| ︽ ᠤᠯᠤᠰ ᠠᠴᠠ ᠨᠢᠭᠡ ᠵᠦᠢᠯ ᠤᠨ ᠲᠣᠭᠠᠴᠢᠯᠠᠭᠰᠠᠨ ᠵᠣᠭᠤᠰ ᠲᠠᠷᠬᠠᠭᠠᠪᠠ ᠂ ᠨᠢᠭᠡ ᠬᠥᠮᠦᠨ ᠵᠦᠪᠭᠡᠨ ᠨᠢᠭᠡ ᠯᠡ ᠰᠢᠷᠭᠡᠭ ᠬᠤᠳᠠᠯᠳᠤᠨ ᠠᠪᠴᠤ ᠪᠤᠯᠤᠨ᠎ᠠ ᠂ | ᠨᠢᠭᠡ ᠰᠢᠷᠭᠡᠭ ᠨᠢ 1000 ᠲᠥᠭᠦᠷᠢᠭ ᠂ ᠵᠢᠯ ᠤᠨ ᠰᠡᠭᠦᠯᠴᠢ ᠪᠣᠯᠬᠤ ᠳᠤ ᠡᠭᠡ ᠮᠦᠡᠭᠭᠦ ᠶᠢ ᠪᠠᠲᠤᠯᠠᠬᠤ ᠶᠢᠨ ᠰᠠᠭᠤᠷᠢ ᠲᠡᠭᠡᠷ᠎ᠡ 5 ᠲᠦᠮᠡᠨ ᠲᠥᠭᠦᠷᠢᠭ ᠣᠯᠤᠨ᠎ᠠ ︾ ᠁ | ᠡᠶᠢᠮᠦ ᠪᠤᠯᠬᠢ ᠪᠦᠳᠦᠬᠦᠯᠢᠭ ᠮᠡᠬᠡᠯᠡᠯ ᠨᠢ 6 ᠵᠢᠯ ᠤᠨ ᠬᠤᠭᠤᠴᠠᠭᠠᠨ ᠳᠤ ᠲᠦᠮᠡ ᠭᠠᠷᠤᠢ ᠬᠤᠣᠷ ᠠᠮᠰᠠᠭᠴᠢ ᠶᠢ ᠮᠡᠬᠡᠯᠡᠪᠡ ᠃ 2023 ᠣᠨ ᠤ ᠳᠤᠤᠷ᠎ᠠ ᠬᠠᠭᠠᠰ | ᠵᠢᠯ ᠳᠤ ᠂ ᠹᠦᠵᠢᠶᠠᠨ ᠮᠤᠵᠢ ᠶᠢᠨ ᠵᠠᠩᠵᠸᠦ ᠬᠤᠲᠠ ᠶᠢᠨ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠨᠢ ᠨᠢᠭᠡᠨ ᠮᠡᠬᠡᠯᠡᠯ ᠤᠨ ᠶᠠᠯᠠᠲᠤ ᠪᠦᠯᠬᠦᠮ ᠢ ᠠᠮᠵᠢᠯᠳ᠋ᠨ ᠲᠠᠢ | ᠰᠦᠢᠷᠡᠭᠦᠯᠵᠦ ᠂ ᠬᠡᠷᠡᠭ ᠲᠤ ᠬᠤᠯᠪᠣᠭᠳᠠᠭᠰᠠᠨ ᠵᠣᠭᠤᠰ ᠤᠨ ᠲᠤᠭ᠎ᠠ ᠨᠢ 2 ᠳ᠋ᠦᠩᠰᠢᠭᠤᠷ ᠲᠥᠭᠦᠷᠢᠭ ᠲᠤ ᠬᠦᠷᠴᠡᠶ ᠃ ᠣᠶᠢᠷ᠎ᠠ ᠳᠤ ᠂ ᠪᠠᠶᠢᠴᠠᠭᠠᠬᠤ ᠪᠠᠶᠢᠭᠤᠯᠭ᠎ᠠ ᠨᠢ | ᠲᠣᠰ ᠬᠡᠷᠡᠭ ᠤᠨ ᠭᠤᠤᠯ ᠶᠠᠯ᠎ᠠ ᠬᠢᠭᠰᠡᠨ 12 ᠰᠡᠵᠢᠭᠲᠡᠶ ᠬᠥᠮᠦᠨ ᠳᠤ ᠵᠠᠯᠭᠠᠭ᠎ᠠ ᠪᠠᠷ ᠠᠯᠪᠠᠨ ᠵᠠᠭᠠᠯᠳᠤᠯᠭ᠎ᠠ ᠭᠠᠷᠭᠠᠪᠠ ᠃ ︽ ᠮᠢᠩᠭ᠎ᠠ ᠣᠷᠣᠭᠤᠯᠪᠠᠯ ᠲᠠᠪᠤᠨ ᠲᠦᠮᠡ | ᠣᠯᠤᠨ᠎ᠠ ︾ 67 ᠨᠠᠰᠤᠲᠠᠢ ᠯᠢᠨ ᠣᠪᠣᠭᠲᠤ ᠵᠠᠩᠵᠸᠤ ᠬᠤᠳᠠ ᠶᠢᠨ ᠨᠢᠭᠡᠨ ᠰᠠᠭᠤᠭᠠᠯᠢ ᠠᠷᠠᠳ ᠤᠨ ᠲᠣᠭᠤᠷᠢᠭ ᠲᠤ ᠠᠮᠤᠷ ᠢ ᠬᠠᠮᠠᠭᠠᠯᠠᠭᠴᠢ ᠪᠣᠯᠪᠠ ᠃ ᠬᠡᠳᠦᠨ | ᠵᠢᠯ ᠤᠨ ᠡᠮᠦᠨ᠎ᠡ ᠂ ᠰᠠᠭᠤᠭᠠᠯᠢ ᠠᠷᠠᠳ ᠤᠨ ᠲᠣᠭᠤᠷᠢᠭ ᠤᠨ ᠨᠢᠭᠡ ᠲᠠᠨᠢᠯ ᠬᠥᠮᠦᠨ ᠲᠡᠭᠦᠨ ᠳᠤ ᠄ ︽ ᠤᠯᠤᠰ ᠠᠴᠠ ᠨᠢᠭᠡ ᠵᠦᠢᠯ ᠤᠨ ᠲᠣᠭᠠᠴᠢᠯᠠᠭᠰᠠᠨ ᠵᠣᠭᠤᠰ | ᠲᠠᠷᠬᠠᠭᠠᠪᠠ ᠂ ᠨᠢᠭᠡ ᠬᠥᠮᠦᠨ ᠵᠦᠪᠭᠡᠨ ᠨᠢᠭᠡ ᠯᠡ ᠰᠢᠷᠭᠡᠭ ᠬᠤᠳᠠᠯᠳᠤᠨ ᠠᠪᠴᠤ ᠪᠤᠯᠤᠨ᠎ᠠ ᠂ ᠨᠢᠭᠡ ᠰᠢᠷᠭᠡᠭ ᠨᠢ 1000 ᠲᠥᠭᠦᠷᠢᠭ ᠂ ᠵᠢᠯ ᠤᠨ ᠰᠡᠭᠦᠯᠴᠢ | ᠪᠣᠯᠬᠤ ᠳᠤ ᠡᠭᠡ ᠮᠦᠡᠭᠭᠦ ᠶᠢ ᠪᠠᠲᠤᠯᠠᠬᠤ ᠶᠢᠨ ᠰᠠᠭᠤᠷᠢ ᠲᠡᠭᠡᠷ᠎ᠡ 5 ᠲᠦᠮᠡᠨ ᠲᠥᠭᠦᠷᠢᠭ ᠣᠯᠤᠨ᠎ᠠ ︾ ᠭᠡᠵᠦ ᠬᠡᠯᠡᠭᠰᠡᠨ ᠪᠥᠭᠡᠳ ᠯᠢᠨ ᠣᠪᠣᠭᠲᠤ ᠳᠤ ︽ ᠡᠨᠡ ᠪᠣᠯ | ᠤᠯᠤᠰ ᠤᠨ ᠨᠢᠭᠤᠴᠠ ᠂ ᠶᠠᠭᠠᠬᠢᠭᠰᠠᠨ ᠴᠤ ᠪᠤᠰᠤᠳ ᠲᠤ ᠬᠡᠯᠡᠵᠦ ᠪᠣᠯᠬᠤ ᠦᠭᠡᠢ ︾ ᠭᠡᠵᠦ ᠵᠠᠬᠢᠪᠠ ᠃ ︽ ᠲᠡᠷᠡ ᠪᠠᠰᠠ ᠨᠠᠳᠠᠳᠤ ᠪᠢᠴᠢᠭ ᠮᠠᠲ᠋ᠧᠷᠢᠶᠠᠯ ᠢ | ᠦᠵᠡᠭᠦᠯᠦᠭᠰᠡᠨ ᠃ ᠪᠢ ᠲᠤᠬᠠᠶ ᠶᠢᠨ ᠦᠶ᠎ᠡ ᠳᠤ ︿ ᠤᠯᠤᠰ ᠠᠴᠠ ᠲᠠᠷᠬᠠᠭᠠᠬᠰᠠᠨ ﹀ ᠭᠡᠳᠡᠭ ᠢ ᠨᠢ ᠦᠨᠡᠮᠰᠢᠨ ᠢᠲᠡᠭᠡᠵᠦ ᠂ ᠥᠪᠡᠷ ᠤᠨ ᠪᠡᠶ᠎ᠡ ᠪᠣᠯᠤᠨ ᠭᠡᠷ ᠤᠨ | ᠬᠥᠮᠦᠰ ᠤᠨ ᠪᠡᠶ᠎ᠡ ᠶᠢᠨ ᠭᠠᠷᠤᠯ ᠢᠶᠠᠷ 5000 ᠲᠥᠭᠦᠷᠢᠭ ᠵᠠᠷᠤᠴᠠᠭᠤᠯᠤᠨ 5 ᠰᠢᠷᠭᠡᠭ ᠬᠤᠳᠠᠯᠳᠤᠨ ᠠᠪᠴᠠᠢ ᠂ ᠨᠦᠬᠦᠭᠡ ᠡᠳᠡᠭᠡᠳ ᠨᠠᠳᠠ ᠳᠤ ᠨᠡᠷ᠎ᠡ ᠬᠠᠳᠠᠭᠰᠠᠨ | 5 ᠠᠯᠲᠠᠨ ᠺᠠᠷᠲ ᠢᠯᠡᠭᠡᠵᠡᠶ ︾ ᠭᠡᠵᠦ ᠰᠠᠷ᠎ᠠ ᠳᠠᠭᠠᠨ 2000 ᠯᠠ ᠲᠥᠭᠦᠷᠢᠭ ᠤᠯᠳᠠᠭ ᠯᠢᠨ ᠣᠪᠣᠭᠲᠤ ᠬᠡᠯᠡᠭᠰᠡᠨ ᠢᠶᠠᠨ ᠵᠠᠯᠭᠠᠭᠠᠳ ᠄ ︽ ᠮᠢᠨᠦ | ᠲᠠᠨᠢᠯᠴᠠᠭᠤᠯᠭ᠎ᠠ ᠪᠠᠷ ᠬᠤᠶᠠᠷ ᠨᠠᠶᠢᠵᠠ ᠮᠠᠨᠢ ᠲᠤᠰ ᠲᠤᠰ ᠲᠦᠮᠡ ᠰᠢᠬᠠᠮ ᠲᠥᠭᠦᠷᠢᠭ ᠤᠨ ᠪᠡᠯᠡ ᠣᠷᠣᠭᠤᠯᠵᠠᠶ ᠃ ᠵᠢᠯ ᠤᠨ ᠡᠴᠦᠰ ᠪᠣᠯᠬᠤ ᠳᠤ ᠂ 5 ᠺᠠᠷᠲ ᠢ ᠨᠢ | ᠤᠳᠠᠲᠠᠯ᠎ᠠ ᠰᠣᠯᠢᠵᠤ ᠥᠭᠭᠦᠭᠰᠡᠨ ᠦᠭᠡᠢ ᠪᠣᠯᠬᠤᠷ ᠯᠢᠨ ᠣᠪᠣᠭᠲᠤ ᠰᠠᠶ᠋ᠢ ᠮᠡᠬᠡᠯᠡᠭᠳᠡᠭᠰᠡᠨ ᠢᠶᠠᠨ ᠰᠡᠷᠡᠵᠦ ᠮᠡᠳᠡᠭᠡᠳ ᠂ ᠬᠦᠦ ᠶᠢᠨ ᠢᠶᠠᠨ ᠢᠳᠬᠠᠯ ᠳᠣᠣᠷ᠎ᠠ | ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠳᠤ ᠣᠴᠢᠵᠤ ᠬᠡᠷᠡᠭ ᠮᠡᠳᠡᠭᠦᠯᠪᠡ ᠃ ᠤᠯᠠᠨ ᠬᠤᠬᠢᠷᠠᠯ ᠠᠮᠰᠠᠭᠴᠢ ᠶᠢᠨ ᠬᠡᠯᠡᠬᠦ ᠪᠠᠷ ᠂ ᠰᠦᠢᠳᠬᠡᠯ ᠲᠤᠰᠢᠶᠠᠭᠠᠳ | ᠭᠡᠰᠢᠭᠦᠨ ᠪᠣᠯᠤᠭᠰᠠᠨ ᠤ ᠳᠠᠷᠠᠭ᠎ᠠ ᠂ ᠨᠡᠷ᠎ᠡ ᠮᠡᠳᠡᠭᠦᠯᠤᠭ᠍ᠰᠡᠨ ᠮᠦᠡᠭᠭᠦ ᠣᠯᠳᠠᠭ ᠂ ᠳᠠᠷᠠᠭ᠎ᠠ ᠨᠢ ᠨᠡᠷ᠎ᠡ ᠮᠡᠳᠡᠭᠦᠯᠤᠭ᠍ᠰᠡᠨ ᠮᠦᠡᠭᠭᠦ ᠪᠠᠷ ᠢᠶᠠᠨ ᠸᠢᠴᠠᠲ ᠤᠨ ᠬᠤᠯᠪᠣᠭᠠᠨ ᠳᠤ | ᠲᠠᠷᠬᠠᠭᠠᠭᠰᠠᠨ ︽ ᠱᠧᠩ ᠱᠢ ᠵᠥᠩ ᠬᠤᠸᠠ ︾ ᠰᠦᠯᠵᠢᠶᠡᠨ ᠳᠠᠬᠢ ᠲᠠᠩᠰᠠᠨ ᠨᠤᠮᠧᠷ ᠢᠶᠠᠨ ᠠᠮᠢᠯᠠᠭᠤᠯᠪᠠᠯ ᠲᠠᠷᠤᠢ ᠲᠣᠭᠠᠴᠢᠯᠠᠭᠰᠠᠨ ᠵᠣᠭᠤᠰ ᠢ ᠤᠯᠵᠤ ᠂ ᠨᠡᠷ᠎ᠡ | ᠮᠡᠳᠡᠭᠦᠯᠤᠭ᠍ᠰᠡᠨ ᠮᠦᠡᠭᠭᠦ ᠪᠠᠷ ᠢᠶᠠᠨ 5 ᠲᠦᠮᠡᠨ ᠲᠥᠭᠦᠷᠢᠭ ᠰᠣᠯᠢᠵᠤ ᠠᠪᠴᠤ ᠪᠣᠯᠤᠨ᠎ᠠ ᠭᠡᠨ᠎ᠡ ᠃ ︽ ᠥᠯᠥᠰᠬᠦᠯᠡᠩ ᠪᠣᠷᠣᠯᠠᠭᠤᠯᠭ᠎ᠠ ᠶᠢᠨ ᠬᠡᠯᠪᠡᠷᠢ ᠪᠠᠷ ᠸᠢᠴᠠᠲ ᠤᠨ | ᠬᠤᠯᠪᠣᠭ᠎ᠠ ᠳᠤ ᠡᠭᠦᠨ ᠢᠶᠠᠨ ᠳᠡᠯᠭᠡᠷᠡᠭᠦᠯᠵᠦ ᠂ ᠬᠥᠮᠦᠨ ᠪᠦᠷᠢ ᠪᠡᠶ᠎ᠡ ᠶᠢᠨ ᠦᠨᠡᠮᠯᠡᠯ ᠤᠨ ᠨᠣᠮᠧᠷ ᠂ ᠭᠠᠷ ᠤᠲᠠᠰᠤᠨ ᠤ ᠨᠣᠮᠧᠷ ᠢᠶᠠᠷ ᠢᠶᠠᠨ ᠨᠡᠷ᠎ᠡ ᠮᠡᠳᠡᠭᠦᠯᠬᠦ | ᠮᠦᠡᠭᠭᠦ ᠶᠢ ᠬᠤᠳᠠᠯᠳᠤᠨ ᠠᠪᠴᠤ ᠪᠣᠯᠤᠨ᠎ᠠ ᠂ ᠡᠪᠰᠡᠯ ᠪᠦᠯᠦᠭ ᠤᠨ ᠥᠪᠡᠷ ᠢᠶᠠᠨ ᠤᠳᠤᠷᠢᠳᠴᠤ ᠥᠪᠡᠷ ᠢᠶᠠᠨ ᠲᠤᠬᠯᠠᠬᠤ ᠦᠳᠦᠭᠡᠯᠭᠡ ᠶᠢᠨ ᠳᠣᠣᠷ᠎ᠠ ᠂ ᠨᠡᠷ᠎ᠡ | ᠮᠡᠳᠡᠭᠦᠯᠬᠦ ᠮᠦᠡᠭᠭᠦ ᠶᠢᠨ ᠨᠢᠭᠡᠴᠢ ᠦᠨ᠎ᠡ ᠨᠢ 100 ᠲᠥᠭᠦᠷᠢᠭ ᠪᠠᠶᠢᠭᠰᠠᠨ ᠠᠴᠠ ᠪᠠᠨ ᠠᠭᠠᠵᠢᠮ ᠢᠶᠠᠷ ᠨᠡᠮᠡᠭᠳᠡᠭᠡᠳ 1600 ᠲᠥᠭᠦᠷᠢᠭ ᠪᠤᠯᠵᠠᠢ ︾ ᠭᠡᠵᠦ | ᠵᠠᠩᠵᠸᠦ ᠬᠤᠲᠠ ᠶᠢᠨ ᠳᠣᠲᠣᠭᠠᠳᠤ ᠶᠢ ᠬᠠᠮᠠᠭᠠᠯᠠᠬᠤ ᠲᠣᠪᠴᠢᠶᠠᠨ ᠤ ᠲᠠᠶᠢᠸᠠᠨ ᠤ ᠬᠤᠳᠠᠯᠳᠤᠭᠠᠴᠢᠨ ᠤ ᠪᠠᠯᠠ ᠣᠷᠣᠭᠤᠯᠤᠯᠲᠠ ᠶᠢᠨ ᠲᠣᠭᠤᠷᠢᠭ ᠤᠨ ᠬᠤᠪᠢᠶᠠᠷᠢ | ᠲᠣᠪᠴᠢᠶᠠᠨ ᠤ ᠡᠷᠡᠭᠦᠦ ᠶᠢᠨ ᠬᠡᠷᠡᠭ ᠢ ᠲᠤᠷᠰᠢᠨ ᠪᠠᠶᠢᠴᠠᠭᠠᠬᠤ ᠶᠡᠭᠡ ᠠᠩᠭᠢ ᠶᠢᠨ ᠳᠠᠷᠤᠭ᠎ᠠ ᠼᠠᠢ ᠢ ᠪᠢᠨ ᠭᠡᠯᠡᠭᠰᠡᠨ ᠢᠶᠠᠨ ᠵᠠᠯᠭᠠᠭᠠᠳ ᠂ ᠴᠥᠭᠡᠨ ᠪᠤᠰᠤ | ᠨᠠᠰᠤᠲᠠᠶᠢᠴᠤᠳ ᠡᠭᠢᠨ ᠳᠡᠭᠡᠨ ᠠᠶᠤᠵᠦ ᠪᠠᠶᠢᠬᠰᠠᠨ ᠠᠴᠠ ᠪᠠᠨ ᠰᠡᠭᠦᠯᠳᠡᠵᠦ ᠢᠷᠡᠭᠡᠳ ᠪᠤᠯᠢᠶᠠᠯᠳᠤᠨ ᠬᠤᠳᠠᠯᠳᠤᠨ ᠠᠪᠴᠤ ᠂ ᠮᠠᠰᠢ ᠣᠯᠠᠨ ᠬᠥᠮᠦᠰ ᠨᠢ ᠬᠡᠷ ᠪᠦᠯᠢ ᠂ | ᠨᠠᠶᠢᠵᠠ ᠨᠠᠷ ᠤᠨ ᠢᠶᠠᠨ ᠬᠤᠪᠢ ᠬᠥᠮᠦᠨ ᠤ ᠮᠡᠳᠡᠭᠡ ᠵᠠᠩᠭᠢ ᠶᠢ ᠬᠤᠯᠠᠭᠠᠶᠢᠯᠠᠨ ᠭᠡᠷᠡᠭᠯᠡᠵᠦ ᠡᠭᠦᠨ ᠢ ᠬᠤᠳᠠᠯᠳᠤᠨ ᠠᠪᠴᠠᠢ ᠭᠡᠵᠦ ᠬᠡᠯᠡᠯ᠎ᠡ ᠃ ᠴᠠᠭᠳᠠᠭᠠᠨ ᠤ | ᠲᠠᠯ᠎ᠠ ᠶᠢᠨ ᠪᠠᠶᠢᠴᠠᠭᠠᠨ ᠳᠣᠲᠣᠯᠠᠭᠰᠠᠨ ᠢᠶᠠᠷ ᠂ ᠲᠣᠰ ᠬᠡᠷᠡᠭ ᠲᠤ ᠲᠦᠮᠡ ᠭᠠᠷᠤᠶ ᠬᠥᠮᠦᠨ ᠬᠤᠯᠪᠣᠭᠳᠠᠵᠤ ᠂ ᠣᠯᠠᠩᠬᠢ ᠨᠢ 50 ᠨᠠᠰᠤᠨ ᠠᠴᠠ ᠳᠡᠭᠡᠭᠰᠢᠬᠢ ᠢᠳᠡᠷ | ᠥᠲᠡᠯᠦᠭᠡ ᠨᠠᠰᠤᠨ ᠤ ᠬᠥᠮᠦᠨ ᠪᠠᠶᠢᠵᠤ ᠂ ᠴᠥᠭᠡᠨ ᠪᠤᠰᠤ ᠬᠥᠮᠦᠨ ᠤ ᠠᠮᠢᠳᠤᠷᠠᠯ ᠨᠥᠬᠦᠴᠡᠯ ᠨᠢ ᠲᠡᠶᠢᠮᠦ ᠰᠠᠶᠢᠨ ᠪᠢᠰᠢ ᠶᠤᠮ ᠃ | |