᠲ᠋ᠢᠯᠲᠦ ᠯᠢᠺᠦᠠ ᠹᠣᠰᠹᠣᠷ ᠤᠨ ᠴᠢᠳᠡᠮᠯᠢᠭ ᠲᠣᠰᠣ ᠶᠢᠨ 1200 ᠳᠠᠬᠢᠨ ᠤ ᠰᠢᠩᠭᠡᠨ ᠢ ᠬᠡᠷᠡᠭᠯᠡᠬᠦ ᠪᠤᠶᠤ | 40% ᠶᠢᠨ ᠮᠥᠭᠦᠲᠦ ᠴᠥᠮ᠎ᠡ ᠶᠢᠨ ᠴᠡᠪᠡᠷ ᠴᠢᠬᠢᠭ ᠲᠠᠢ ᠨᠤᠨᠳᠠᠭ ᠡᠮ ᠤᠨ 1000 ~1500 ᠳᠠᠬᠢᠨ ᠤ ᠰᠢᠩᠭᠡᠨ ᠢ ᠡᠭᠡᠯᠵᠢᠯᠡᠨ 3 ~ 4 ᠤᠳᠠᠭ᠎ᠠ | ᠰᠦᠷᠴᠢᠵᠦ ᠂ 7~10 ᠡᠳᠦᠷ ᠠᠯᠤᠰᠯᠠᠬᠤ ᠪᠦᠷᠢ ᠨᠢᠭᠡ ᠤᠳᠠᠭ᠎ᠠ ᠰᠦᠷᠴᠢᠵᠦ ᠣᠷᠤᠭᠤᠯᠬᠤ ᠬᠡᠷᠡᠭᠲᠡᠢ ᠃ ᠴᠢᠬᠤᠯᠠ ᠲᠠᠢ ᠦᠶ᠎ᠡ ᠳᠤ ᠰᠦᠷᠴᠢᠨ ᠣᠷᠣᠭᠤᠯᠬᠤ ᠂ | ᠭᠤᠭᠤᠵᠢᠭᠤᠯᠤᠨ ᠣᠷᠣᠭᠤᠯᠬᠤ ᠶᠢ ᠤᠶᠠᠯᠳᠤᠭᠤᠯᠵᠤ ᠪᠣᠯᠤᠨ᠎ᠠ ᠃ | | |