| ᠵᠢᠯ ᠤᠨ ᠠᠵᠢᠯ ᠬᠠᠪᠤᠷ ᠲᠠᠭᠠᠨ ᠬᠡᠳᠡᠭ ᠃ ᠣᠶᠢᠷ᠎ᠠ ᠶᠢᠨ ᠡᠳᠦᠷ ᠤᠳ ᠲᠤ ᠂ ᠵᠡᠭᠦᠨᠭᠠᠷ ᠬᠤᠰᠢᠭᠤᠨ ᠤ ᠡᠯ᠎ᠡ ᠠᠵᠤ ᠠᠬᠤᠶᠢᠯᠠᠯ ︽ ᠱᠠᠯᠠᠪᠳᠠᠨ ᠠᠵᠢᠯᠯᠠᠬᠤ ︾ | ᠪᠠᠶᠢᠳᠠᠯ ᠳᠤ ᠤᠷᠤᠵᠤ ᠂ ᠲᠣᠮᠣ ᠬᠡᠯᠪᠡᠷᠢ ᠶᠢᠨ ᠦᠢᠯᠡᠳᠪᠦᠷᠢ ᠶᠢᠨ ᠪᠠᠶᠢᠰᠢᠩ ᠳᠤ ᠂ ᠡᠯ᠎ᠡ ᠦᠢᠯᠡᠳᠪᠦᠷᠢᠯᠡᠯ ᠤᠨ ᠱᠤᠭᠤᠮ ᠪᠦᠬᠦ ᠬᠦᠴᠦᠨ ᠢᠶᠠᠷ ᠢᠶᠠᠨ | ᠦᠢᠯᠡᠳᠪᠤᠷᠢᠯᠡᠵᠦ ᠂ ᠪᠦᠯᠦᠭ ᠪᠦᠯᠦᠭ ᠪᠠᠷᠠᠭ᠎ᠠ ᠂ ᠬᠠᠭᠤᠳᠠᠰᠤ ᠬᠠᠭᠤᠳᠠᠰᠤ ᠵᠠᠬᠢᠶᠠᠯᠠᠭ᠎ᠠ ᠨᠢᠬᠡᠪᠦᠷᠢ ᠨᠢ ᠠᠵᠤ ᠠᠬᠤᠶᠢᠯᠠᠯ ᠳᠤ ᠲᠠᠰᠤᠷᠠᠯᠲᠠ ᠥᠬᠡᠶ ᠬᠥᠭᠵᠢᠯᠲᠡ ᠶᠢᠨ | ᠬᠥᠳᠡᠯᠭᠡᠬᠦ ᠡᠨᠧᠷᠭᠢ ᠬᠤᠷᠠᠮᠳᠤᠭᠤᠯᠵᠦ ᠦᠭᠬᠦᠨ᠎ᠠ ᠃ | | ᠥᠪᠥᠷ ᠮᠣᠩᠭᠤᠯ ᠤᠨ ᠢᠦᠢ ᠬᠤᠸᠠ ᠰᠢᠨ᠎ᠡ ᠰᠢᠨᠵᠢᠯᠡᠬᠦ ᠤᠬᠠᠭᠠᠨ ᠮᠡᠷᠭᠡᠵᠢᠯ ᠤᠨ ᠮᠠᠲ᠋ᠧᠷᠢᠶᠠᠯ ᠤᠨ ᠬᠢᠵᠠᠭᠠᠷᠲᠤ ᠺᠣᠮᠫᠠᠨᠢ ᠶᠢᠨ ᠮᠦᠯ ᠴᠢᠯᠠᠭᠤ ᠶᠢᠨ | ᠦᠢᠯᠡᠳᠪᠦᠷᠢᠯᠡᠯ ᠤᠨ ᠲᠠᠰᠤᠭ ᠲᠤ ᠂ ᠮᠠᠰᠢᠨ ᠲᠤᠨᠤᠭ ᠬᠦᠷᠴᠢᠭᠢᠨᠡᠵᠦ ᠂ ᠠᠵᠢᠯ ᠤᠨ ᠭᠤᠭᠴᠤᠭ᠎ᠠ ᠡᠮᠬᠢ ᠴᠡᠭᠴᠡ ᠲᠠᠢ ᠶᠠᠪᠤᠭᠳᠠᠵᠤ ᠪᠠᠶᠢᠯ᠎ᠠ ᠃ ᠬᠡᠰᠡᠭ ᠬᠡᠰᠡᠭ | ᠨᠡᠭᠦᠷᠡᠰᠦᠨ ᠴᠢᠯᠠᠭᠤ ᠨᠢ ᠲᠠᠪᠳᠠᠨ ᠪᠤᠯᠪᠠᠰᠤᠷᠠᠬᠳᠠᠭᠠᠳ ᠭᠤᠶᠣᠮᠰᠤᠭ ᠰᠠᠶᠢᠬᠠᠨ ᠬᠤᠪᠢᠰᠤᠯᠳᠠ ᠶᠢ ᠪᠡᠶᠡᠯᠡᠬᠦᠯᠵᠦ ᠂ ᠨᠤᠨᠳᠠᠭ ᠬᠡᠯᠪᠡᠷᠢ ᠶᠢᠨ ᠮᠦᠯ ᠴᠢᠯᠠᠭᠤᠨ ᠤ | ᠦᠢᠯᠡᠳᠬᠦᠨ ᠪᠤᠯᠤᠨ ᠦᠢᠯᠡᠳᠪᠤᠷᠢᠯᠡᠭᠳᠡᠬᠡᠳ ᠂ ᠪᠦᠬᠦ ᠤᠯᠤᠰ ᠤᠨ ᠡᠯ᠎ᠡ ᠭᠠᠵᠠᠷ ᠲᠤ ᠬᠦᠷᠭᠡᠭᠳᠡᠨᠡ ᠃ | | ︽ ᠤᠳᠤᠬᠠᠨ ᠳᠤ ᠂ ᠮᠠᠨ ᠤ ᠦᠢᠯᠡᠳᠬᠦᠨ ᠨᠢᠭᠡᠨᠲᠡ ᠲᠢᠶᠠᠨᠵᠢᠨ ᠂ ᠹᠦᠵᠢᠶᠠᠨ ᠂ ᠭᠤᠸᠠᠩᠳᠦ᠋ᠩ ᠂ ᠬᠤᠨᠠᠨ ᠂ ᠱᠠᠨ ᠰᠢ ᠂ ᠾᠧᠨᠠᠨ ᠂ ᠡᠾᠧᠪᠸᠢ ᠵᠡᠷᠭᠡ ᠭᠠᠵᠠᠷ | ᠤᠳ ᠢ ᠪᠦᠷᠬᠦᠵᠦ ᠪᠤᠢ ᠂ ᠣᠲᠣ ᠭᠠᠭᠴᠠ ᠬᠦ ᠴᠢᠨᠡᠭᠡ ᠪᠠᠷ ᠢᠶᠠᠨ ᠦᠢᠯᠡᠳᠪᠤᠷᠢᠯᠡᠵᠦ ᠪᠠᠶᠢᠮᠠᠨᠵᠢᠨ ᠰᠠᠶ᠋ᠢ ᠳᠤᠤᠷᠠᠳᠤ ᠤᠷᠤᠰᠬᠠᠯ ᠤᠨ ᠬᠠᠷᠢᠴᠠᠭᠠᠨ ᠤ ᠬᠡᠷᠡᠭᠯᠡᠭᠴᠢᠳ | ᠤᠨ ᠬᠡᠷᠡᠭᠴᠡᠭᠡ ᠶᠢ ᠬᠠᠩᠭᠠᠵᠤ ᠴᠢᠳᠠᠬᠤ ᠪᠤᠯᠤᠨ᠎ᠠ ︾ ᠭᠡᠵᠦ ᠥᠪᠥᠷ ᠮᠣᠩᠭᠤᠯ ᠤᠨ ᠢᠦᠢ ᠬᠤᠸᠠ ᠰᠢᠨ᠎ᠡ ᠰᠢᠨᠵᠢᠯᠡᠬᠦ ᠤᠬᠠᠭᠠᠨ ᠮᠡᠷᠭᠡᠵᠢᠯ ᠤᠨ ᠮᠠᠲ᠋ᠧᠷᠢᠶᠠᠯ ᠤᠨ | ᠬᠢᠵᠠᠭᠠᠷᠲᠤ ᠺᠣᠮᠫᠠᠨᠢ ᠶᠢᠨ ᠶᠡᠷᠦᠩᠬᠡᠢ ᠳᠠᠭᠠᠭᠠᠮᠠᠯ ᠵᠤᠤ ᠱᠧᠩ ᠷᠦᠩ ᠶᠠᠷᠢᠨ᠎ᠡ ᠃ | ᠵᠣᠣ ᠱᠧᠩ ᠷᠦᠩ ᠲᠠᠨᠢᠯᠴᠠᠭᠤᠯᠬᠤ ᠳᠠᠭᠠᠨ ᠂ ᠮᠦᠯ ᠴᠢᠯᠠᠭᠤ ᠶᠢ ᠭᠤᠤᠯᠳᠠᠭᠤ ᠭᠠᠯ ᠳᠤ ᠲᠠᠭᠠᠭᠠᠴᠠ ᠲᠠᠢ ᠮᠠᠲ᠋ᠧᠷᠢᠶᠠᠯ ᠂ ᠸᠠᠭᠠᠷ ᠱᠠᠭᠠᠵᠠᠩ ᠂ ᠲᠡᠮᠦᠷᠯᠢᠭ | ᠬᠠᠶᠢᠯᠤᠭᠤᠯᠬᠤ ᠂ ᠴᠢᠳᠬᠤᠬᠤ ᠂ ᠡᠯᠧᠺᠲᠷᠣᠨ ᠵᠡᠷᠭᠡ ᠠᠵᠢᠯ ᠲᠥᠷᠥᠯ ᠳᠤ ᠬᠡᠷᠡᠭᠯᠡᠨ᠎ᠡ ᠂ ᠲᠡᠷᠡ ᠨᠢ ᠥᠨᠳᠥᠷ ᠳᠤᠯᠠᠭᠠᠨ ᠳᠤ ᠲᠡᠰᠪᠤᠷᠢᠳᠡᠢ ᠂ ᠬᠦᠴᠦᠯᠡᠴᠡ ᠨᠢ | ᠥᠨᠳᠥᠷ ᠂ ᠢᠯᠴᠢ ᠳᠠᠮᠵᠢᠭᠤᠯᠬᠤ ᠢᠯᠡᠳᠬᠡᠮᠵᠢ ᠨᠢ ᠪᠠᠭ᠎ᠠ ᠂ ᠡᠨᠧᠷᠭᠢ ᠠᠷᠪᠢᠯᠠᠬᠤ ᠦᠷ᠎ᠡ ᠪᠦᠲᠦᠮᠵᠢ ᠨᠢ ᠢᠯᠡᠷᠬᠡᠶ ᠵᠡᠷᠭᠡ ᠣᠨᠴᠠᠯᠢᠭ ᠲᠠᠢ ᠪᠠᠶᠢᠳᠠᠭ ᠃ | ᠣᠳᠣᠬᠠᠨ ᠳᠤ ᠂ ᠲᠡᠮᠦᠷᠯᠢᠭ ᠬᠠᠶᠢᠯᠤᠭᠤᠯᠬᠤ ᠂ ᠱᠦᠢᠨᠢ ᠂ ᠰᠢᠯ ᠵᠡᠷᠭᠡ ᠠᠵᠢᠯ ᠲᠦᠷᠦᠯ ᠤᠨ ᠬᠦᠴᠦᠲᠡᠢ ᠲᠠᠶᠢᠴᠢᠯᠠᠭ᠎ᠠ ᠪᠠᠷ ᠂ ᠮᠦᠯ ᠴᠢᠯᠠᠭᠤᠨ ᠤ ᠦᠢᠯᠡᠳᠬᠦᠨ ᠤ | ᠴᠢᠨᠡᠷ ᠳᠡᠰ ᠳᠡᠭᠡᠭᠰᠢᠯᠡᠵᠦ ᠂ ᠬᠠᠩᠭᠠᠯᠭ᠎ᠠ ᠨᠢ ᠬᠡᠷᠡᠭᠴᠡᠭᠡ ᠳᠡᠭᠡᠨ ᠬᠦᠷᠦᠯᠴᠡᠬᠦ ᠦᠬᠡᠢ ᠪᠠᠶᠢᠨ᠎ᠠ ᠬᠡᠨ᠎ᠠ ᠃ | ︽ ᠡᠨᠡ ᠵᠢᠯ ᠤᠨ ᠵᠠᠬᠢᠶᠠᠯᠠᠭ᠎ᠠ ᠶᠢᠨ ᠬᠠᠨᠳᠤᠰᠢ ᠠᠴᠠ ᠦᠵᠡᠪᠡᠯ ᠂ ᠪᠢᠳᠡ ᠪᠠᠰᠠ ᠣᠶᠢᠷ᠎ᠠ ᠶᠢᠨ ᠬᠤᠭᠤᠴᠠᠭᠠᠨ ᠳᠤ ᠥᠷᠭᠡᠳᠭᠡᠨ ᠪᠠᠶᠢᠭᠤᠯᠬᠤ ᠶᠢ ᠪᠣᠳᠣᠯᠬᠢᠯᠠᠵᠤ ᠂ | ᠠᠷᠭ᠎ᠠ ᠪᠤᠳᠤᠵᠦ ᠪᠠᠶᠢᠭᠠᠳ ᠨᠢᠭᠡ ᠪᠦᠯᠦᠭ ᠦᠢᠯᠡᠳᠪᠦᠷᠢᠯᠡᠯ ᠤᠨ ᠴᠢᠳᠠᠪᠤᠷᠢ ᠶᠢ ᠨᠡᠮᠡᠭᠳᠡᠭᠦᠯᠵᠦ ᠂ ᠪᠠᠷᠠᠭ᠎ᠠ ᠪᠠᠨ ᠪᠦᠬᠦᠨ ᠢ ᠣᠯᠠᠨ ᠳᠤ ᠬᠠᠨᠭ᠍ᠭᠠᠨ᠎ᠠ ︾ ᠬᠡᠵᠦ ᠵᠤᠤ | ᠱᠧᠩ ᠷᠦᠩ ᠶᠠᠷᠢᠨ᠎ᠡ ᠃ | | ᠤᠷᠳᠤᠰ ᠬᠤᠳᠠ ᠶᠢᠨ ᠭᠦᠸᠧ ᠯᠢ ᠸᠠᠭᠠᠷ ᠱᠠᠭᠠᠵᠠᠩ ᠤᠨ ᠬᠢᠵᠠᠭᠠᠷᠲᠤ ᠺᠣᠮᠫᠠᠨᠢ ᠶᠢᠨ ᠦᠢᠯᠡᠳᠪᠦᠷᠢᠯᠡᠯ ᠤᠨ ᠲᠠᠰᠤᠬ ᠲᠤ ᠂ ᠠᠵᠢᠯᠴᠢᠳ ᠦᠢᠯᠡᠳᠪᠦᠷᠢᠯᠡᠯ ᠤᠨ | ᠱᠤᠭᠤᠮ ᠤᠳ ᠢᠶᠠᠷ ᠠᠵᠢᠯᠯᠠᠵᠦ ᠂ ᠪᠤᠯᠤ ᠶᠢᠨ ᠲᠠᠷᠤᠯᠳᠠ ᠪᠠᠷ ᠬᠡᠪᠰᠢᠬᠦᠯᠦᠬᠡᠳ ᠨᠠᠭᠠᠯᠳᠤᠭᠤᠯᠬᠤ ᠂ ᠰᠢᠯ ᠪᠤᠳᠤᠭ ᠣᠷᠣᠭᠤᠯᠬᠤ ᠂ ᠰᠢᠯ ᠪᠤᠳᠤᠭ ᠢ ᠰᠢᠳᠠᠭᠠᠵᠦ | ᠦᠢᠯᠡᠳᠬᠦᠨ ᠪᠤᠯᠭᠠᠬᠤ ᠪᠤᠯᠳᠠᠯ᠎ᠠ ᠵᠠᠭᠤ ᠭᠠᠷᠤᠢ ᠠᠵᠢᠯ ᠤᠨ ᠳᠠᠷᠠᠭᠠᠯᠠᠯ ᠢ ᠨᠢᠮᠪᠠᠢ ᠶᠠᠪᠤᠬᠳᠠᠭᠤᠯᠤᠭᠠᠳ ᠂ ᠨᠠᠷᠢᠯᠢᠭ ᠰᠠᠶᠢᠬᠠᠨ ᠸᠠᠭᠠᠷ ᠱᠠᠭᠠᠵᠠᠩ ᠤᠨ ᠦᠢᠯᠡᠳᠬᠦᠨ ᠢ | ᠲᠠᠰᠤᠷᠠᠯᠳᠠ ᠦᠭᠡᠢ ᠦᠢᠯᠡᠳᠪᠤᠷᠢᠯᠡᠨ᠎ᠠ ᠃ ᠣᠳᠣᠬᠠᠨ ᠳᠤ ᠂ ᠺᠣᠮᠫᠠᠨᠢ ᠶᠢᠨ ᠦᠢᠯᠡᠳᠪᠦᠷᠢᠯᠡᠯ ᠪᠣᠷᠣᠯᠠᠭᠤᠯᠭ᠎ᠠ ᠶᠢᠨ ᠪᠠᠶᠢᠳᠠᠯ ᠦᠷᠭᠦᠯᠵᠢᠯᠡᠨ ᠰᠠᠶᠢᠵᠢᠷᠠᠵᠦ ᠂ | ᠵᠠᠬᠢᠶᠠᠯᠠᠭ᠎ᠠ ᠶᠢᠨ ᠬᠠᠭᠤᠳᠠᠰᠤ ᠲᠠᠰᠤᠷᠠᠭ᠎ᠠ ᠦᠬᠡᠢ ᠪᠠᠶᠢᠵᠦ ᠂ ᠺᠣᠮᠫᠠᠨᠢ ᠪᠠᠰᠠ ᠰᠢᠨ᠎ᠠ ᠲᠥᠬᠦᠭᠡᠷᠦᠮᠵᠢ ᠨᠡᠮᠡᠵᠦ ᠂ ᠦᠢᠯᠡᠳᠪᠦᠷᠢᠯᠡᠯ ᠤᠨ ᠴᠢᠳᠠᠪᠤᠷᠢ ᠬᠢᠬᠡᠳ | ᠵᠠᠬᠢᠶᠠᠯᠠᠭ᠎ᠠ ᠶᠢᠨ ᠬᠠᠭᠤᠳᠠᠰᠤ ᠶᠢ ᠵᠡᠷᠬᠡ ᠳᠤᠨᠢ《 ᠤᠷᠤᠯᠳᠤᠭᠤᠯᠵᠦ 》᠂ ᠬᠤᠤᠰ ᠠᠰᠢᠭ ᠡᠬᠦᠳᠬᠦ ᠪᠠᠷ ᠪᠠᠶᠢᠨ᠎ᠠ ᠃ | ︽ ᠤᠳᠤ ᠡᠳᠦᠷ ᠤᠨ ᠭᠠᠷᠤᠯᠲᠠ ᠨᠢ ᠦᠨᠳᠦᠰᠦᠨ ᠳᠡᠭᠡᠨ 2 ᠲᠦᠮᠡ ᠤᠷᠴᠢᠮ ᠬᠡᠰᠡᠭ ᠲᠤ ᠬᠦᠷᠴᠦ ᠂ ᠨᠢᠬᠡ ᠰᠠᠷ᠎ᠠ ᠳᠤ 60 ᠲᠦᠮᠡ ᠤᠷᠴᠢᠮ ᠬᠡᠰᠡᠭ ᠲᠤ | ᠬᠦᠷᠬᠦ ᠪᠤᠯᠤᠨ᠎ᠠ ᠃ ᠣᠳᠣᠬᠠᠨ ᠳᠤ ᠤᠯᠤᠰ ᠤᠨ ᠳᠣᠲᠣᠭᠠᠳᠤ ᠶᠢᠨ ᠵᠠᠬᠢᠶᠠᠯᠠᠭ᠎ᠠ ᠪᠠᠷ ᠭᠤᠤᠯᠳᠠᠭᠤᠯᠵᠦ ᠂ ᠬᠤᠶᠢᠰᠢᠳᠠ ᠠᠯᠬᠤᠮ ᠠᠯᠬᠤᠮ ᠢᠶᠠᠷ ᠭᠠᠳᠠᠭᠠᠳᠤ | ᠠᠷᠠᠯᠵᠢᠶᠠᠨ ᠤ ᠵᠠᠬᠢᠶᠠᠯᠠᠭ᠎ᠠ ᠶᠢ ᠳᠤᠰᠴᠤ ᠳᠡᠯᠡᠬᠡᠢ ᠶᠢᠨ ᠵᠠᠬ᠎ᠠ ᠳᠡᠯᠭᠡᠭᠦᠷ ᠲᠤ ᠭᠠᠷᠭᠠᠨ᠎ᠠ ︾ ᠭᠡᠵᠦ ᠤᠷᠳᠤᠰ ᠬᠤᠳᠠ ᠶᠢᠨ ᠭᠦᠸᠧ ᠯᠢ ᠸᠠᠭᠠᠷ ᠱᠠᠭᠠᠵᠠᠩ ᠤᠨ | ᠬᠢᠵᠠᠭᠠᠷᠲᠤ ᠺᠣᠮᠫᠠᠨᠢ ᠶᠢᠨ ᠦᠢᠯᠡᠳᠪᠦᠷᠢᠯᠡᠯ ᠤᠨ ᠮᠡᠷᠭᠡᠵᠢᠯ ᠤᠨ ᠳᠡᠳ᠋ ᠶᠡᠷᠦᠩᠬᠡᠢ ᠳᠠᠭᠠᠭᠠᠮᠠᠯ ᠯᠢ ᠸᠧᠨ ᠺᠧ ᠶᠠᠷᠢᠨ᠎ᠡ ᠃ | | ᠣᠷᠳᠣᠰ ᠬᠤᠲᠠ ᠶᠢᠨ ᠭᠦᠸᠧ ᠯᠢ ᠸᠠᠭᠠᠷ ᠱᠠᠭᠠᠵᠠᠩ ᠤᠨ ᠬᠢᠵᠠᠭᠠᠷᠲᠤ ᠺᠣᠮᠫᠠᠨᠢ ᠪᠤᠯ ᠦᠵᠦᠬᠦᠷ ᠲᠠᠰ ᠤᠨ ᠪᠡᠯᠡᠭ ᠤᠨ ᠱᠠᠭᠠᠵᠠᠩ ᠂ ᠡᠳᠦᠷ ᠲᠤᠲᠤᠮ ᠤᠨ | ᠬᠡᠷᠡᠭᠯᠡᠭᠡᠨ ᠤ ᠱᠠᠭᠠᠵᠠᠩ ᠦᠢᠯᠡᠳᠪᠦᠷᠢᠯᠡᠬᠦ ᠪᠠᠷ ᠭᠤᠤᠯ ᠪᠣᠯᠭᠠᠭᠰᠠᠨ ᠸᠠᠭᠠᠷ ᠱᠠᠭᠠᠵᠠᠩ ᠤᠨ ᠠᠵᠤ ᠠᠬᠤᠶᠢᠯᠠᠯ ᠪᠤᠯᠬᠤ ᠶᠤᠮ ᠂ ᠣᠳᠣᠬᠠᠨ ᠳᠤ ᠦᠢᠯᠡᠳᠪᠦᠷᠢᠯᠡᠵᠦ | ᠭᠠᠷᠭᠠᠭᠰᠠᠨ ᠶᠡᠭᠡ ᠬᠡᠮᠵᠢᠶᠡᠨ ᠤ ᠨᠠᠷᠢᠯᠢᠭ ᠭᠤᠴᠤ ᠲᠠᠢ ᠸᠠᠭᠠᠷ ᠱᠠᠭᠠᠵᠠᠩ ᠨᠢ ᠨᠢᠭᠡᠨᠲᠡ ᠠᠯᠬᠤᠮ ᠠᠯᠬᠤᠮ ᠢᠶᠠᠷ ᠭᠠᠳᠠᠭᠠᠳᠤ ᠳᠤ ᠪᠤᠷᠤᠯᠠᠭᠤᠯᠤᠬᠳᠠᠵᠦ ᠂ | ᠬᠡᠷᠡᠭᠯᠡᠭᠴᠢᠳ ᠲᠤ ᠶᠡᠭᠡ ᠪᠠᠷ ᠬᠦᠷᠢᠶᠡᠯᠡᠭᠳᠡᠵᠦ ᠪᠤᠢ ᠃ | | ᠡᠬᠢᠯᠡᠯᠳᠡ ᠪᠤᠯ ᠰᠢᠢᠳᠪᠤᠷᠢᠳᠤ ᠲᠠᠶᠢᠯᠠᠯᠳᠤᠭᠠᠨ ᠮᠦᠨ ᠂ ᠡᠬᠢᠯᠡᠵᠦ ᠬᠢᠬᠦ ᠨᠢ ᠲᠠᠷᠤᠢ ᠰᠢᠪᠳᠤᠯᠤᠯᠳᠠ ᠮᠦᠨ ᠃ ᠡᠨᠡ ᠵᠢᠯ ᠂ ᠵᠡᠭᠦᠨᠭᠠᠷ ᠬᠤᠰᠢᠭᠤ ︽ ᠰᠠᠯᠬᠢ ᠬᠡᠷᠡᠯ | ᠤᠰᠤᠲᠥ᠋ᠷᠥᠭᠴᠢ ᠬᠠᠳᠠᠭᠠᠯᠠᠬᠴᠠ ᠶᠢᠨ ᠲᠡᠷᠭᠡ ︾ ᠶᠢᠨ ᠠᠵᠤ ᠦᠢᠯᠡᠰ ᠤᠨ ᠰᠦᠷᠦᠭᠵᠢᠯ ᠢ ᠢᠳᠡᠪᠬᠢᠲᠡᠶ ᠪᠦᠳᠦᠬᠡᠨ ᠪᠠᠶᠢᠭᠤᠯᠵᠤ ᠂ ᠲᠢᠶᠠᠨ ᠾᠧ ᠂ ᠶᠤᠸᠠᠨ ᠵᠢᠩ ᠂ | ᠢᠦᠶ ᠵᠢᠩ ᠵᠡᠷᠭᠡ ᠲᠦᠷᠦᠭᠦᠦ ᠪᠦᠯᠦᠭ ᠠᠵᠤ ᠠᠬᠤᠶᠢᠯᠠᠯ ᠢ ᠪᠠᠶᠢᠷᠢᠯᠠᠭᠤᠯᠤᠨ ᠨᠤᠳᠤᠬᠰᠢᠭᠤᠯᠵᠦ ᠂ ᠬᠦᠴᠦ ᠪᠠᠨ ᠬᠠᠮᠳᠤᠳᠬᠠᠨ ᠂ ᠬᠡᠷᠡᠯ ᠴᠡᠨᠡᠭ ᠢᠶᠠᠷ | ᠤᠰᠤᠲᠥ᠋ᠷᠥᠭᠴᠢ ᠦᠢᠯᠡᠳᠬᠦ ᠂ ᠬᠡᠷᠡᠯ ᠴᠡᠨᠡᠭ ᠤᠨ ᠲᠤᠨᠤᠬᠯᠠᠯ ᠂ ᠬᠡᠷᠡᠯ ᠴᠡᠨᠡᠭ ᠤᠨ ᠰᠢᠯ ᠵᠡᠷᠭᠡ ᠲᠥᠷᠥᠯ ᠵᠦᠢᠯ ᠢ ᠪᠠᠶᠢᠭᠤᠯᠤᠨ ᠠᠰᠢᠭᠯᠠᠯᠲᠠ ᠳᠤ ᠤᠷᠤᠭᠤᠯᠪᠠ ᠃ | ᠪᠥᠬᠦ ᠪᠥᠮᠪᠥᠷᠴᠡᠭ ᠤᠨ ᠬᠡᠷᠡᠯ ᠴᠡᠨᠡᠭ ᠤᠨ ᠠᠵᠢᠯ ᠲᠥᠷᠥᠯ ᠤᠨ ᠳᠡᠯᠡᠬᠡᠶ ᠶᠢᠨ ᠠᠩᠬᠠᠳᠠᠬᠴᠢ 500 ᠬᠦᠴᠦᠷᠬᠡᠭ ᠠᠵᠤ ᠠᠬᠤᠶᠢᠯᠠᠯ ᠂ ᠣᠯᠠᠨ ᠲᠠᠯᠠᠰᠲᠤ | ᠴᠠᠬᠢᠭᠤᠷ ᠤᠨ ᠦᠢᠯᠡᠳᠪᠦᠷᠢᠯᠡᠯ ᠤᠨ ᠲᠤᠮᠤᠴᠤᠤᠯ ᠵᠡᠭᠦᠨᠭᠠᠷ ᠬᠤᠰᠢᠭᠤᠨ ᠳᠤ ᠨᠤᠲᠤᠭᠰᠢᠵᠤ ᠂ ᠡᠨᠡ ᠵᠢᠯ ᠤᠨ ᠳᠡᠭᠡᠷ᠎ᠡ ᠬᠠᠭᠠᠰ ᠵᠢᠯ ᠳᠤ ᠠᠵᠢᠯ ᠢᠶᠠᠨ ᠡᠬᠢᠯᠡᠬᠦᠯᠬᠦ | ᠪᠠᠷ ᠪᠠᠶᠢᠨ᠎ᠠ ᠃ ᠡᠭᠦᠨ ᠤ ᠲᠠᠭᠠᠤ ᠂ ᠵᠡᠭᠦᠨᠭᠠᠷ ᠬᠤᠰᠢᠭᠤ ᠴᠢᠬᠤᠯᠠ ᠲᠤᠮᠤ ᠲᠥᠷᠥᠯ ᠵᠦᠢᠯ ᠢ ᠦᠷᠬᠦᠯᠵᠢᠯᠡᠨ ᠬᠦᠳᠦᠯᠦᠨ ᠵᠢᠯᠤᠭᠤᠳᠴᠤ ᠪᠠᠶᠢᠭᠠᠳ | ᠦᠢᠯᠡᠳᠪᠦᠷᠢᠯᠡᠯ ᠢᠶᠠᠨ ᠰᠠᠶᠢᠳᠤᠷ ᠠᠳᠬᠤᠵᠤ ᠂ ᠵᠠᠬᠢᠶᠠᠯᠠᠭ᠎ᠠ ᠶᠢ ᠵᠠᠪᠳᠤᠨ ᠂ ᠪᠥᠬᠦ ᠵᠢᠯ ᠤᠨ ᠰᠢᠨ᠎ᠡ ᠳᠠᠪᠠᠯᠲᠠ ᠶᠢ ᠪᠡᠶᠡᠯᠡᠭᠦᠯᠬᠦ ᠳᠤ ᠰᠠᠶᠢᠨ ᠡᠬᠢᠯᠡᠯᠲᠡ ᠲᠠᠢ ᠪᠣᠯᠭᠠᠵᠤ ᠂ | ᠴᠢᠨᠠᠷ ᠰᠠᠶᠢᠲᠠᠶ ᠬᠥᠭᠵᠢᠯᠲᠡ ᠶᠢᠨ ᠤᠷᠢᠬᠠᠨ ᠬᠠᠪᠤᠷ ᠤᠨ ᠢᠷᠠᠭᠤ ᠠᠶᠠᠰ ᠢ ᠴᠢᠪᠬᠠᠳᠠᠨᠠᠮ ᠃ | |