ᠦᠵᠦᠮ ᠤᠨ ᠴᠠᠶᠢᠷᠠᠵᠤ ᠢᠯᠵᠠᠷᠠᠬᠤ ᠡᠪᠡᠳᠴᠢᠨ
ᠨᠡᠶᠢᠲᠡᠯᠡᠭᠰᠡᠨ ᠴᠠᠭ᠄
2024/4/10
    1. ᠰᠢᠨᠵᠢ ᠲᠡᠮᠳᠡᠭ ᠲᠣᠰ ᠡᠪᠡᠳᠴᠢᠨ ᠬᠡᠵᠢᠶᠡᠳᠡ ᠤᠷᠢᠳᠠᠪᠠᠷ ᠵᠢᠮᠢᠰ ᠤᠨ ᠪᠠᠷᠢᠭᠤᠯ ᠳᠡᠭᠡᠷ᠎ᠡ ᠡᠪᠡᠳᠴᠢᠨ ᠡᠭᠦᠰᠴᠦ ᠂ ᠡᠬᠢᠯᠡᠭᠡᠳ ᠤᠰᠣᠳᠤᠭᠰᠠᠨ ᠮᠠᠶ᠋ᠢᠭ ᠤᠨ ᠬᠥᠶᠦᠬᠡᠨ ᠬᠦᠷᠡᠩ ᠥᠩᠭᠡᠲᠡᠢ ᠡᠮᠬᠢ ᠵᠠᠮᠪᠠᠷᠠᠭ᠎ᠠ ᠦᠭᠡᠢ ᠡᠪᠡᠳᠴᠢᠨ ᠤ ᠲᠣᠯᠪᠤ ᠭᠠᠷᠴᠤ ᠂ ᠠᠭᠠᠵᠢᠮ ᠢᠶᠠᠷ ᠵᠢᠮᠢᠰ ᠤᠨ ᠮᠥᠬᠦᠯᠢᠭ ᠵᠦᠭ ᠲᠠᠷᠬᠠᠵᠲ᠋ᠡᠯᠡᠷᠡᠳᠡᠭ ᠃ ᠵᠢᠮᠢᠰ ᠤᠨ ᠣᠴᠣᠭᠤᠷ ᠬᠡᠰᠡᠭ ᠨᠢ ᠤᠷᠢᠲᠠᠪᠠᠷ ᠭᠦᠶᠦᠬᠡᠨ ᠬᠦᠷᠡᠩ ᠥᠩᠭᠡᠲᠡᠢ ᠪᠣᠯᠵᠤ ᠬᠤᠪᠢᠷᠠᠵᠤ ᠢᠯᠵᠠᠷᠠᠳᠠᠭ ᠂ ᠳᠠᠷᠠᠭ᠎ᠠ ᠪᠠᠷ ᠪᠥᠬᠦ ᠵᠢᠮᠢᠰ ᠨᠢ ᠬᠦᠷᠡᠩ ᠥᠩᠭᠡᠲᠡᠢ ᠪᠣᠯᠵᠤ ᠢᠯᠵᠠᠷᠠᠭᠠᠳ ᠵᠢᠮᠢᠰ ᠤᠨ ᠪᠠᠷᠢᠭᠤᠯ ᠤᠨ ᠡᠰᠢ ᠨᠢ ᠦᠬᠦᠰᠢᠷᠡᠵᠦ ᠬᠠᠳᠠᠳᠠᠭ ᠃ ᠡᠪᠡᠳᠴᠢᠲᠡᠢ ᠵᠢᠮᠢᠰ ᠨᠢ ᠠᠭᠠᠵᠢᠮ ᠢᠶᠠᠷ ᠤᠰᠤ ᠠᠯᠳᠠᠵᠤ ᠬᠠᠲᠠᠵᠤ ᠠᠪᠴᠢᠭᠠᠳ ᠭᠦᠨ ᠬᠦᠷᠡᠩ ᠥᠩᠭᠡᠲᠡᠢ ᠮᠣᠳᠣᠯᠢᠭ ᠵᠢᠮᠢᠰ ᠪᠣᠯᠳᠠᠭ ᠂ ᠡᠪᠡᠳᠴᠢᠨ ᠨᠢ ᠬᠦᠨᠳᠦᠷᠡᠬᠦ ᠦᠶ᠎ᠡ ᠳᠤ ᠪᠥᠬᠦ ᠲᠦᠷᠦᠭᠦᠦ ᠨᠢ ᠢᠯᠴᠠᠷᠠᠳᠠᠭ ᠃ ᠮᠥᠴᠢᠷ ᠲᠤ ᠡᠪᠡᠳᠴᠢᠨ ᠡᠭᠦᠰᠬᠦ ᠨᠢ ᠶᠡᠷᠦ ᠳᠡᠭᠡᠨ ᠣᠷᠣᠢ ᠳᠠᠷᠤᠬᠤ ᠬᠡᠰᠡᠭ ᠪᠤᠶᠤ ᠮᠧᠬᠠᠨᠢᠭ ᠰᠢᠷᠬᠠᠨ ᠤ ᠬᠡᠰᠡᠭ ᠲᠤ ᠢᠯᠡᠷᠡᠵᠦ ᠂ ᠰᠢᠨ᠎ᠡ ᠮᠥᠴᠢᠷ ᠤᠨ ᠡᠪᠡᠳᠴᠢᠨ ᠤ ᠲᠣᠯᠪᠤ ᠨᠢ ᠣᠰᠤᠳᠤᠭᠰᠠᠨ ᠮᠠᠶ᠋ᠢᠭ ᠤᠨ ᠶᠠᠭᠠᠨ ᠬᠦᠷᠡᠩ ᠦᠩᠭᠡᠳᠡᠢ ᠂ ᠭᠥᠪᠡᠭᠡ ᠨᠢ ᠭᠦᠨ ᠬᠦᠷᠡᠩ ᠥᠩᠭᠡᠲᠡᠢ ᠃ ᠡᠪᠡᠳᠴᠢᠨ ᠤ ᠲᠣᠯᠪᠤ ᠨᠢ ᠬᠤᠶᠠᠷ ᠦᠵᠦᠭᠦᠷ ᠵᠦᠭ ᠢᠶᠠᠨ ᠬᠥᠭᠵᠢᠬᠦ ᠨᠢ ᠮᠠᠰᠢ ᠲᠦᠷᠭᠡᠨ ᠪᠠᠶᠢᠳᠠᠭ ᠂ ᠰᠡᠭᠦᠯᠴᠢ ᠶᠢᠨ ᠬᠤᠭᠤᠴᠠᠭ᠎ᠠ ᠪᠣᠯᠪᠠᠯ ᠪᠦᠳᠡᠬᠢ ᠬᠦᠷᠡᠩ ᠥᠩᠭᠡᠲᠡᠢ ᠪᠣᠯᠵᠤ ᠬᠤᠲᠦ᠋ᠢᠳᠠᠭ ᠂ ᠥᠩᠭᠡᠨ ᠲᠠᠯ᠎ᠠ ᠳᠤᠨᠢ ᠨᠢᠭ᠋ ᠣᠷᠭᠤᠭᠰᠠᠨ ᠰᠡᠷᠡᠯ ᠥᠩᠭᠡ ᠶᠢᠨ ᠵᠢᠵᠢᠭ ᠮᠥᠬᠦᠯᠢᠭᠲᠦ ᠲᠤᠰᠤᠯ ᠲᠠᠢ ᠃ ᠡᠪᠡᠳᠴᠢᠨ ᠤ ᠲᠣᠯᠪᠤ ᠨᠢ ᠮᠥᠴᠢᠷ ᠢ ᠨᠢᠭᠡ ᠳᠤᠭᠤᠶᠢᠯᠠᠵᠤ ᠴᠠᠭᠠᠷᠢᠭᠯᠠᠬᠤ ᠦᠶ᠎ᠡ ᠳᠤ ᠂ ᠲᠡᠭᠦᠨ ᠤ ᠳᠡᠭᠡᠷᠡᠬᠢ ᠬᠡᠰᠡᠭ ᠤᠨ ᠨᠠᠪᠴᠢᠨ ᠢᠯᠳᠠᠰᠤ ᠨᠢ ᠥᠭᠦᠰᠢᠷᠡᠨ ᠰᠢᠷᠡᠯᠡᠵᠦ ᠤᠯᠠᠮ ᠢᠶᠠᠷ ᠬᠠᠲᠠᠵᠤ ᠦᠬᠦᠳᠡᠭ ᠃ ᠰᠡᠭᠦᠯᠴᠢ ᠶᠢᠨ ᠬᠤᠭᠤᠴᠠᠭᠠᠨ ᠳᠤ ᠪᠣᠯᠪᠠᠯ ᠡᠪᠡᠳᠴᠢᠳᠠᠢ ᠬᠠᠯᠢᠰᠤ ᠨᠢ ᠬᠡᠵᠢᠶᠡᠳᠡ ᠰᠢᠷᠬᠡᠭ ᠬᠡᠯᠪᠡᠷᠢᠲᠡᠢ ᠭᠤᠯᠲᠤ ᠪᠠᠷ ᠬᠠᠭᠠᠷᠠᠵᠤ ᠂ ᠮᠣᠳᠣᠯᠢᠭ ᠬᠡᠰᠡᠭ ᠨᠢ ᠰᠠᠯᠵᠤ ᠭᠠᠷᠳᠠᠭ ᠃ ᠨᠡᠪᠴᠢᠨ ᠢᠯᠳᠠᠰᠤᠨ ᠳᠤ ᠡᠪᠡᠳᠴᠢᠨ ᠬᠠᠯᠳᠠᠪᠤᠷᠢᠯᠠᠪᠠᠯ ᠤᠷᠢᠲᠠᠪᠠᠷ ᠨᠡᠪᠴᠢᠨ ᠤ ᠦᠵᠦᠭᠦᠷ ᠂ ᠨᠡᠪᠴᠢᠨ ᠬᠥᠪᠡᠭᠡ ᠠᠴᠠ ᠡᠬᠢᠯᠡᠵᠦ ᠨᠡᠪᠴᠢᠨ ᠤ ᠬᠥᠪᠡᠭᠡ ᠳᠡᠭᠡᠷ᠎ᠡ ᠨᠢ ᠰᠢᠷ᠎ᠠ ᠬᠦᠷᠡᠩ ᠥᠩᠭᠡᠲᠡᠢ ᠡᠪᠡᠳᠴᠢᠨ ᠤ ᠲᠣᠯᠪᠤ ᠡᠭᠦᠰᠴᠦ ᠂ ᠢᠷᠮᠡᠭ ᠨᠢ ᠤᠰᠤᠳᠤᠭᠰᠠᠨ ᠮᠠᠶ᠋ᠢᠭᠳᠠᠢ ᠂ ᠡᠨᠡ ᠨᠢ ᠢᠳᠡᠭ ᠢᠳᠡᠭ ᠢᠶᠠᠷ ᠨᠡᠪᠴᠢᠨ ᠢᠯᠲᠡᠰᠦ ᠶᠢᠨ ᠲᠥᠪ ᠬᠡᠰᠡᠭ ᠤᠷᠤᠭᠤ ᠬᠥᠭᠵᠢᠵᠦ ᠂ ᠲᠣᠮᠣ ᠬᠡᠯᠪᠡᠷᠢ ᠶᠢᠨ ᠲᠤᠭᠤᠷᠢᠭᠯᠢᠭ ᠬᠡᠯᠪᠡᠷᠢᠲᠡᠢ ᠭᠦᠶᠦᠬᠡᠨ ᠬᠦᠷᠡᠩ ᠥᠩᠭᠡ ᠶᠢᠨ ᠡᠪᠡᠳᠴᠢᠨ ᠤ ᠲᠣᠯᠪᠤ ᠪᠦᠷᠢᠯᠳᠦᠵᠦ ᠂ ᠢᠢᠯᠡᠷᠬᠡᠢ ᠪᠤᠰᠤ ᠨᠢᠭᠡ ᠭᠤᠯᠲᠤ ᠴᠠᠭᠠᠷᠢᠭ ᠨᠠᠷ ᠲᠠᠢ ᠃ ᠡᠪᠡᠳᠴᠢᠲᠡᠢ ᠨᠡᠪᠴᠢᠨ ᠳᠡᠭᠡᠷ᠎ᠡ ᠪᠠᠰᠠ ᠰᠡᠷᠡᠯ ᠥᠩᠭᠡ ᠶᠢᠨ ᠵᠢᠵᠢᠭ ᠮᠥᠬᠦᠯᠢᠭᠲᠦ ᠲᠤᠰᠣᠯ ᠲᠠᠢ ᠂ ᠡᠨᠡ ᠨᠢ ᠨᠡᠪᠴᠢᠨ ᠤ ᠭᠥᠪᠡᠭᠡ ᠪᠠᠷ ᠠᠷᠪᠢᠨ ᠪᠠᠶᠢᠳᠠᠭ ᠃ ᠡᠪᠡᠳᠴᠢᠲᠡᠢ ᠨᠡᠭᠡᠳᠡᠰᠦ ᠨᠢ ᠬᠠᠲᠠᠵᠤ ᠦᠬᠦᠰᠢᠷᠡᠭᠰᠡᠨ ᠤ ᠳᠠᠷᠠᠭ᠎ᠠ ᠠᠮᠠᠷᠬᠠᠨ ᠬᠠᠭᠠᠷᠠᠯ ᠡᠭᠦᠰᠳᠡᠭ ᠃    2. ᠰᠡᠷᠭᠡᠶᠢᠯᠡᠨ ᠵᠠᠰᠠᠬᠤ ᠠᠷᠭ᠎ᠠ ︵ 1 ︶ ᠣᠷᠭᠤᠴᠠ ᠶᠢᠨ ᠤᠯᠠᠷᠢᠯ ᠳᠤ ᠡᠪᠡᠳᠴᠢᠲᠡᠢ ᠵᠢᠮᠢᠰ ᠂ ᠡᠪᠡᠳᠴᠢᠲᠡᠢ ᠨᠡᠪᠴᠢ ᠂ ᠡᠪᠡᠳᠴᠢᠲᠡᠢ ᠤᠷᠢᠶᠠᠩᠭᠤ ᠶᠢ ᠨᠢ ᠬᠠᠶᠢᠴᠢᠯᠠᠨ ᠠᠪᠴᠤ ᠴᠡᠪᠡᠷᠯᠡᠵᠦ ᠠᠷᠢᠯᠭᠠᠨ᠎ᠠ ᠂ ᠨᠠᠮᠤᠷ ᠤᠨ ᠤᠯᠠᠷᠢᠯ ᠳᠤ ᠨᠡᠪᠴᠢ ᠵᠤᠯᠭᠠᠷᠠᠭᠰᠠᠨ ᠤ ᠳᠠᠷᠠᠭ᠎ᠠ ᠵᠢᠮᠢᠰ ᠤᠨ ᠬᠦᠷᠢᠶᠡᠯᠡᠩ ᠢᠶᠠᠨ ᠴᠡᠪᠡᠷᠯᠡᠨ ᠠᠷᠢᠯᠭᠠᠵᠤ ᠂ ᠡᠪᠡᠳᠴᠢᠲᠡᠢ ᠦᠯᠡᠳᠡᠭᠳᠡᠯ ᠪᠣᠳᠠᠰ ᠢ ᠨᠢ ᠴᠤᠭᠯᠠᠭᠤᠯᠵᠤ ᠰᠢᠳᠠᠭᠠᠨ᠎ᠠ ᠃ ︵ 2 ︶ ᠵᠢᠮᠢᠰ ᠰᠠᠭᠤᠬᠤ ᠬᠡᠰᠡᠭ ᠢ ᠨᠢ ᠳᠡᠭᠡᠭᠰᠢᠯᠡᠭᠦᠯᠵᠦ ᠂ ᠬᠥᠷᠥᠰᠥ ᠰᠢᠷᠣᠢ ᠶᠢᠨ ᠡᠪᠡᠳᠴᠢᠨ ᠤ ᠪᠠᠺᠲ᠋ᠧᠷᠢ ᠬᠠᠯᠳᠠᠵᠤ ᠬᠠᠯᠳᠠᠪᠤᠷᠢᠯᠠᠬᠤ ᠶᠢ ᠪᠠᠭᠠᠰᠠᠬᠠᠨ᠎ᠠ ᠃ ︵ 3 ︶ ᠵᠣᠨ ᠤ ᠤᠯᠠᠷᠢᠯ ᠳᠤ ᠴᠠᠭ ᠲᠤᠬᠠᠢ ᠳᠤᠨᠢ ᠬᠠᠶᠢᠴᠢᠯᠠᠨ ᠵᠠᠰᠠᠵᠤ ᠂ ᠨᠡᠪᠴᠢ ᠤᠷᠢᠶᠠᠩᠭᠤ ᠶᠢᠨ ᠬᠤᠭᠤᠷᠣᠨᠳᠤ ᠰᠠᠯᠬᠢ ᠨᠡᠪᠲᠠᠷᠠᠵᠤ ᠭᠡᠷᠡᠯ ᠲᠣᠰᠬᠤ ᠨᠢ ᠰᠠᠶᠢᠨ ᠪᠠᠶᠢᠬᠤ ᠶᠢ ᠪᠠᠳᠤᠯᠠᠬᠤ ᠬᠡᠷᠡᠭᠲᠡᠢ ᠃ ︵ 4 ︶ ᠡᠪᠡᠳᠴᠡᠨ ᠡᠭᠦᠰᠬᠦ ᠠᠴᠠ ᠡᠮᠦᠨ᠎ᠡ ᠵᠢᠶᠠᠰᠠᠨ ᠤ ᠳᠣᠣᠷ᠎ᠠ ᠨᠢ ᠡᠮ ᠰᠠᠴᠤᠵᠤ ᠪᠠᠺᠲ᠋ᠧᠷᠢ ᠶᠢ ᠤᠰᠠᠳᠬᠠᠨ᠎ᠠ ᠃ ᠡᠭᠦᠨ ᠳᠤ ᠬᠤᠣᠰ ᠹᠧᠷᠮᠠᠨ 1 ᠬᠤᠪᠢ ᠂ ᠬᠥᠬᠦᠷ ᠤᠨ ᠲᠠᠯᠬ᠎ᠠ 1 ᠬᠤᠪᠢ ᠂ ᠨᠡᠭᠦᠷᠡᠰᠦ ᠬᠦᠴᠢᠯ ᠤᠨ ᠺᠠᠯᠼ 2 ᠬᠤᠪᠢ ᠂ ᠡᠲᠡᠭᠡᠷ ᠢ ᠵᠢᠭᠳᠡ ᠬᠤᠯᠢᠵᠤ ᠨᠡᠶᠢᠯᠡᠭᠦᠯᠦᠭᠡᠳ ᠡᠾᠧᠺᠲ᠋ᠠᠷ ᠪᠦᠷᠢ ᠳᠤ 15~30 ᠭᠢᠯᠣᠭ᠍ᠷᠡᠮ ᠬᠤᠯᠢᠵᠤ ᠨᠡᠶᠢᠯᠡᠭᠦᠯᠦᠭᠰᠡᠨ ᠡᠮ ᠤᠨ ᠲᠠᠯᠬ᠎ᠠ ᠰᠠᠴᠤᠵᠤ ᠣᠷᠣᠭᠤᠯᠤᠨ᠎ᠠ ᠃ ︵ 5 ︶ ᠡᠮ ᠰᠦᠷᠴᠢᠵᠦ ᠬᠠᠮᠠᠭᠠᠯᠠᠨ᠎ᠠ ᠃ ᠠᠩᠬ᠎ᠠ ᠡᠪᠡᠳᠴᠢᠨ ᠡᠭᠦᠰᠦᠭᠰᠡᠨ ᠦᠶ᠎ᠡ ᠳᠤ ᠡᠬᠢᠯᠡᠵᠦ ᠡᠮ ᠰᠦᠷᠴᠢᠨ᠎ᠡ ᠂ ᠢᠩᠭᠢᠭᠡᠳ 10 — 15 ᠡᠲᠦᠷ ᠲᠤ 1 ᠤᠳᠠᠭ᠎ᠠ ᠰᠦᠷᠴᠢᠵᠦ ᠂ ᠨᠡᠶᠢᠲᠡ 3 — 5 ᠤᠳᠠᠭ᠎ᠠ ᠰᠦᠷᠴᠢᠨ᠎ᠡ ᠃ ᠦᠵᠦᠮ ᠤᠨ ᠴᠠᠶᠢᠷᠠᠵᠤ ᠢᠯᠵᠠᠷᠠᠬᠤ ᠡᠪᠡᠳᠴᠢᠨ ᠢ ᠰᠡᠷᠭᠡᠶᠢᠯᠡᠨ ᠵᠠᠰᠠᠬᠤ ᠦᠢᠯᠡᠳᠦᠯ ᠲᠠᠢ ᠡᠮ ᠪᠣᠯ 50% ᠶᠢᠨ ᠬᠤᠣᠰ ᠹᠧᠷᠮᠠ ᠶᠢᠨ ᠴᠢᠭᠢᠭᠳᠦᠮᠡᠭᠡᠢ ᠳᠠᠯᠬ᠎ᠠ 500 ~ 800 ᠲᠠᠬᠢᠨ ᠤ ᠠᠭᠤᠰᠤᠮᠠᠯ ᠃ 70% ᠶᠢᠨ ᠳ᠋ᠢᠼᠠᠨ ᠮᠠᠩᠭᠠᠨᠲᠤ ᠴᠠᠶᠢᠷ ᠤᠨ ᠴᠢᠭᠢᠭᠳᠦᠮᠡᠭᠡᠢ ᠳᠠᠯᠬ᠎ᠠ 600~800 ᠲᠠᠬᠢᠨ ᠠᠭᠤᠰᠤᠮᠠᠯ ᠃ 50% ᠶᠢᠨ ᠲᠦᠢ ᠵᠢᠶᠦ᠋ᠨ ᠲᠧ ᠴᠢᠭᠢᠭᠳᠦᠮᠡᠭᠡᠢ ᠲᠠᠯᠬ᠎ᠠ 800~1000 ᠲᠠᠬᠢᠨ ᠠᠭᠤᠰᠤᠮᠠᠯ ᠵᠡᠷᠭᠡ ᠪᠤᠢ ᠃    
ᠢᠷᠡᠯᠲᠡ᠄ ᠣᠢ ᠰᠢᠭᠤᠢ ᠪᠠ ᠨᠤᠲᠤᠭ ᠪᠡᠯᠴᠢᠭᠡᠷ ᠤᠨ ᠲᠣᠪᠴᠢᠶ᠎ᠠ