| ᠭᠠᠤᠯᠢᠨ ᠪᠠᠷ ᠤᠨ ᠵᠢᠷᠤᠭ ᠨᠢ ᠬᠢᠲᠤᠭ᠎ᠠ ᠪᠠᠷ ᠪᠢᠷ ᠪᠣᠯᠭᠠᠨ ᠂ ᠳᠤᠭᠤᠯᠠᠭ᠎ᠠ ᠪᠠᠷ ᠴᠠᠭᠠᠰᠤ ᠪᠣᠯᠭᠠᠵᠤ ᠂ ᠢᠳᠡᠭᠳᠡᠮᠡᠯ ᠰᠢᠩᠭᠡᠨ ᠢᠶᠠᠷ ᠡᠬᠡ ᠪᠠᠶᠢᠭᠠᠯᠢ ᠶᠢᠨ ᠭᠤᠶᠢᠳᠠ | ᠰᠠᠶᠢᠬᠠᠨ ᠢ ᠢᠯᠡᠷᠡᠬᠦᠯᠵᠤ ᠂ ᠳᠥᠷᠪᠡᠯᠵᠢᠨ ᠢᠮᠠᠬᠤ ᠶᠢᠨ ᠭᠠᠤᠯᠢᠨ ᠳᠡᠭᠡᠷ᠎ᠠ ᠦᠤᠭᠡ ᠳᠡᠤᠭᠡ ᠶᠢᠨ ᠤᠯᠠ ᠮᠥᠷ ᠢ ᠰᠡᠶᠢᠯᠵᠦ ᠂ ᠳᠡᠯᠡᠬᠡᠢ ᠶᠢᠷᠲᠢᠨᠴᠦ ᠶᠢᠨ ᠭᠤᠶᠢᠳᠠ | ᠰᠠᠶᠢᠬᠠᠨ ᠪᠠ ᠡᠴᠢᠨ᠎ᠠ ᠬᠦᠨ ᠢ ᠢᠯᠡᠷᠡᠭᠦᠯᠦᠨ᠎ᠠ ᠃ | ᠡᠨᠡ ᠦᠯᠢᠭᠡᠷ ᠨᠢ ᠵᠡᠭᠦᠨᠭᠠᠷ ᠬᠤᠰᠢᠭᠤᠨ ᠤ ᠶᠡᠷᠡᠭᠡᠳ ᠣᠨ ᠳᠤ ᠳᠦᠷᠦᠭᠰᠡᠨᠭᠠᠤᠯᠢᠨ ᠪᠠᠷ ᠤᠨ ᠵᠢᠷᠤᠭ ᠤᠨ ᠤᠷᠠᠯᠢᠭᠴᠢᠨ ᠯᠢ ᠰᠢᠩ ᠲᠢᠩ ᠲᠠᠢ ᠬᠤᠯᠪᠤᠭ᠎ᠠ | ᠲᠠᠢ ᠶᠤᠮ᠃ | ︽ ᠪᠢ ᠭᠠᠤᠯᠢᠨ ᠪᠠᠷ ᠤᠨ ᠵᠢᠷᠤᠭ ᠮᠡᠲᠦ ᠶᠢᠨ ᠢᠳᠡᠭᠳᠡᠭᠦᠯᠦᠨ ᠰᠡᠶᠢᠯᠬᠦ ᠮᠡᠷᠭᠡᠵᠢᠯ ᠢ ᠪᠠᠭ᠋ᠠᠷᠬᠠᠳᠠᠭ ᠂ ᠲᠠᠬᠢᠨ ᠳᠠᠪᠲᠠᠨ ᠰᠡᠶᠢᠯᠵᠦ ᠢᠳᠡᠭᠳᠡᠬᠦᠯᠵᠤ ᠭᠠᠷᠭᠠᠭᠰᠠᠨ | ᠲᠡᠶᠢᠮᠦᠷᠬᠦᠦ ᠴᠣᠬᠤᠷᠳᠠᠬᠰᠠᠨ ᠮᠡᠳᠡᠷᠡᠮᠵᠢ ᠵᠢᠯ᠎ᠡ ᠪᠠᠭ᠋ᠠᠷᠬᠠᠳᠠᠭ ᠂ ᠡᠨᠡ ᠨᠢ ᠪᠠᠰᠠ ᠴᠤ ᠪᠤᠰᠤᠳ ᠪᠠᠷ ᠤᠨ ᠲᠦᠷᠦᠯ ᠪᠤᠶᠤ ᠪᠤᠰᠤᠳ ᠵᠢᠷᠤᠭ ᠤᠨ ᠲᠦᠷᠦᠯ ᠢᠶᠠᠷ | ᠣᠷᠣᠯᠠᠭᠤᠯᠵᠤ ᠪᠣᠯᠣᠰᠢ ᠦᠭᠡᠢ ᠪᠦᠷᠢᠮᠦᠰᠦᠨ ᠥᠪᠡᠷᠮᠢᠴᠡ ᠢᠯᠡᠷᠡᠬᠦᠯᠤᠯ ᠪᠣᠯᠣᠨ᠎ᠠ︾ ᠭᠡᠵᠦ ᠯᠢ ᠰᠢᠩ ᠲᠢᠩ ᠶᠠᠷᠢᠨ᠎ᠠ᠃ | ᠯᠢ ᠰᠢᠩ ᠲᠢᠩ ᠲᠢᠶᠠᠨᠵᠢᠨ ᠤ ᠤᠷᠠᠨ ᠵᠢᠷᠤᠭ ᠤᠨ ᠳᠡᠭᠡᠳᠦ ᠰᠤᠷᠭᠠᠭᠤᠯᠢ ᠶᠢᠨ ᠪᠠᠷ ᠵᠢᠷᠤᠭ ᠤᠨ ᠲᠤᠰᠬᠠᠢ ᠮᠡᠷᠭᠡᠵᠢᠯ ᠠᠴᠠ ᠲᠡᠭᠦᠰᠦᠭᠰᠡᠨ ᠠᠰᠫᠢᠷᠠᠨᠲ ᠂ ᠪᠠᠷ | ᠵᠢᠷᠤᠭ ᠤᠨ ᠤᠷᠠᠯᠢᠭ ᠢ ᠪᠠᠷᠢᠮᠲᠠᠯᠠᠭᠠᠳ ᠨᠢᠭᠡᠨᠲᠡ 8 ᠵᠢᠯ ᠪᠣᠯᠵᠠᠢ ᠃ ᠲᠡᠷᠡ ᠪᠠᠷ ᠪᠠᠷ ᠵᠢᠷᠤᠭ ᠤᠨ ᠣᠨᠣᠯ ᠤᠨ ᠮᠡᠳᠡᠯᠭᠡ ᠂ ᠬᠥᠭᠵᠢᠯᠲᠡ ᠶᠢᠨ ᠶᠠᠪᠤᠴᠠ ᠪᠠ | ᠦᠢᠯᠡᠳᠬᠦ ᠤᠷ᠎ᠠ ᠮᠡᠷᠭᠡᠵᠢᠯ ᠢ ᠰᠢᠰᠲ᠋ᠧᠮ ᠲᠠᠢ ᠰᠤᠷᠤᠬᠰᠠᠨ ᠪᠠᠶᠢᠳᠠᠭ ᠃ | | ᠵᠢᠷᠤᠭ ᠄ ᠯᠢ ᠰᠢᠩ ᠲᠢᠩ ᠤᠨ ᠵᠣᠬᠢᠶᠠᠨ ᠪᠦᠳᠤᠭᠡᠭᠰᠡᠨ ︽ ᠲᠢᠶᠠᠨᠵᠢᠨ ᠤ ᠤᠷᠠᠨ ᠵᠢᠷᠤᠭ ᠤᠨ ᠳᠡᠭᠡᠳᠦ ᠰᠤᠷᠭᠠᠭᠤᠯᠢ ᠶᠢᠨ ᠵᠢᠭᠠᠨ ᠰᠤᠷᠭᠠᠯᠲᠠ ᠶᠢᠨ ᠠᠰᠠᠷ ︾ ᠤᠨ | ᠭᠠᠤᠯᠢᠨ ᠪᠠᠷ ᠤᠨ ᠵᠢᠷᠤᠭ ᠃ | ᠯᠢ ᠰᠢᠩ ᠲᠢᠩ ᠲᠠᠨᠢᠯᠴᠠᠭᠤᠯᠬᠤ ᠳᠠᠭᠠᠨ ᠄ ︽ ᠳᠤᠮᠳᠠᠳᠤ ᠤᠯᠤᠰ ᠪᠣᠯ ᠳᠡᠯᠡᠬᠡᠢ ᠨᠡᠶᠢᠲᠡ ᠳᠤ ᠮᠡᠳᠡᠷᠡᠭᠳᠡᠭᠰᠡᠨ ᠪᠠᠷ ᠵᠢᠷᠤᠭ ᠤᠨ ᠡᠭᠦᠰᠦᠯ ᠤᠨ ᠭᠠᠵᠠᠷ ᠮᠥᠨ ᠂ | ᠬᠠᠮᠤᠭ ᠡᠷᠲᠡᠨ ᠤ ᠪᠠᠷ ᠵᠢᠷᠤᠭ ᠤᠨ ᠪᠦᠲᠦᠭᠡᠯ ᠢ ᠰᠦᠢ ᠲᠠᠩ ᠤᠨ ᠦᠶ᠎ᠡ ᠳᠤ ᠵᠣᠬᠢᠶᠠᠨ ᠪᠦᠲᠦᠭᠡᠭᠰᠡᠨ ᠶᠤᠮ ᠂ ᠣᠲᠣ ᠪᠣᠯᠲᠠᠯ᠎ᠠ ᠨᠢᠭᠡᠨᠲᠡ ᠮᠢᠩᠭ᠎ᠠ ᠭᠠᠷᠤᠢ ᠵᠢᠯ ᠤᠨ | ᠳᠡᠤᠭᠡ ᠲᠠᠢ ᠪᠣᠯᠵᠠᠢ ᠂ ᠭᠡᠰᠡᠨ ᠴᠦ ᠪᠠᠷ ᠵᠢᠷᠤᠭᠴᠢᠨ ᠤ ᠳᠣᠲᠣᠷ᠎ᠠ ᠬᠡᠨ ᠭᠡᠨ ᠪᠠᠶᠢᠬᠤ ᠪᠣᠶ ︖ ᠪᠠᠷ ᠵᠢᠷᠤᠭ ᠤᠨ ᠪᠦᠲᠦᠭᠡᠯ ᠳᠤ ᠶᠠᠭᠤ ᠶᠠᠭᠤ ᠪᠠᠶᠢᠬᠤ ᠪᠣᠶ ︖ | ᠶᠠᠭ ᠯᠠ ᠲᠣᠰ ᠲᠤᠰᠬᠠᠢ ᠮᠡᠷᠭᠡᠵᠢᠯ ᠤᠨ ᠡᠲᠡᠭᠡᠷ ᠬᠥᠮᠥᠰ ᠠᠴᠠ ᠪᠤᠰᠤᠳ ᠮᠡᠳᠡᠬᠦ ᠬᠥᠮᠥᠨ ᠳᠤᠩ ᠴᠦᠭᠡᠨ ᠂ ᠡᠶᠢᠮᠦ ᠠᠴᠠ ᠪᠠᠷ ᠵᠢᠷᠤᠭ ᠢ ᠪᠠᠰᠠ ᠨᠠᠩ ᠣᠷᠳᠣ | ᠴᠠᠭ ᠬᠡᠷᠡᠭᠯᠡᠵᠦ ᠲᠦᠭᠡᠮᠡᠯᠵᠢᠭᠦᠯᠬᠦ ᠬᠡᠷᠡᠭᠲᠡᠢ ᠭᠡᠵᠦ ᠪᠢ ᠪᠤᠳᠤᠵᠤ ᠪᠠᠶᠢᠨ᠎ᠠ ᠂ ᠡᠨᠡ ᠪᠣᠯ ᠪᠠᠰᠠ ᠴᠤ ᠮᠠᠨ ᠤ ᠡᠭᠦᠷᠭᠡ ᠮᠥᠨ ︾ ᠭᠡᠬᠦ ᠶᠤᠮ ᠃ | ᠦᠭᠡ ᠶᠠᠷᠢᠶᠠᠨ ᠤ ᠳᠤᠮᠳᠠ ᠪᠠᠨ ᠯᠢ ᠰᠢᠩ ᠲᠢᠩ ᠨᠢᠭᠡ ᠭᠠᠷ ᠲᠠᠭᠠᠨ ᠨᠢᠮᠭᠡᠨ ᠭᠠᠤᠯᠢᠨ ᠢᠯᠲᠠᠰᠤ ᠠᠳᠬᠤᠵᠤ ᠂ ᠨᠦᠬᠦᠭᠡ ᠭᠠᠷ ᠲᠠᠭᠠᠨ ᠰᠡᠶᠢᠯᠳᠡᠭ ᠵᠡᠭᠦᠦ ᠪᠠᠷᠢᠨ ᠂ | ᠪᠠᠷ ᠵᠢᠷᠤᠭ ᠤᠨ ᠵᠣᠬᠢᠶᠠᠨ ᠪᠦᠲᠦᠭᠡᠯᠭᠡ ᠶᠢᠨ ᠤᠷ᠎ᠠ ᠮᠡᠷᠭᠡᠵᠢᠯ ᠢ ᠲᠠᠨᠢᠯᠴᠠᠭᠤᠯᠤᠨ᠎ᠠ ᠃ | | ᠵᠢᠷᠤᠭ ᠄ ᠯᠢ ᠰᠢᠩ ᠲᠢᠩ ᠤᠷᠠᠨ ᠵᠢᠷᠤᠭ ᠲᠤ ᠪᠠᠭ᠋ᠠᠲᠠᠢ ᠬᠥᠮᠥᠰ ᠲᠤ ᠪᠠᠷ ᠵᠢᠷᠤᠭ ᠤᠨ ᠤᠷᠠᠯᠠᠯ ᠢ ᠶᠠᠷᠢᠵᠤ ᠥᠭᠴᠦ ᠪᠠᠶᠢᠭ᠎ᠠ ᠨᠢ ᠃ ᠾᠧ ᠷᠦᠨ ᠰᠡᠭᠦᠳᠡᠷᠯᠡᠪᠡ | | ᠵᠢᠷᠤᠭ ᠄ ᠯᠢ ᠰᠢᠩ ᠲᠢᠩ ᠪᠦᠲᠦᠭᠡᠭᠳᠡᠬᠦᠨ ᠢ ᠬᠠᠷᠢᠴᠠᠭᠤᠯᠵᠤ ᠂ ᠵᠢᠷᠤᠭᠠᠰᠤ ᠶᠢᠨ ᠭᠦᠨ ᠭᠦᠶᠦᠬᠡᠨ ᠢ ᠬᠡᠷᠬᠢᠨ ᠡᠵᠡᠮᠳᠡᠬᠦ ᠲᠤᠬᠠᠢ ᠲᠠᠶᠢᠯᠪᠤᠷᠢᠯᠠᠨ᠎ᠠ ᠃ ᠾᠧ ᠷᠦᠨ | ᠰᠡᠭᠦᠳᠡᠷᠯᠡᠪᠡ | ᠪᠠᠷ ᠵᠢᠷᠤᠭ ᠤᠨ ᠵᠣᠬᠢᠶᠠᠨ ᠪᠦᠲᠦᠭᠡᠯᠭᠡ ᠶᠢᠨ ᠤᠷ᠎ᠠ ᠮᠡᠷᠭᠡᠵᠢᠯ ᠨᠢ ᠬᠢᠲᠠᠳ ᠵᠢᠷᠤᠭ ᠪᠠ ᠲᠣᠰᠣᠨ ᠪᠤᠳᠤᠭ ᠤᠨ ᠵᠢᠷᠤᠭ ᠠᠴᠠ ᠢᠯᠭᠠᠭ᠎ᠠ ᠲᠠᠢ ᠮᠦᠷᠳᠡᠭᠡᠨ ᠂ | ᠠᠯᠬᠤᠮ ᠳᠠᠷᠠᠭ᠎ᠠ ᠨᠢ ᠣᠯᠠᠨ ᠶᠠᠩᠵᠤ ᠶᠢᠨ ᠪᠠᠶᠢᠳᠠᠭ ᠃ ᠡᠭᠦᠨ ᠳᠤ ᠭᠠᠤᠯᠢᠨ ᠪᠠᠷ ᠤᠨ ᠵᠢᠷᠤᠭ ᠤᠨ ᠤᠷ᠎ᠠ ᠮᠡᠷᠭᠡᠵᠢᠯ ᠮᠠᠰᠢ ᠣᠯᠠᠨ ᠂ ᠦᠷᠭᠦᠯᠵᠢ ᠬᠠᠷᠠᠭᠳᠠᠳᠠᠭ | ᠲᠤᠨᠢ ᠬᠠᠭᠤᠷᠠᠢ ᠪᠠᠷ ᠰᠡᠶᠢᠯᠬᠦ ᠠᠷᠭ᠎ᠠ ᠂ ᠵᠢᠷᠤᠭᠠᠰᠤᠨ ᠤ ᠢᠳᠡᠭᠳᠡᠯ ᠂ ᠲᠣᠭᠤᠰᠣ ᠳᠡᠭᠳᠡᠬᠦ ᠂ ᠲᠣᠰᠣ ᠬᠥᠪᠬᠦ ᠵᠡᠷᠭᠡ ᠪᠤᠶ ᠃ ︽ ᠪᠢ ᠦᠷᠭᠦᠯᠵᠢ ᠵᠢᠷᠤᠭᠠᠰᠤᠨ ᠤ | ᠢᠳᠡᠭᠳᠡᠯ ᠪᠣᠯᠣᠨ ᠲᠣᠭᠤᠰᠣ ᠳᠡᠭᠳᠡᠬᠦ ᠮᠡᠷᠭᠡᠵᠢᠯ ᠢ ᠬᠡᠷᠡᠭᠯᠡᠳᠡᠭ᠂ ᠡᠩ ᠲᠡᠷᠢᠭᠦᠨ ᠳᠤ ᠵᠢᠷᠤᠭ ᠤᠨ ᠶᠡᠭᠡ ᠪᠠᠭ᠎ᠠ ᠲᠠᠢ ᠠᠳᠠᠯᠢᠬᠠᠨ ᠭᠠᠤᠯᠢᠨ ᠬᠠᠪᠲᠠᠰᠤ ᠶᠢ ᠰᠣᠩᠭᠤᠨ | ᠱᠦᠷᠭᠦᠭᠡᠵᠦ ᠭᠢᠯᠦᠭᠡᠷ ᠪᠣᠯᠭᠠᠨ᠎ᠠ᠂ ᠳᠠᠷᠠᠭ᠎ᠠ ᠨᠢ ᠠᠳᠠᠯᠢ ᠪᠤᠰᠤ ᠲᠦᠷᠦᠯ ᠤᠨ ᠰᠡᠶᠢᠯᠳᠡᠭ ᠵᠡᠭᠦᠦ ᠪᠠᠷ ᠰᠡᠶᠢᠯᠵᠦ ᠂ ᠳᠠᠷᠠᠭ᠎ᠠ ᠨᠢ ᠢᠳᠡᠭᠳᠡᠭᠦᠯᠤᠨ ᠂ ᠲᠤᠷᠰᠢᠨ | ᠳᠠᠷᠤᠮᠠᠯᠯᠠᠵᠤ ᠰᠡᠳᠬᠢᠯ᠂ ᠬᠠᠨᠤᠮᠵᠢᠲᠠᠢ ᠪᠤᠯᠪᠠᠯ ᠪᠣᠯᠴᠢᠬᠠᠨ᠎ᠠ᠃ ᠪᠢ ᠣᠯᠠᠩᠬᠢ ᠳᠠᠭᠠᠨ 15 ᠰᠠᠨᠲ᠋ᠢᠮᠧᠲᠷ ᠣᠷᠴᠢᠮ ᠤᠨ ᠵᠢᠵᠢᠭ ᠭᠠᠤᠯᠢᠨ ᠪᠠᠷ ᠤᠨ ᠵᠢᠷᠤᠭ ᠬᠢᠵᠦ | ᠪᠠᠶᠢᠨ᠎ᠠ᠂ ᠶᠡᠷᠦ ᠶᠢᠨ ᠪᠠᠶᠢᠳᠠᠯ ᠳᠤ ᠨᠢᠭᠡ ᠪᠦᠲᠦᠭᠡᠯ ᠢ 1 ᠰᠠᠷ᠎ᠠ ᠣᠷᠴᠢᠮ ᠤᠨ ᠬᠤᠭᠤᠴᠠᠭᠠᠨ ᠳᠤ ᠬᠢᠵᠦ ᠳᠠᠭᠤᠰᠬᠠᠳᠠᠭ ᠃ ᠦᠢᠯᠡᠳᠬᠦ ᠶᠠᠪᠤᠴᠠ ᠳᠤ ᠬᠠᠮᠤᠭ | ᠬᠦᠴᠢᠷᠲᠡᠢ ᠨᠢ ᠵᠢᠷᠤᠭᠠᠰᠤ ᠪᠠ ᠢᠳᠡᠭᠳᠡᠯ ᠤᠨ ᠬᠦᠴᠦᠯᠡᠴᠡ ᠶᠢ ᠡᠵᠡᠮᠰᠢᠬᠦ ᠶᠠᠪᠤᠳᠠᠯ ᠪᠣᠯᠣᠨ᠎ᠠ ᠂ ᠤᠴᠢᠷ ᠨᠢ ᠬᠦᠯᠢᠴᠡᠩᠭᠦᠢ ᠂ ᠨᠠᠷᠢᠨ ᠨᠢᠮᠪᠠᠢ ᠂ ᠲᠠᠰᠤᠷᠠᠯᠲᠠ ᠦᠭᠡᠢ | ᠪᠣᠯᠪᠠᠰᠤᠷᠠᠬᠤ ᠠᠴᠠ ᠭᠠᠳᠠᠨ᠎ᠠ ᠪᠠᠰᠠ ᠠᠩᠬᠠᠷᠤᠯ ᠢᠶᠠᠨ ᠳᠡᠭᠡᠳᠦ ᠬᠡᠮᠵᠢᠶ᠎ᠡ ᠪᠠᠷ ᠲᠥᠪᠯᠡᠷᠡᠭᠦᠯᠬᠦ ᠬᠡᠷᠡᠭᠲᠡᠢ ᠂ ᠵᠢᠭᠠᠬᠠᠨ ᠬᠢᠴᠢᠶᠡᠬᠦ ᠦᠭᠡᠢ ᠪᠣᠯ ᠪᠦᠬᠦ᠋ᠢᠯᠡ ᠵᠢᠷᠤᠭ ᠨᠢ | ᠤᠤᠯ ᠤᠨ ᠲᠥᠰᠥᠪᠯᠡᠯ ᠲᠠᠢ ᠪᠦᠷᠢᠮᠦᠰᠦᠨ ᠠᠳᠠᠯᠢ ᠦᠭᠡᠢ ᠪᠣᠯᠣᠨ᠎ᠠ ︾ ᠭᠡᠵᠦ ᠯᠢ ᠰᠢᠩ ᠲᠢᠩ ᠶᠠᠷᠢᠨ᠎ᠠ᠃ | ᠯᠢ ᠰᠢᠩ ᠲᠢᠩ ᠤᠨ ᠪᠦᠲᠦᠭᠡᠯ ᠨᠢ ᠪᠠᠷᠢᠯᠭ᠎ᠠ ᠂ ᠠᠮᠢᠲᠠᠨ ᠂ ᠴᠡᠴᠡᠭ ᠡᠪᠡᠰᠦ ᠮᠣᠳᠣ ᠵᠡᠷᠭᠡ ᠦᠷᠭᠦᠯᠵᠢ ᠬᠠᠷᠠᠭᠳᠠᠳᠠᠭ ᠠᠮᠢᠳᠤᠷᠠᠯ ᠤᠨ ᠦᠵᠡᠭᠳᠡᠯ ᠢᠶᠠᠷ | ᠰᠡᠳᠦᠪᠯᠡᠬᠦᠨ ᠪᠣᠯᠭᠠᠵᠤ ᠂ ᠠᠳᠠᠯᠢ ᠪᠤᠰᠤ ᠬᠡᠷᠡᠭ ᠪᠣᠳᠠᠰ ᠤᠨ ᠪᠤᠯᠴᠢᠩ ᠤᠨ ᠵᠦᠢ ᠂ ᠬᠡᠷᠡᠯ ᠰᠡᠭᠦᠳᠡᠷ ᠂ ᠪᠦᠲᠦᠴᠡ ᠶᠢᠨ ᠲᠠᠭᠠᠮᠠᠭ ᠵᠢᠴᠢ ᠵᠢᠷᠤᠭ ᠤᠨ ᠪᠣᠷᠣ ᠲᠥᠯᠥᠪ | ᠢ ᠳᠠᠬᠢᠨ ᠪᠦᠳᠤᠭᠡᠬᠦ ᠪᠠᠷ ᠳᠡᠮᠵᠢᠨ ᠂ ᠳᠡᠯᠡᠬᠡᠢ ᠶᠢᠷᠲᠢᠨᠴᠦ ᠳᠤ ᠬᠠᠨᠳᠤᠭᠤᠯᠤᠭᠰᠠᠨ ᠬᠠᠯᠠᠭᠤᠨ ᠬᠠᠶᠢᠷ᠎ᠠ ᠪᠠ ᠬᠦᠰᠡᠯ ᠮᠥᠷᠥᠭᠡᠳᠦᠯ ᠢᠶᠠᠨ ᠢᠯᠡᠳᠬᠡᠳᠡᠭ ᠃ 8 ᠵᠢᠯ ᠤᠨ | ᠬᠤᠭᠤᠴᠠᠭᠠᠨ ᠳᠤ ᠂ ᠲᠡᠷᠡ ᠤᠯᠠᠮᠵᠢᠯᠠᠨ ᠵᠠᠯᠭᠠᠮᠵᠢᠯᠠᠬᠤ ᠬᠦᠴᠦᠨ — ᠨᠠᠨᠵᠢᠩ ᠤᠨ ᠢᠳᠡᠷ ᠵᠠᠯᠠᠭᠤᠴᠤᠳ ᠤᠨ ᠠᠷᠠᠳ ᠤᠨ ᠤᠷᠠᠯᠢᠭ ᠤᠨ ᠪᠦᠲᠦᠭᠡᠯ ᠤᠨ | ᠦᠵᠡᠰᠬᠦᠯᠡᠩ ᠤᠨ ᠠᠯᠲᠠᠨ ᠱᠠᠩᠨᠠᠯ ᠂ ᠳᠥᠷᠪᠡᠳᠦᠭᠡᠷ ᠬᠤᠭᠤᠴᠠᠭᠠᠨ ᠤ ᠪᠤᠯᠭᠠᠷᠢᠶ᠎ᠠ ᠶᠢᠨ ᠸᠠᠷᠨᠠ ᠶᠢᠨ ᠣᠯᠠᠨ ᠤᠯᠤᠰ ᠤᠨ ᠨᠣᠮ ᠬᠠᠳᠠᠭᠠᠯᠠᠬᠤ ᠪᠢᠯᠧᠲ ᠤᠨ | ᠤᠷᠤᠯᠳᠤᠭᠠᠨ ᠤ ᠢᠷᠠᠭᠤ ᠠᠯᠳᠠᠷ ᠤᠨ ᠱᠠᠩᠨᠠᠯ ᠵᠡᠷᠭᠡ 40 ᠭᠠᠷᠤᠢ ᠵᠦᠢᠯ ᠤᠨ ᠤᠯᠤᠰ ᠤᠨ ᠳᠣᠲᠣᠭᠠᠳᠤ ᠭᠠᠳᠠᠭᠠᠳᠤ ᠶᠢᠨ ᠱᠠᠩᠨᠠᠯ ᠢ ᠭᠥᠷᠳᠡᠭᠰᠡᠨ ᠪᠠᠶᠢᠨ᠎ᠠ ᠃ | | ᠵᠢᠷᠤᠭ ᠄ ᠯᠢ ᠰᠢᠩ ᠲᠢᠩ ᠤᠨ ᠱᠠᠩᠨᠠᠯ ᠭᠥᠷᠳᠡᠭᠰᠡᠨ ︽ ᠣᠷᠣ ᠮᠥᠷ ︾ ᠰᠢᠷᠢᠰ ᠪᠦᠲᠦᠭᠡᠯ ᠃ | | ᠵᠢᠷᠤᠭ ᠄ ᠯᠢ ᠰᠢᠩ ᠲᠢᠩ ᠤᠨ ᠱᠠᠩᠨᠠᠯ ᠭᠥᠷᠳᠡᠭᠰᠡᠨ ︽ ᠣᠷᠣ ᠮᠥᠷ ︾ ᠰᠢᠷᠢᠰ ᠪᠦᠲᠦᠭᠡᠯ ᠃ | | ᠥᠨᠥᠳᠥᠷ ᠤᠨ ᠯᠢ ᠰᠢᠩ ᠲᠢᠩ ᠦᠷᠭᠦᠯᠵᠢ ᠵᠡᠭᠦᠨᠭᠠᠷ ᠤᠨ ᠬᠥᠳᠡᠭᠡ ᠲᠣᠰᠬᠤᠨ ᠤ ᠬᠡᠭᠡᠷ᠎ᠡ ᠲᠠᠯ᠎ᠠ ᠂ ᠬᠠᠲᠤᠨ ᠭᠤᠣᠯ ᠤᠨ ᠶᠡᠭᠡ ᠬᠠᠪᠴᠢᠯ ᠵᠡᠷᠭᠡ ᠭᠠᠵᠠᠷ | ᠤᠳ ᠢᠶᠠᠷ ᠭᠦᠨᠵᠡᠭᠡᠶᠢᠷᠡᠵᠦ ᠂ ᠵᠡᠭᠦᠨᠭᠠᠷ ᠤᠨ ᠣᠨᠴᠠᠯᠢᠭ ᠲᠠᠢ ᠤᠷᠠᠯᠢᠭ ᠤᠨ ᠪᠦᠲᠦᠭᠡᠯ ᠢ ᠵᠣᠬᠢᠶᠠᠨ ᠪᠦᠲᠦᠭᠡᠳᠡᠭ ᠪᠠᠶᠢᠨ᠎ᠠ ᠃ ᠲᠡᠭᠦᠨ ᠳᠤ ᠠᠪᠴᠤ ᠬᠡᠯᠡᠪᠡᠯ ᠂ | ᠨᠤᠲᠤᠭ ᠤᠰᠤᠨ ᠤ ᠪᠠᠨ ᠬᠠᠯᠠᠭᠤᠨ ᠰᠢᠷᠤᠢ ᠶᠢ ᠭᠦᠢᠴᠡᠳ ᠣᠶᠢᠯᠠᠭᠠᠬᠤ ᠶᠢᠨ ᠬᠠᠮᠲᠤ ᠪᠠᠰᠠ ᠲᠡᠭᠦᠨ ᠳᠤ ᠨᠡᠩ ᠤᠯᠠᠨ ᠵᠣᠬᠢᠶᠠᠨ ᠪᠦᠲᠦᠭᠡᠬᠦ ᠠᠪᠢᠶᠠᠰ ᠪᠢᠯᠢᠭ | ᠣᠯᠭᠤᠵᠤ ᠴᠢᠳᠠᠳᠠᠭ ᠃ ᠲᠡᠷᠡ ᠤᠷᠠᠨ ᠪᠦᠲᠦᠭᠡᠯ ᠢᠶᠠᠷ ᠢᠶᠠᠨ ᠳᠠᠮᠵᠢᠭᠤᠯᠤᠨ ᠨᠡᠩ ᠤᠯᠠᠨ ᠬᠥᠮᠥᠰ ᠲᠤ ᠭᠠᠤᠯᠢᠨ ᠪᠠᠷ ᠤᠨ ᠵᠢᠷᠤᠭ ᠢ ᠲᠠᠨᠢᠭᠤᠯᠵᠤ ᠂ ᠨᠤᠲᠤᠭ | ᠤᠰᠤ ᠪᠠᠨ ᠲᠠᠨᠢᠭᠤᠯᠬᠤ ᠶᠢ ᠬᠦᠰᠡᠳᠡᠭ ᠶᠤᠮ᠃ | | ᠵᠢᠷᠤᠭ ᠄ ᠯᠢ ᠰᠢᠩ ᠲᠢᠩ ᠤᠨ ᠵᠣᠬᠢᠶᠠᠨ ᠪᠦᠳᠤᠭᠡᠭᠰᠡᠨ ︽ ᠬᠠᠲᠤᠨ ᠭᠤᠣᠯ ᠤᠨ ᠶᠡᠭᠡ ᠬᠠᠪᠴᠢᠯ ︾ ᠤᠨ ᠭᠠᠤᠯᠢᠨ ᠪᠠᠷ ᠤᠨ ᠵᠢᠷᠤᠭ ᠃ | | ᠵᠢᠷᠤᠭ ᠄ ᠯᠢ ᠰᠢᠩ ᠲᠢᠩ ᠤᠨ ᠵᠣᠬᠢᠶᠠᠨ ᠪᠦᠳᠤᠭᠡᠭᠰᠡᠨ ︽ ᠴᠢᠯᠠᠭᠤᠨ ᠠᠭᠤᠢ ᠶᠢᠨ ᠭᠡᠷ ︾ ᠤᠨ ᠭᠠᠤᠯᠢᠨ ᠪᠠᠷ ᠤᠨ ᠵᠢᠷᠤᠭ ᠃ | | | | | |