| ᠵᠡᠬᠦᠡᠭᠠᠷ ᠠᠵᠤ ᠠᠬᠤᠢ ᠶᠢᠨ ᠨᠡᠭᠡᠭᠡᠯᠳᠡ ᠶᠢᠨ ᠤᠷᠤᠨ ᠪᠤᠯ ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠰᠢᠯᠢᠳᠡᠭᠵᠢᠬᠦᠯᠦᠨ ᠨᠢᠬᠡᠳᠦᠬᠦᠯᠦᠭᠰᠡᠨ | ᠨᠢᠬᠡᠳᠦᠬᠡᠷ ᠳᠦᠷᠦᠯ ᠤᠨ ᠠᠵᠤ ᠦᠢᠯᠡᠳᠪᠦᠷᠢ ᠶᠢᠨ ᠨᠡᠬᠡᠬᠡᠯᠳᠡ ᠶᠢᠨ ᠤᠷᠤᠨ ᠪᠤᠯᠬᠤ ᠶᠤᠮ ᠂ ᠵᠡᠬᠦᠡᠭᠠᠷ ᠂ ᠳ᠋ᠠ ᠯᠤ᠋ ᠬᠤᠶᠡᠷ ᠠᠵᠤ ᠦᠢᠯᠡᠰ ᠤᠨ ᠬᠦᠷᠢᠶᠡᠯᠡᠩ ᠢ | ᠬᠠᠷᠢᠶᠠᠯᠠᠵᠦ ᠂ ᠶᠡᠷᠦᠩᠬᠡᠢ ᠳᠦᠯᠦᠪᠵᠢᠬᠦᠯᠦᠭᠰᠡᠨ ᠳᠠᠯᠠᠪᠠᠢ ᠨᠢ 196.7 ᠬᠠᠪᠳᠠᠭᠠᠢ ᠳᠦᠷᠪᠡᠯᠵᠢᠨ ᠺᠢᠯᠦᠮᠧᠲᠷ ︵ ᠵᠡᠬᠦᠡᠭᠠᠷ ᠠᠵᠤ ᠦᠢᠯᠡᠰ ᠤᠨ ᠬᠦᠷᠢᠶᠡᠯᠡᠩ 56. | 7 ᠬᠠᠪᠳᠠᠭᠠᠢ ᠳᠦᠷᠪᠡᠯᠵᠢᠨ ᠺᠢᠯᠤᠮᠧᠲᠷ ᠂ ᠳ᠋ᠠ ᠯᠤ᠋ ᠠᠵᠤ ᠦᠢᠯᠡᠰ ᠤᠨ ᠬᠦᠷᠢᠶᠡᠯᠡᠩ 140 ᠬᠠᠪᠳᠠᠭᠠᠢ ᠳᠦᠷᠪᠡᠯᠵᠢᠨ ᠺᠢᠯᠦᠮᠧᠲᠷ ︶ ᠪᠠᠶᠢᠵᠦ ᠂ ᠭᠤᠤᠯᠯᠠᠬᠤ ᠠᠵᠤ | ᠦᠢᠯᠡᠰ ᠨᠢ ᠤᠷᠭᠠᠨᠢᠭ ᠪᠤᠰᠤ ᠳᠡᠮᠦᠷᠯᠢᠭ ᠪᠤᠰᠤ ᠮᠠᠲ᠋ᠧᠷᠢᠶᠡᠯ ᠂ ᠰᠢᠨ᠎ᠡ ᠪᠠᠷ ᠬᠦᠭᠵᠢᠭᠰᠡᠨ ᠠᠵᠤ ᠦᠢᠯᠡᠰ ᠂ ᠡᠨᠧᠷᠬᠢ ᠬᠢᠮᠢ ᠶᠢᠨ ᠠᠵᠤ ᠦᠢᠯᠡᠳᠪᠤᠷᠢ ᠪᠠ ᠡᠬᠢ | ᠪᠠᠶᠠᠯᠢᠭ ᠢ ᠶᠡᠷᠦᠩᠬᠡᠶᠢᠯᠡᠨ ᠠᠰᠢᠬᠯᠠᠬᠤ ᠪᠤᠯᠤᠨ᠎ᠠ ᠃ ︽ ᠬᠦᠬᠡᠬᠤᠳᠠ ᠪᠤᠭᠤᠳᠤ ᠤᠷᠳᠤᠰ ᠳᠡᠮᠡᠭᠡᠳᠦ ︾ ᠠᠵᠤ ᠠᠬᠤᠢ ᠶᠢᠨ ᠭᠤᠤᠯᠯᠠᠬᠤ ᠤᠷᠤᠨ ᠪᠦᠰᠡ ᠳᠤ | ᠤᠷᠤᠰᠢᠵᠦ ᠂ ᠷᠦᠡᠭᠴᠸᠡᠭ ᠠᠴᠠ ᠦᠬᠠᠢ ᠬᠦᠷᠬᠦ ᠂ ᠬᠦᠬᠡᠬᠤᠳᠠ ᠠᠴᠠ ᠳ᠋ᠠ ᠯᠤ᠋ ᠬᠦᠷᠬᠦ ᠂ ᠦᠪᠤᠷ ᠮᠤᠩᠭᠤᠯ ᠾᠧᠪᠸᠢ ᠶᠢᠨ ᠬᠦᠨᠳᠦ ᠠᠴᠢᠶᠠᠨ ᠤ ᠳᠡᠬᠡᠬᠡᠪᠦᠷᠢ ᠂ | ᠬᠠᠳᠤᠨ ᠭᠤᠤᠯ ᠲᠠᠭᠠᠤ ᠵᠡᠷᠭᠡ ᠶᠢᠨ ᠦᠨᠳᠦᠷ ᠬᠤᠷᠳᠤᠴᠠᠳᠤ ᠵᠠᠰᠠᠮᠠᠯ ᠵᠠᠮ ᠪᠠ ᠬᠦᠬᠡᠬᠤᠳᠠ ᠵᠡᠬᠦᠡᠭᠠᠷ ᠤᠷᠳᠤᠰ ᠤᠨ ᠬᠤᠭᠤᠷᠤᠨᠳᠤᠬᠢ ᠳᠠᠮᠤᠷ ᠵᠠᠮ ᠂ ᠬᠠᠳᠤᠨ | ᠭᠤᠤᠯ ᠳᠠᠭᠠᠤ ᠳᠠᠮᠤᠷ ᠵᠠᠮ ᠨᠢ ᠬᠦᠷᠢᠶᠡᠯᠡᠩ ᠳᠤᠭᠤᠷᠢᠭ ᠢᠶᠠᠷ ᠦᠡᠭᠭᠡᠷᠡᠵᠤ ᠂ ᠬᠦᠬᠡᠬᠤᠳᠠ ᠠᠴᠠ ᠵᠡᠬᠦᠡᠭᠠᠷ ᠂ ᠵᠡᠬᠦᠡᠭᠠᠷ ᠠᠴᠠ ᠳ᠋ᠦᠡᠭᠱᠸᠡᠭ ᠂ ᠪᠠᠶᠠᠨᠨᠠᠭᠤᠷ ᠠᠴᠠ | ᠵᠡᠬᠦᠡᠭᠠᠷ ᠬᠦᠷᠬᠦ ᠳᠠᠮᠤᠷ ᠵᠠᠮ ᠬᠢᠵᠠᠭᠠᠷ ᠢᠶᠠᠷ ᠦᠡᠭᠬᠡᠷᠡᠵᠤ ᠪᠤᠢ ᠃ 1 ᠠᠶᠠᠨᠴᠢᠳ ᠤᠨ ᠳᠡᠬᠡᠬᠡᠪᠦᠷᠢ ᠶᠢᠨ ᠦᠷᠳᠡᠭᠡ ᠂ 3 ᠪᠠᠷᠠᠭᠠᠨ ᠤ ᠳᠡᠬᠡᠬᠡᠪᠦᠷᠢ ᠶᠢᠨ ᠦᠷᠳᠡᠭᠡ | ᠲᠠᠢ ᠂ 3.2 ᠳ᠋ᠦᠡᠭᠰᠢᠭᠤᠷ ᠳᠤᠨ ᠤ ᠭᠠᠳᠠᠬᠰᠢ ᠵᠦᠬᠡᠬᠡᠪᠦᠷᠢᠯᠡᠬᠦ ᠴᠢᠳᠠᠮᠵᠢ ᠶᠢ ᠪᠦᠷᠢᠯᠳᠦᠬᠦᠯᠪᠡ ᠂ ᠰᠢᠨ᠎ᠡ ᠪᠠᠷ ᠪᠠᠶᠢᠭᠤᠯᠤᠬᠰᠠᠨ ᠬᠦᠬᠡᠬᠤᠳᠠ ᠶᠢᠨ ᠬᠤᠷᠢᠡᠭᠡᠷ | ᠤᠯᠠᠨ ᠤᠯᠤᠰ ᠤᠨ ᠨᠢᠰᠬᠡᠯ ᠤᠨ ᠪᠠᠭᠤᠳᠠᠯ ᠠᠴᠠ ᠵᠦᠪᠬᠡᠨ 41 ᠺᠢᠯᠦᠮᠧᠲᠷ ᠵᠠᠶᠢᠳᠡᠢ ᠪᠠᠶᠢᠵᠦ ᠂ ᠤᠷᠤᠨ ᠪᠠᠶᠢᠷᠢ ᠶᠢᠨ ᠵᠠᠮ ᠬᠠᠷᠢᠯᠴᠠᠭ᠎ᠠ ᠳᠦᠬᠦᠮ ᠳᠦᠳᠡ ᠃ | ᠬᠦᠷᠢᠶᠠᠯᠠᠩ ᠲᠤᠭᠤᠷᠢᠭ ᠤᠨ ᠵᠡᠬᠦᠨ ᠪᠡᠶ᠎ᠠ ᠂ ᠬᠤᠶᠢᠳᠤ ᠪᠡᠶ᠎ᠠ ᠨᠢ ᠬᠠᠳᠤᠨ ᠭᠤᠤᠯ ᠲᠠᠢ ᠨᠢᠭᠤᠷᠯᠠᠵᠤ ᠂ ᠬᠢᠵᠠᠭᠠᠷ ᠢᠶᠠᠷ ᠦᠡᠭᠬᠡᠷᠡᠬᠦ ᠵᠢᠯ ᠤᠨ ᠤᠷᠤᠰᠬᠠᠯ ᠤᠨ | ᠬᠡᠮᠵᠢᠶ᠎ᠠ ᠨᠢ 248 ᠳ᠋ᠥᠡᠭᠰᠢᠭᠤᠷ ᠪᠤᠰᠤᠭ᠎ᠠ ᠲᠦᠷᠪᠡᠯᠵᠢᠨ ᠮᠧᠲᠷ ᠂ ᠤᠰᠤ ᠬᠠᠨᠭ᠍ᠭᠠᠬᠤ ᠬᠤᠭᠤᠯᠠᠢ ᠶᠢ 356 ᠺᠢᠯᠤᠮᠧᠲᠷ ᠪᠠᠶᠢᠭᠤᠯᠵᠦ ᠂ ᠤᠷᠴᠢᠯ ᠬᠡᠯᠪᠡᠷᠢ ᠶᠢᠨ | ᠤᠰᠤᠨ ᠤ ᠬᠠᠨᠭ᠍ᠭᠠᠯᠭ᠎ᠠ ᠶᠢ ᠪᠦᠷᠢᠯᠳᠦᠬᠦᠯᠵᠡᠢ ᠃ ᠬᠠᠳᠤᠨ ᠭᠤᠤᠯ ᠤᠨ ᠤᠰᠤ ᠳᠠᠳᠠᠬᠤ ᠠᠮᠠᠰᠠᠷ 3 ᠂ ᠬᠦᠨ ᠬᠤᠳᠳᠤᠭ ︵ ᠠᠮᠢᠳᠤᠷᠡᠯ ᠤᠨ ᠬᠡᠷᠡᠭᠯᠡᠭᠡ ︶ 3 | ᠪᠠᠶᠢᠭᠤᠯᠪᠠ ︔ ᠪᠠᠷᠠᠭᠤᠨ ᠪᠡᠶ᠎ᠠ ᠂ ᠡᠮᠦᠨ᠎ᠡ ᠪᠡᠶ᠎ᠠ ᠨᠢ ᠵᠡᠬᠦᠡᠭᠠᠷ ᠨᠡᠬᠦᠷᠡᠰᠤᠨ ᠠᠭᠤᠷᠬᠠᠢ ᠂ ᠵᠡᠬᠦᠡᠭᠠᠷ ᠤᠨ ᠳᠤᠮᠳᠠ ᠪᠡᠶ᠎ᠠ ᠶᠢᠨ ᠨᠡᠬᠦᠷᠡᠰᠤᠨ ᠠᠭᠤᠷᠬᠠᠢ ᠂ ᠳ᠋ᠦᠡᠭᠱᠸᠡᠭ | ᠤᠨ ᠨᠡᠬᠦᠷᠡᠰᠤᠨ ᠠᠭᠤᠷᠬᠠᠢ ᠲᠠᠢ ᠵᠠᠯᠭᠠᠯᠳᠤᠵᠦ ᠂ ︽ ᠤᠷᠳᠤᠰ ᠤᠨ ᠨᠡᠬᠦᠷᠡᠰᠤ ︾ ᠡᠯᠪᠡᠭ ᠳᠡᠯᠪᠡᠭ ᠪᠠᠶᠢᠳᠠᠭ ᠃ 2*300MW ᠨᠡᠬᠦᠷᠡᠰᠤᠨ ᠴᠢᠯᠠᠭᠤ ᠢᠯᠴᠢ | ᠶᠢᠨ ᠴᠠᠬᠢᠯᠭᠠᠨ ᠦᠢᠯᠡᠳᠪᠦᠷᠢ ᠂ 2*50MW ᠢᠯᠴᠢ ᠶᠢᠨ ᠴᠠᠬᠢᠯᠭᠠᠨ ᠤ ᠬᠠᠮᠳᠤᠷᠠᠬᠰᠠᠨ ᠴᠠᠬᠢᠯᠭᠠᠨ ᠭᠠᠷᠭᠠᠬᠤ ᠦᠢᠯᠡᠳᠪᠤᠷᠢ ᠶᠢ ᠪᠦᠳᠦᠬᠡᠨ ᠪᠠᠶᠢᠭᠤᠯᠵᠦ | ᠠᠰᠢᠬᠯᠠᠯᠳᠠ ᠳᠤ ᠤᠷᠤᠭᠤᠯᠪᠠ ᠃ 2*100 ᠳᠦᠮᠡᠨ KW ᠴᠠᠬᠢᠯᠭᠠᠨ ᠦᠢᠯᠡᠳᠪᠦᠷᠢ ᠶᠢ ᠡᠬᠢᠯᠡᠨ ᠪᠦᠳᠦᠬᠡᠨ ᠪᠠᠶᠢᠭᠤᠯᠵᠤ ᠂ 500KV ᠴᠠᠬᠢᠯᠭᠠᠨ | ᠬᠤᠪᠢᠰᠬᠠᠬᠤ ᠦᠷᠳᠡᠭᠡ ᠶᠢ 1 ᠂ 220KV ᠴᠠᠬᠢᠯᠭᠠᠨ ᠬᠤᠪᠢᠰᠬᠠᠬᠤ ᠦᠷᠳᠡᠭᠡ ᠶᠢ 4 ᠂ 110KV ᠴᠠᠬᠢᠯᠭᠠᠨ ᠬᠤᠪᠢᠰᠬᠠᠬᠤ ᠦᠷᠳᠡᠭᠡ ᠶᠢ 5 ᠪᠦᠳᠦᠬᠡᠨ | ᠪᠠᠶᠢᠭᠤᠯᠵᠤ ᠂ ᠠᠰᠢᠬᠯᠠᠯᠳᠠ ᠳᠤ ᠤᠷᠤᠬᠰᠠᠨ ᠠᠵᠤ ᠠᠬᠤᠶᠢᠯᠡᠯ ᠪᠦᠬᠦᠨ ᠢᠶᠠᠷ ᠢᠶᠠᠨ ᠴᠦᠮ ᠬᠤᠤᠰ ᠴᠠᠬᠢᠯᠭᠠᠨ ᠰᠤᠷᠪᠤᠯᠵᠢ ᠪᠠᠷ ᠴᠠᠬᠢᠯᠭᠠᠨ ᠬᠠᠨᠭ᠍ᠭᠠᠬᠤ ᠶᠢ | ᠪᠡᠶᠡᠯᠡᠬᠦᠯᠪᠡ ︔ ᠤᠰᠤ ᠭᠠᠳᠠᠬᠰᠢᠯᠠᠭᠤᠯᠬᠤ ᠬᠤᠭᠤᠯᠠᠢ ᠳᠤᠤᠷ ᠢ 320.6 ᠺᠢᠯᠦᠮᠧᠲᠷ ᠂ ᠪᠤᠬᠢᠷ ᠤᠰᠤ ᠭᠠᠳᠠᠬᠰᠢᠯᠠᠭᠤᠯᠬᠤ ᠦᠢᠯᠡᠳᠪᠦᠷᠢ ᠶᠢ 3 ᠂ ᠬᠤᠵᠢᠷᠳᠠᠢ | ᠤᠰᠤ ᠶᠢ ᠠᠭᠤᠷᠰᠢᠭᠤᠯᠤᠨ ᠳᠡᠭᠳᠡᠬᠡᠬᠦ ᠴᠦᠬᠦᠷᠦᠮ ᠢ 8 ᠂ ᠪᠤᠷᠤᠭᠠᠨ ᠤ ᠤᠰᠤ ᠬᠤᠷᠢᠶᠠᠬᠤ ᠴᠦᠬᠦᠷᠦᠮ ᠢ 5 ᠂ ᠪᠤᠬᠢᠷ ᠤᠰᠤ ᠶᠢ ᠲᠠᠳᠠᠬᠤ ᠬᠦᠬᠡᠷᠬᠡ ᠶᠢᠨ | ᠦᠷᠳᠡᠭᠡ ᠶᠢ 2 ᠪᠠᠶᠢᠭᠤᠯᠪᠠ ︔ ᠳᠤᠯᠠᠭᠠᠯᠠᠮᠵᠢ ᠬᠠᠨᠭ᠍ᠭᠠᠬᠤ ᠬᠤᠭᠤᠯᠠᠢ ᠶᠢ 100 ᠺᠢᠯᠦᠮᠧᠲᠷ ᠂ ᠰᠢᠳᠠᠮᠠᠬᠠᠢ ᠬᠡᠢ ᠶᠢᠨ ᠲᠠᠮᠵᠢᠭᠤᠯᠬᠤ ᠬᠤᠭᠤᠯᠠᠢ ᠶᠢ 100 | ᠺᠢᠯᠦᠮᠧᠲᠷ ᠤᠬᠰᠠᠷᠠᠪᠠ ︔ ᠬᠦᠷᠢᠶᠡᠯᠡᠩ ᠳᠤᠭᠤᠷᠢᠭ ᠤᠨ ᠳᠡᠷᠭᠡ ᠨᠡᠪᠳᠡᠷᠡᠬᠦ ᠵᠠᠮ ᠤᠨ ᠤᠷᠳᠤ 438 ᠺᠢᠯᠦᠮᠧᠲᠷ ᠂ ᠭᠠᠵᠠᠷ ᠳᠤᠤᠷᠡᠬᠢ ᠬᠤᠭᠤᠯᠠᠢ ᠳᠤᠤᠷ ᠪᠦᠬᠦᠨ | ᠢ ᠨᠢᠬᠡᠯᠡ ᠲᠡᠭᠡᠷ᠎ᠠ ᠭᠠᠵᠠᠷ ᠤᠷᠤᠭᠤ ᠤᠷᠤᠭᠤᠯᠵᠤ ᠂ ᠰᠠᠭᠤᠷᠢ ᠳᠦᠬᠦᠬᠡᠷᠦᠮᠵᠢ ᠶᠢ ᠢᠵᠢ ᠪᠦᠷᠢᠯᠳᠦᠬᠦᠯᠪᠡ ᠃ ᠤᠳᠤᠬᠠᠨ ᠳᠤ ᠨᠤᠳᠤᠬᠰᠢᠬᠰᠠᠨ ᠠᠵᠤ ᠠᠬᠤᠶᠢᠯᠡᠯ | 112 ᠪᠠᠶᠢᠵᠤ ᠂ ᠡᠬᠦᠨ ᠳᠤ ᠬᠡᠪᠴᠢᠶᠠᠵᠢᠯ ᠠᠴᠠ ᠳᠡᠭᠡᠭᠰᠢᠬᠢ ᠠᠵᠤ ᠠᠬᠤᠶᠢᠯᠡᠯ 59 ᠪᠤᠢ ᠃ ᠤᠳᠤ ᠤᠯᠤᠰ ᠤᠨ ᠢᠨᠵᠧᠨᠧᠷᠢᠩ ᠤᠨ ᠰᠤᠳᠤᠯᠭᠠᠨ ᠤ ᠳᠦᠪ 1 ᠂ | ᠠᠬᠠᠯᠠᠬᠴᠢ ᠳ᠋ᠤᠺᠲ᠋ᠤᠷ ᠤᠨ ᠠᠵᠢᠯᠯᠠᠬᠤ ᠦᠷᠳᠡᠭᠡ 3 ᠂ ᠦᠪᠡᠷᠳᠡᠬᠡᠨ ᠵᠠᠰᠠᠬᠤ ᠤᠷᠤᠨ ᠤ ᠳᠡᠰ ᠤᠨ ᠳᠤᠷᠰᠢᠯᠳᠡ ᠶᠢᠨ ᠳᠠᠰᠤᠭ ᠪᠠ ᠢᠨᠵᠧᠨᠧᠷᠢᠩ ᠤᠨ ᠮᠡᠷᠭᠡᠵᠢᠯ | ᠤᠨ ᠰᠤᠳᠤᠯᠭᠠᠨ ᠤ ᠳᠦᠪ 28 ᠂ ᠤᠯᠤᠰ ᠤᠨ ᠳᠡᠰ ᠤᠨ ᠳᠡᠬᠡᠳᠦ ᠰᠢᠨ᠎ᠡ ᠮᠡᠷᠬᠡᠵᠢᠯ ᠤᠨ ᠠᠵᠤ ᠠᠬᠤᠶᠢᠯᠡᠯ 22 ᠪᠠᠶᠢᠵᠦ ᠂ ᠮᠡᠷᠬᠡᠵᠢᠯ ᠤᠨ ᠳᠤᠰᠬᠠᠢ ᠡᠷᠬᠡ ᠶᠢ | ᠨᠠᠶᠢᠳᠠ 794 ᠬᠤᠪᠢ ᠬᠦᠷᠳᠡᠵᠦ ᠂ ᠤᠯᠠᠷᠢᠭᠤᠯᠤᠨ ᠰᠢᠯᠵᠢᠬᠦᠯᠦᠭᠰᠡᠨ ᠰᠢᠨᠵᠢᠯᠡᠬᠦ ᠤᠬᠠᠭᠠᠨ ᠮᠡᠷᠬᠡᠵᠢᠯ ᠤᠨ ᠦᠷ᠎ᠡ ᠪᠦᠳᠦᠬᠡᠯ 210 ᠲᠦᠷᠦᠯ ᠪᠤᠢ ᠃ ᠤᠷᠢᠳ | ᠬᠤᠵᠢᠳ ᠤᠯᠤᠰ ᠤᠨ ᠳᠡᠰ ᠤᠨ ᠪᠤᠬᠢᠷᠳᠤᠯ ᠦᠬᠡᠢ ᠠᠵᠤ ᠦᠢᠯᠡᠳᠪᠦᠷᠢ ᠶᠢᠨ ᠬᠦᠷᠢᠶᠡᠯᠡᠩ ᠳᠤᠭᠤᠷᠢᠭ ᠂ ᠤᠯᠤᠰ ᠤᠨ ᠰᠢᠨ᠎ᠡ ᠬᠡᠯᠪᠡᠷᠢ ᠶᠢᠨ ᠠᠵᠤ | ᠦᠢᠯᠡᠳᠪᠤᠷᠢᠵᠢᠯᠳᠠ ᠶᠢᠨ ᠠᠵᠤ ᠦᠢᠯᠡᠰ ᠤᠨ ᠵᠢᠱᠢᠶ᠎ᠠ ᠦᠵᠡᠬᠦᠯᠬᠦ ᠰᠠᠭᠤᠷᠢᠨ ᠭᠠᠵᠠᠷ ᠂ ᠪᠦᠬᠦ ᠤᠯᠤᠰ ᠤᠨ ᠠᠩᠬᠠᠳᠤᠭᠠᠷ ᠪᠦᠯᠦᠭ ᠠᠵᠤ ᠦᠢᠯᠡᠰ ᠤᠨ ᠬᠡᠯᠪᠡᠷᠢ | ᠪᠠᠨ ᠬᠤᠪᠢᠷᠠᠭᠤᠯᠤᠨ ᠳᠡᠰ ᠳᠡᠪᠰᠢᠬᠦᠯᠬᠦ ᠵᠢᠱᠢᠶ᠎ᠠ ᠦᠵᠡᠬᠦᠯᠬᠦ ᠬᠦᠷᠢᠶᠡᠯᠡᠩ ᠳᠤᠭᠤᠷᠢᠭ ᠂ ᠪᠦᠬᠦ ᠤᠯᠤᠰ ᠤᠨ ᠵᠢᠱᠢᠶᠠᠴᠢ ᠬᠦᠳᠡᠯᠮᠤᠷᠢ ᠶᠢᠨ ᠬᠠᠷᠢᠴᠠᠭ᠎ᠠ ᠡᠶ᠎ᠡ | ᠵᠤᠬᠢᠴᠠᠩᠭᠤᠢ ᠠᠵᠤ ᠦᠢᠯᠡᠳᠪᠦᠷᠢ ᠶᠢᠨ ᠬᠦᠷᠢᠶᠡᠯᠡᠩ ᠳᠤᠭᠤᠷᠢᠭ ᠵᠢᠴᠢ ᠦᠪᠡᠷᠳᠡᠬᠡᠨ ᠵᠠᠰᠠᠬᠤ ᠤᠷᠤᠨ ᠤ ᠨᠢᠬᠡᠳᠦᠬᠡᠷ ᠪᠦᠯᠦᠭ ᠪᠠᠷᠢᠮᠵᠢᠶ᠎ᠠ ᠳᠤ ᠨᠠᠶᠢᠴᠡᠭᠰᠡᠨ ᠬᠢᠮᠢ | ᠶᠢᠨ ᠠᠵᠤ ᠦᠢᠯᠡᠳᠪᠦᠷᠢ ᠶᠢᠨ ᠬᠦᠷᠢᠶᠡᠯᠡᠩ ᠳᠤᠭᠤᠷᠢᠭ ᠂ ᠦᠪᠡᠷᠳᠡᠬᠡᠨ ᠵᠠᠰᠠᠬᠤ ᠤᠷᠤᠨ ᠤ ᠠᠵᠤ ᠦᠢᠯᠡᠰ ᠢ ᠰᠢᠯᠵᠢᠬᠦᠯᠬᠦ ᠶᠢ ᠵᠤᠯᠭᠠᠭᠤᠯᠬᠤ ᠵᠢᠱᠢᠶ᠎ᠠ ᠦᠵᠡᠬᠦᠯᠬᠦ | ᠬᠦᠷᠢᠶᠡᠯᠡᠩ ᠳᠤᠭᠤᠷᠢᠭ ᠂ ᠦᠪᠡᠷᠳᠡᠬᠡᠨ ᠵᠠᠰᠠᠬᠤ ᠤᠷᠤᠨ ᠤ ᠳᠡᠰ ᠤᠨ ᠳᠡᠬᠡᠳᠦ ᠰᠢᠨ᠎ᠡ ᠮᠡᠷᠭᠡᠵᠢᠯ ᠤᠨ ᠤᠨᠴᠠᠯᠢᠬᠳᠤ ᠠᠵᠤ ᠦᠢᠯᠡᠳᠪᠦᠷᠢ ᠶᠢᠨ ᠠᠵᠤ | ᠦᠢᠯᠡᠰᠵᠢᠬᠦᠯᠦᠯᠳᠡ ᠶᠢᠨ ᠰᠠᠭᠤᠷᠢᠨ ᠭᠠᠵᠠᠷ ᠂ ᠦᠪᠡᠷᠳᠡᠭᠡᠨ ᠵᠠᠰᠠᠬᠤ ᠤᠷᠤᠨ ᠤ ︽ ᠳᠠᠯ᠎ᠠ ᠨᠤᠳᠤᠭ ᠤᠨ ᠴᠢᠳᠠᠪᠤᠷᠢᠳᠡᠨ ︾ ᠤ ᠰᠢᠨ᠎ᠡ ᠶᠢ ᠡᠬᠦᠳᠴᠤ ᠦᠢᠯᠡᠰ | ᠪᠦᠳᠦᠬᠡᠬᠦ ᠰᠠᠭᠤᠷᠢᠨ ᠭᠠᠵᠠᠷ ᠂ ᠪᠦᠬᠦ ᠤᠷᠤᠨ ᠤ ᠨᠠᠮ ᠤᠨ ᠪᠠᠶᠢᠭᠤᠯᠤᠯᠳᠠ ᠶᠢᠨ ᠠᠵᠢᠯ ᠤᠨ ᠵᠢᠱᠢᠶ᠎ᠠ ᠦᠵᠡᠬᠦᠯᠬᠦ ᠬᠦᠷᠢᠶᠡᠯᠡᠩ ᠳᠤᠭᠤᠷᠢᠭ ᠵᠢᠴᠢ ᠪᠦᠬᠦ ᠤᠷᠤᠨ ᠤ | ᠠᠵᠤ ᠦᠢᠯᠡᠳᠪᠦᠷᠢ ᠶᠢᠨ ᠬᠦᠷᠢᠶᠡᠯᠡᠩ ᠳᠤᠭᠤᠷᠢᠭ ᠤᠨ ᠶᠠᠷᠦᠩᠭᠡᠶᠢᠯᠡᠭᠰᠡᠨ ᠬᠦᠭᠵᠢᠯᠳᠡ ᠶᠢᠨ ᠬᠢᠷᠢ ᠳᠦᠪᠰᠢᠨ ᠤ《ᠳᠡᠷᠢᠬᠦᠨ ᠤ ᠬᠢ ᠪᠤᠯᠬᠤ ᠪᠠᠷ ᠲᠡᠮᠡᠴᠡᠵᠦ | ᠳᠦᠷᠭᠡᠨ ᠲᠠᠪᠰᠢᠯᠳᠠ ᠲᠠᠢ ᠬᠦᠷᠢᠶᠡᠯᠡᠩ ᠳᠤᠭᠤᠷᠢᠭ》ᠵᠡᠷᠭᠡ ᠢᠷᠠᠭᠤ ᠠᠯᠳᠠᠷ ᠢ ᠬᠦᠷᠳᠡᠵᠡᠢ ᠃ 2023 ᠤᠨ ᠳᠤ ᠠᠵᠤ ᠦᠢᠯᠡᠳᠪᠦᠷᠢ ᠶᠢᠨ ᠶᠡᠷᠦᠩᠬᠡᠢ ᠦᠷᠳᠡᠭ | ᠢ 767.7 ᠳ᠋ᠦᠡᠭᠰᠢᠭᠤᠷ ᠳᠦᠬᠦᠷᠢᠭ ᠢᠶᠠᠷ ᠪᠡᠶᠡᠯᠡᠬᠦᠯᠵᠤ ᠂ 17.6% ᠪᠠᠷ ᠨᠡᠮᠡᠭᠳᠡᠪᠡ ︔ ᠪᠤᠷᠤᠯᠠᠭᠤᠯᠭ᠎ᠠ ᠶᠢᠨ ᠤᠷᠤᠯᠭ᠎ᠠ ᠶᠢ 760.7 ᠳ᠋ᠦᠡᠭᠰᠢᠭᠤᠷ ᠳᠦᠭᠦᠷᠢᠭ | ᠢᠶᠠᠷ ᠪᠡᠶᠡᠯᠡᠬᠦᠯᠵᠦ ᠂18.1% ᠪᠠᠷ ᠨᠡᠮᠡᠭᠳᠡᠪᠡ ︔ ᠠᠵᠤ ᠠᠬᠤᠶᠢᠯᠡᠯ ᠤᠨ ᠠᠰᠢᠭ ᠤᠷᠤᠯᠭ᠎ᠠ ᠶᠢ 180.5 ᠳ᠋ᠦᠡᠭᠰᠢᠭᠤᠷ ᠳᠦᠬᠦᠷᠢᠭ ᠢᠶᠠᠷ ᠪᠡᠶᠡᠯᠡᠬᠦᠯᠵᠤ ᠂ 12. | 7% ᠪᠠᠷ ᠨᠡᠮᠡᠭᠳᠡᠪᠡ ︔ ᠳᠤᠬᠳᠠᠮᠠᠯ ᠬᠦᠷᠦᠩᠭᠡ ᠶᠢᠨ ᠪᠡᠯᠡ ᠤᠷᠤᠭᠤᠯᠤᠯᠳᠠ 23.8% ᠪᠠᠷ ᠨᠡᠮᠡᠭᠳᠡᠪᠡ ᠃ 2024 ᠤᠨ ᠳᠤ ᠵᠢᠱᠢᠯᠳᠠ ᠪᠠᠷ ᠠᠵᠤ | ᠦᠢᠯᠡᠳᠪᠦᠷᠢ ᠶᠢᠨ ᠶᠡᠷᠦᠩᠬᠡᠢ ᠦᠷᠳᠡᠭ ᠢ 810 ᠳ᠋ᠦᠡᠭᠰᠢᠭᠤᠷ ᠳᠦᠬᠦᠷᠢᠭ ᠢᠶᠠᠷ ᠪᠡᠶᠡᠯᠡᠬᠦᠯᠵᠤ ᠂ 5.5% ᠪᠠᠷ ᠨᠡᠮᠡᠭᠳᠡᠬᠦᠯᠦᠨ᠎ᠠ ︔ ᠪᠤᠷᠤᠯᠠᠭᠤᠯᠭ᠎ᠠ ᠶᠢᠨ ᠤᠷᠤᠯᠭ᠎ᠠ | ᠶᠢ 795.5 ᠳ᠋ᠦᠡᠭᠰᠢᠭᠤᠷ ᠳᠦᠬᠦᠷᠢᠭ ᠲᠤ ᠬᠦᠷᠬᠡᠵᠦ ᠂ 4.6% ᠪᠠᠷ ᠨᠡᠮᠡᠭᠳᠡᠬᠦᠯᠦᠨ᠎ᠠ ︔ ᠠᠵᠤ ᠠᠬᠤᠶᠢᠯᠡᠯ ᠤᠨ ᠠᠰᠢᠭ ᠤᠷᠤᠯᠭ᠎ᠠ ᠶᠢ 184 ᠳ᠋ᠦᠡᠭᠰᠢᠭᠤᠷ | ᠲᠦᠬᠦᠷᠢᠭ ᠢᠶᠠᠷ ᠪᠡᠶᠡᠯᠡᠬᠦᠯᠵᠤ ᠂ 2.1% ᠪᠠᠷ ᠨᠡᠮᠡᠭᠳᠡᠬᠦᠯᠦᠨ᠎ᠠ ︔ ᠳᠤᠬᠳᠠᠮᠠᠯ ᠬᠦᠷᠦᠩᠭᠡ ᠶᠢᠨ ᠪᠡᠯᠡ ᠤᠷᠤᠭᠤᠯᠤᠯᠳᠠ ᠶᠢ 23.6% ᠪᠠᠷ ᠨᠡᠮᠡᠭᠳᠡᠬᠦᠯᠦᠨ᠎ᠠ ᠃ | ᠤᠶᠢᠷ᠎ᠡ ᠶᠢᠨ ᠵᠢᠯ ᠠᠴᠠ ᠨᠠᠭᠠᠰᠢ ᠂ ᠨᠡᠬᠡᠬᠡᠯᠳᠡ ᠶᠢᠨ ᠤᠷᠤᠨ ᠳᠤᠰ ᠪᠡᠶ᠎ᠡ ᠶᠢᠨ ᠬᠦᠭᠵᠢᠯᠳᠠ ᠶᠢᠨ ᠳᠠᠪᠠᠭᠤᠯᠢᠭ ᠲᠠᠭᠠᠨ ᠰᠠᠭᠤᠷᠢᠯᠠᠵᠤ ᠂ ᠴᠢᠬᠤᠯᠠ ᠬᠦᠭᠵᠢᠯᠳᠡ | ᠶᠢᠨ ᠠᠵᠠ ᠳᠤᠬᠢᠶᠠᠯ ᠢ ᠴᠢᠩᠭ᠎ᠠ ᠡᠵᠡᠮᠳᠡᠵᠦ ᠂ ᠨᠡᠬᠦᠷᠡᠰᠦ ᠬᠢᠮᠢ ᠶᠢᠨ ᠠᠵᠤ ᠦᠢᠯᠡᠳᠪᠦᠷᠢ ᠶᠢᠨ ᠠᠵᠤ ᠦᠢᠯᠡᠰ ᠤᠨ ᠳᠡᠰ ᠲᠡᠪᠰᠢᠨ ᠵᠢᠱᠢᠶ᠎ᠠ ᠦᠵᠡᠬᠦᠯᠬᠦ ᠶᠢ | ᠳᠦᠷᠭᠡᠳᠬᠡᠵᠤ ᠂ ᠰᠢᠨ᠎ᠡ ᠡᠨᠧᠷᠬᠢ ᠰᠢᠨ᠎ᠡ ᠮᠠᠲ᠋ᠧᠷᠢᠶᠡᠯ ᠤᠨ ᠠᠵᠤ ᠦᠢᠯᠡᠰ ᠢ ᠤᠷᠳᠤᠳᠬᠠᠨ ᠬᠦᠭᠵᠢᠬᠦᠯᠵᠤ ᠂ ᠨᠡᠬᠦᠷᠡᠰᠦ ᠬᠢᠮᠢ ᠶᠢᠨ ᠠᠵᠤ ᠦᠢᠯᠡᠳᠪᠤᠷᠢ ᠪᠠ ᠰᠢᠨ᠎ᠡ | ᠡᠨᠧᠷᠬᠢ ᠶᠢᠨ ᠵᠤᠬᠢᠴᠠᠩᠭᠤᠢ ᠬᠦᠭᠵᠢᠯᠳᠡ ᠶᠢ ᠠᠬᠢᠭᠤᠯᠵᠤ ᠂ ᠤᠳᠤ ᠦᠶ᠎ᠡ ᠶᠢᠨ ᠦᠢᠯᠡᠳᠬᠦ ᠦᠢᠯᠡᠰ ᠤᠨ ᠲᠦᠪᠯᠡᠷᠡᠩᠬᠦᠢ ᠤᠷᠤᠨ ᠢ ᠬᠦᠴᠦᠯᠡᠨ ᠡᠬᠦᠳᠪᠠ ᠃ ᠳ᠋ᠠ | ᠯᠤ᠋ ᠠᠵᠤ ᠦᠢᠯᠡᠰ ᠤᠨ ᠬᠦᠷᠢᠶᠡᠯᠡᠩ ᠨᠢ ᠤᠯᠤᠰ ᠤᠨ ᠳᠦᠯᠦᠪᠵᠢᠬᠦᠯᠦᠨ ᠪᠠᠶᠢᠷᠢᠰᠢᠭᠤᠯᠤᠬᠰᠠᠨ ᠳᠦᠷᠪᠡᠨ ᠤᠯᠤᠰ ᠤᠨ ᠳᠡᠰ ᠤᠨ ᠤᠳᠤ ᠦᠶ᠎ᠡ ᠶᠢᠨ ᠨᠡᠬᠦᠷᠡᠰᠦ | ᠬᠢᠮᠢ ᠶᠢᠨ ᠠᠵᠤ ᠦᠢᠯᠡᠳᠪᠤᠷᠢ ᠶᠢᠨ ᠠᠵᠤ ᠦᠢᠯᠡᠰ ᠤᠨ ᠵᠢᠱᠢᠶ᠎ᠠ ᠦᠵᠡᠬᠦᠯᠬᠦ ᠳᠤᠭᠤᠷᠢᠭ ᠤᠨ ᠭᠤᠤᠯᠳᠠᠯᠭ᠎ᠠ ᠲᠠᠢ ᠪᠦᠳᠦᠭᠡᠨ ᠪᠠᠶᠢᠭᠤᠯᠤᠯᠳᠠ ᠶᠢᠨ ᠬᠦᠷᠢᠶᠡᠯᠡᠩ | ᠳᠤᠭᠤᠷᠢᠭ ᠤᠨ ᠨᠢᠬᠡ ᠨᠢ ᠪᠤᠯᠤᠬᠰᠠᠨ ᠮᠦᠷᠳᠡᠬᠡᠨ ᠪᠠᠰᠠ ᠤᠷᠳᠤᠰ ᠬᠤᠳᠠ ᠶᠢᠨ ᠰᠠᠭᠤᠷᠢ ᠳᠦᠬᠦᠬᠡᠷᠦᠮᠵᠢ ᠪᠠ ᠬᠦᠴᠤᠨ ᠵᠦᠢᠯ ᠤᠨ ᠨᠦᠬᠦᠴᠡᠯ ᠢᠶᠠᠷ ᠬᠠᠮᠤᠭ ᠤᠨ | ᠰᠠᠶᠢᠨ ᠨᠡᠬᠦᠷᠡᠰᠦ ᠪᠠᠷ ᠰᠠᠭᠤᠷᠢ ᠪᠤᠯᠭᠠᠬᠰᠠᠨ ᠬᠢᠮᠢ ᠶᠢᠨ ᠠᠵᠤ ᠦᠢᠯᠡᠳᠪᠦᠷᠢ ᠶᠢᠨ ᠵᠢᠱᠢᠶ᠎ᠠ ᠦᠵᠡᠬᠦᠯᠬᠦ ᠬᠦᠷᠢᠶᠡᠯᠡᠩ ᠳᠤᠭᠤᠷᠢᠭ ᠤᠨ ᠨᠢᠬᠡ ᠪᠤᠯᠤᠬᠰᠠᠨ ᠤ ᠬᠤᠪᠢ | ᠳᠤ ᠂ ᠵᠢᠦ ᠲᠠᠢ ᠂ ᠢ ᠲᠠᠢ ᠂ ᠵᠦᠡᠭ ᠺᠧ ᠪᠤᠯᠤᠨ ᠲᠢᠶᠡᠨ ᠷᠦᠨ ᠢᠶᠠᠷ ᠳᠦᠯᠦᠭᠡᠯᠡᠭᠦᠯᠦᠭᠰᠡᠨ ᠨᠡᠬᠦᠷᠡᠰᠦ ᠬᠢᠮᠢ ᠶᠢᠨ ᠠᠵᠤ ᠦᠢᠯᠡᠳᠪᠦᠷᠢ ᠶᠢᠨ ᠠᠵᠤ ᠦᠢᠯᠡᠰ ᠤᠨ | ᠰᠦᠷᠦᠭᠵᠢᠯ ᠨᠢ ᠨᠡᠬᠦᠷᠡᠰᠦ ᠪᠠᠷ ᠳᠤᠰᠤ ᠪᠤᠯᠪᠠᠰᠤᠷᠠᠭᠤᠯᠬᠤ ᠂ ᠨᠡᠬᠦᠷᠡᠰᠦ ᠪᠠᠷ ᠮᠧᠲ᠋ᠢᠯ ᠠᠯᠺᠤᠤᠯ ᠦᠢᠯᠡᠳᠪᠦᠷᠢᠯᠡᠬᠦ ᠂ ᠨᠡᠬᠦᠷᠡᠰᠦ ᠪᠠᠷ ᠪᠦᠬᠡᠬᠡᠨᠡᠷᠡᠯ ᠠᠯᠺᠧᠨ ᠂ ᠡᠲ᠋ᠢᠯ | ᠬᠤᠶᠠᠷᠴᠢ ᠠᠯᠺᠦᠦᠯ ᠂ ᠲᠦᠷᠬᠡᠳᠬᠡᠬᠦᠷ ᠦᠢᠯᠡᠳᠪᠦᠷᠢᠯᠡᠬᠦ ᠵᠡᠷᠭᠡ ᠬᠢᠮᠢ ᠶᠢᠨ ᠠᠵᠤ ᠦᠢᠯᠡᠳᠪᠦᠷᠢ ᠶᠢᠨ ᠶᠡᠷᠦᠩᠬᠡᠢ ᠦᠢᠯᠡᠳᠪᠤᠷᠢᠯᠡᠬᠦ ᠴᠢᠳᠠᠮᠵᠢ ᠶᠢ 500 ᠲᠦᠮᠡ | ᠤᠷᠴᠢᠮ ᠲᠤᠨ ᠳᠤ ᠬᠦᠷᠬᠦ ᠶᠢ ᠪᠦᠷᠢᠯᠳᠦᠬᠦᠯᠵᠦ ᠂ ᠳᠤᠬᠠᠢ ᠶᠢᠨ ᠭᠠᠵᠠᠷ ᠲᠤ 1000 ᠳᠦᠮᠡᠨ ᠳᠤᠨ ᠨᠡᠬᠦᠷᠡᠰᠦ ᠶᠢ ᠤᠯᠠᠷᠢᠭᠤᠯᠤᠨ ᠰᠢᠯᠵᠢᠬᠦᠯᠵᠦ ᠴᠢᠳᠠᠨ᠎ᠠ ᠃ | 20 ᠬᠠᠪᠳᠠᠭᠠᠢ ᠳᠦᠷᠪᠡᠯᠵᠢᠨ ᠺᠢᠯᠤᠮᠧᠲᠷ ᠤᠨ ᠰᠢᠨ᠎ᠡ ᠡᠨᠧᠷᠬᠢ ᠶᠢᠨ ᠰᠢᠨᠵᠢᠯᠡᠬᠦ ᠤᠬᠠᠭᠠᠨ ᠮᠡᠷᠬᠡᠵᠢᠯ ᠤᠨ ᠠᠵᠤ ᠦᠢᠯᠡᠰ ᠤᠨ ᠰᠠᠭᠤᠷᠢᠨ ᠭᠠᠵᠠᠷ ᠤᠨ ᠪᠦᠳᠦᠬᠡᠨ | ᠪᠠᠶᠢᠭᠤᠯᠤᠯᠳᠠ ᠶᠢ ᠯᠠᠪᠳᠠᠭᠤᠨ ᠢᠶᠠᠷ ᠠᠬᠢᠭᠤᠯᠵᠦ ᠂ ︽ ᠰᠠᠯᠬᠢ ᠬᠡᠷᠡᠯ ᠤᠰᠤᠳᠦ᠋ᠷᠦᠭᠴᠢ ᠬᠠᠳᠠᠭᠠᠯᠠᠬᠳᠠᠴᠠ ᠶᠢᠨ ᠳᠡᠷᠭᠡ ︾ ᠶᠢᠨ ᠳᠡᠬᠡᠳᠦ ᠳᠤᠤᠷᠠᠳᠤ ᠤᠷᠤᠰᠬᠠᠯ ᠤᠨ | ᠪᠦᠬᠦ ᠠᠵᠤ ᠦᠢᠯᠡᠰ ᠤᠨ ᠬᠡᠯᠬᠢᠶ᠎ᠡ ᠶᠢᠨ ᠰᠦᠷᠦᠭᠵᠢᠯ ᠬᠦᠭᠵᠢᠵᠦ ᠂ 84 ᠳᠦᠮᠡᠨ ᠬᠠᠪᠳᠠᠭᠠᠢ ᠳᠦᠷᠪᠡᠯᠵᠢᠨ ᠮᠧᠲᠷ ᠤᠨ ᠪᠠᠷᠢᠮᠵᠢᠶᠠᠵᠢᠬᠰᠠᠨ ᠦᠢᠯᠡᠳᠪᠦᠷᠢ ᠶᠢᠨ | ᠳᠠᠰᠤᠭ ᠢ ᠪᠠᠶᠢᠭᠤᠯᠬᠤ ᠪᠠᠷ ᠲᠦᠯᠦᠪᠯᠡᠵᠦ ︵ 20 ᠳᠦᠮᠡᠨ ᠬᠠᠪᠳᠠᠭᠠᠢ ᠳᠦᠷᠪᠡᠯᠵᠢᠨ ᠮᠧᠲᠷ ᠢ ᠨᠢᠬᠡᠨᠳᠡ ᠪᠠᠶᠢᠭᠤᠯᠪᠠ ︶ ᠂ ᠲᠢᠶᠠᠨ ᠾᠧ ᠤᠨ ᠬᠡᠷᠡᠯ ᠡᠨᠧᠷᠬᠢ ᠂ | ᠶᠤᠸᠠᠨ ᠵᠢᠩ ᠂ ᠲᠦᠡᠭ ᠸᠧᠢ ᠂ ᠰᠠᠨ ᠰᠢᠶᠠ ᠂ ᠢᠤᠢ ᠵᠢᠩ ᠵᠡᠷᠭᠡ ᠭᠤᠤᠯᠳᠠᠯᠭ᠎ᠠ ᠲᠠᠢ ᠠᠷᠪᠠᠭᠠᠳ ᠠᠵᠤ ᠠᠬᠤᠶᠢᠯᠡᠯ ᠢ ᠤᠷᠤᠭᠤᠯᠵᠦ ᠠᠪᠴᠢᠷᠠᠪᠠ ᠃ ᠲᠢᠶᠡᠨ ᠾᠧ | ᠤᠨ ᠬᠡᠷᠡᠯ ᠡᠨᠧᠷᠬᠢ ᠪᠠᠷ ᠳᠦᠯᠦᠭᠡᠯᠡᠬᠦᠯᠦᠭᠰᠡᠨ ᠰᠢᠨ᠎ᠡ ᠡᠨᠧᠷᠬᠢ ᠶᠢᠨ ᠳᠤᠨᠤᠬᠯᠠᠯ ᠦᠢᠯᠡᠳᠬᠦ ᠠᠵᠤ ᠦᠢᠯᠡᠰ ᠤᠨ ᠦᠢᠯᠡᠳᠪᠤᠷᠢᠯᠡᠬᠦ ᠴᠢᠳᠠᠮᠵᠢ ᠶᠢ 4GW ᠂ | 2000 ᠰᠠᠤᠷᠢ ᠳᠤ ᠬᠦᠷᠬᠦ ᠶᠢ ︵ ᠢᠵᠢ ︶ ᠪᠦᠷᠢᠯᠳᠦᠬᠦᠯᠪᠡ ᠃ ᠵᠡᠬᠦᠡᠭᠠᠷ ᠠᠵᠤ ᠦᠢᠯᠡᠰ ᠤᠨ ᠬᠦᠷᠢᠶᠡᠯᠡᠩ ᠰᠢᠨ᠎ᠡ ᠪᠠᠷ ᠬᠦᠭᠵᠢᠭᠰᠡᠨ ᠠᠵᠤ ᠦᠢᠯᠡᠰ ᠪᠠ | ᠤᠷᠭᠠᠨᠢᠭ ᠪᠤᠰᠤ ᠲᠠᠮᠦᠷᠯᠢᠭ ᠪᠤᠰᠤ ᠠᠵᠤ ᠦᠢᠯᠡᠰ ᠢ ᠶᠡᠬᠡᠪᠡᠷ ᠬᠦᠭᠵᠢᠬᠦᠯᠬᠦ ᠶᠢᠨ ᠲᠠᠭᠠᠤ ᠂ ᠳᠠᠷᠢᠶᠠᠯᠠᠩ ᠤᠨ ᠳᠤᠰᠠᠯᠠᠬᠤ ᠪᠦᠳᠦᠭᠡᠭᠳᠡᠬᠦᠨ ᠢ ᠨᠠᠷᠢᠯᠢᠭ | ᠪᠤᠯᠪᠠᠰᠤᠷᠠᠭᠤᠯᠬᠤ ᠠᠵᠤ ᠦᠢᠯᠡᠰ ᠤᠨ ᠬᠦᠭᠵᠢᠯᠳᠡ ᠶᠢ ᠳᠦᠯᠦᠪᠵᠢᠬᠦᠯᠦᠨ ᠠᠬᠢᠭᠤᠯᠵᠤ ᠂ ᠢ ᠳ᠋ᠦᠡᠭ ᠂ ᠰᠢᠩ ᠶᠠᠩ ᠂ ᠸᠠᠩ ᠳ᠋ᠤᠤ ᠠᠷᠢᠬᠢᠨ ᠤ ᠦᠢᠯᠡᠰ ᠪᠠ | ᠦᠨᠳᠦᠷᠯᠢᠭ ᠤᠨ ᠬᠦᠢᠯᠡᠰᠦᠨ ᠴᠦᠮ᠎ᠡ ᠶᠢᠨ ᠤᠮᠳᠠᠭᠠᠨ ᠢᠶᠠᠷ ᠳᠦᠯᠦᠭᠡᠯᠡᠬᠦᠯᠦᠭᠰᠡᠨ ᠱᠦᠢᠨᠢ ᠂ ᠱᠠᠭᠠᠵᠠᠩ ᠂ ᠡᠯᠧᠺᠲᠷᠤᠨ ᠳᠡᠰ ᠤᠨ ᠴᠠᠬᠢᠭᠤᠷ ᠂ ᠬᠠᠷ᠎ᠠ ᠠᠷᠢᠬᠢ ᠂ | ᠵᠢᠮᠢᠰ ᠤᠨ ᠤᠮᠳᠠᠭᠠᠨ ᠵᠡᠷᠭᠡ ᠡᠯ᠎ᠡ ᠳᠦᠷᠦᠯ ᠤᠨ ᠦᠢᠯᠡᠳᠪᠤᠷᠢᠯᠡᠬᠦ ᠴᠢᠳᠠᠮᠵᠢ ᠶᠢ 500 ᠭᠠᠷᠤᠢ ᠳᠦᠮᠡᠨ ᠳᠤᠨ ᠳᠤ ᠬᠦᠷᠬᠦ ᠶᠢ ᠪᠦᠷᠢᠯᠳᠦᠬᠦᠯᠵᠦ ᠂ ᠲᠢᠶᠧ ᠴᠧᠨ | ᠤ ᠤᠶᠤᠨᠴᠢ ᠠᠭᠤᠷᠬᠠᠢ ᠶᠢᠨ ᠠᠴᠢᠶᠠᠨ ᠤ ᠮᠠᠰᠢᠨ ᠳᠡᠷᠭᠡ ᠶᠢᠨ ᠦᠢᠯᠡᠳᠪᠤᠷᠢᠯᠡᠬᠦ ᠴᠢᠳᠠᠮᠵᠢ ᠶᠢ 3500 ᠰᠠᠤᠷᠢ ︵ ᠢᠵᠢ ︶ ᠂ ᠤᠮᠠᠷᠠᠳᠦ ᠶᠢᠨ ᠬᠠᠮᠤᠭ ᠤᠨ ᠳᠤᠮᠤ | ᠢᠤᠢ ᠵᠢᠩ ᠰᠢᠨᠵᠢᠯᠡᠬᠦ ᠤᠬᠠᠭᠠᠨ ᠮᠡᠷᠬᠡᠵᠢᠯ ᠤᠨ ᠬᠦᠪᠦᠮᠡᠯ ᠰᠢᠯ ᠤᠨ ᠦᠢᠯᠡᠳᠪᠤᠷᠢᠯᠡᠬᠦ ᠴᠢᠳᠠᠮᠵᠢ ᠶᠢ 1200 ᠳᠦᠮᠡᠨ ᠬᠦᠨᠳᠤ ᠶᠢᠨ ᠬᠠᠶᠢᠷᠴᠠᠭ ᠂ ᠬᠠᠨ ᠰᠢᠶᠠ | ᠬᠡᠷᠡᠯᠯᠢᠭ ᠬᠠᠪᠳᠠᠰᠤ ᠪᠠᠷ ᠨᠤᠭᠤᠭᠠᠨ ᠤᠰᠤᠳᠦ᠋ᠷᠦᠭᠴᠢ ᠦᠢᠯᠡᠳᠪᠤᠷᠢᠯᠡᠬᠦ ᠴᠢᠳᠠᠮᠵᠢ ᠶᠢ ᠳᠦᠮᠡᠨ ᠳᠤᠨ ᠳᠤ ᠬᠦᠷᠬᠦ ᠶᠢ ᠪᠦᠷᠢᠯᠳᠦᠬᠦᠯᠪᠡ ᠃ 2023 ᠤᠨ ᠳᠤ ᠂ | ᠨᠡᠬᠡᠬᠡᠯᠳᠡ ᠶᠢᠨ ᠤᠷᠤᠨ ᠨᠢ ᠬᠡᠯᠡᠯᠴᠡᠬᠡᠷ ᠢᠶᠠᠷ 27 ᠲᠦᠷᠦᠯ ᠵᠦᠢᠯ ᠢ ᠤᠷᠤᠭᠤᠯᠤᠨ ᠠᠪᠴᠢᠷᠠᠵᠦ ᠂ ᠳᠦᠷᠦᠯ ᠵᠦᠢᠯ ᠤᠨ ᠨᠦᠬᠡᠴᠡ ᠪᠡᠯᠡ ᠤᠷᠤᠭᠤᠯᠤᠯᠳᠠ ᠶᠢ | 2983 ᠳ᠋ᠦᠡᠭᠰᠢᠭᠤᠷ ᠳᠦᠬᠦᠷᠢᠭ ᠪᠡᠶᠡᠯᠡᠬᠦᠯᠪᠡ ᠃ ᠬᠡᠷ᠎ᠡ ᠳᠤᠬᠳᠠᠬᠰᠠᠨ ᠶᠡᠷᠦᠩᠬᠡᠢ ᠪᠡᠯᠡ ᠤᠷᠤᠭᠤᠯᠤᠯᠳᠠ ᠪᠠᠷ 1600 ᠳ᠋ᠦᠡᠭᠰᠢᠭᠤᠷ ᠳᠦᠬᠦᠷᠢᠭ ᠲᠤ ᠬᠦᠷᠦᠭᠰᠡᠨ | ᠷᠦᠡᠭ ᠱᠸᠡᠭ ᠪᠤᠬᠢᠷᠳᠤᠯ ᠦᠬᠡᠢ ᠨᠡᠬᠦᠷᠡᠰᠦ ᠬᠢᠮᠢ ᠶᠢᠨ ᠠᠵᠤ ᠦᠢᠯᠡᠳᠪᠤᠷᠢ ᠶᠢᠨ ᠨᠢᠬᠡ ᠴᠤᠬᠴᠠᠵᠢᠭᠤᠯᠤᠬᠰᠠᠨ ᠳᠦᠷᠦᠯ ᠵᠦᠢᠯ ᠨᠢ ᠦᠪᠡᠷᠳᠡᠬᠡᠨ ᠵᠠᠰᠠᠬᠤ ᠤᠷᠤᠨ | ᠤ ᠳᠡᠦᠬᠡᠨ ᠳᠡᠬᠡᠷᠡᠬᠢ ᠳᠠᠩ ᠢᠶᠠᠷ ᠪᠡᠯᠡ ᠤᠷᠤᠭᠤᠯᠤᠬᠰᠠᠨ ᠳᠤᠭ᠎ᠠ ᠪᠠᠷ ᠬᠠᠮᠤᠭ ᠤᠨ ᠳᠤᠮᠤ ᠳᠦᠷᠦᠯ ᠵᠦᠢᠯ ᠪᠤᠯᠤᠬᠰᠠᠨ ᠪᠠᠶᠢᠨ᠎ᠠ ︔ ᠲᠦᠡᠭ ᠸᠧᠢ ᠪᠤᠬᠢᠷᠳᠤᠯ | ᠦᠬᠡᠢ ᠰᠠᠭᠤᠷᠢ ᠮᠠᠲ᠋ᠧᠷᠢᠶᠡᠯ ᠢ ᠨᠢᠬᠡ ᠴᠤᠬᠴᠠᠵᠢᠭᠤᠯᠬᠤ ᠂ ᠸᠠᠨ ᠸᠧᠢ ᠢ ᠲᠠᠢ ᠶᠢᠨ 40 ᠳᠦᠮᠡᠨ ᠳᠤᠨ PVA ᠂ ᠵᠢᠶᠠ ᠶᠠᠩ ᠴᠠᠬᠢᠭᠤᠷ ᠢᠶᠠᠷ ᠰᠠᠭᠤᠷᠢ | ᠪᠤᠯᠭᠠᠬᠰᠠᠨ ᠮᠠᠲ᠋ᠧᠷᠢᠶᠡᠯ ᠂ ᠬᠦᠢ ᠶᠤᠸᠡᠨ ᠰᠢᠨ᠎ᠡ ᠡᠨᠧᠷᠬᠢ ᠶᠢᠨ 2 ᠳᠦᠮᠡᠨ ᠳᠤᠨ ᠴᠠᠬᠢᠭᠤᠷ ᠢᠶᠠᠷ ᠰᠠᠭᠤᠷᠢ ᠪᠤᠯᠭᠠᠬᠰᠠᠨ ᠰᠦᠬᠡᠷᠬᠦ ᠲᠤᠶᠢᠯ ᠤᠨ ᠮᠠᠲ᠋ᠧᠷᠢᠶᠡᠯ ᠵᠡᠷᠭᠡ | ᠳ᠋ᠦᠡᠭᠰᠢᠭᠤᠷ ᠳᠦᠬᠦᠷᠢᠭ ᠠᠴᠠ ᠳᠡᠭᠡᠭᠰᠢᠬᠢ 9 ᠳᠦᠷᠦᠯ ᠵᠦᠢᠯ ᠢ ᠠᠮᠵᠢᠯᠳᠠ ᠲᠠᠢ ᠳᠠᠳᠠᠨ ᠤᠷᠤᠭᠤᠯᠪᠠ ᠃ ᠨᠡᠬᠦᠷᠡᠰᠦ ᠶᠢ ᠴᠡᠪᠡᠷ ᠦᠨᠳᠦᠷ ᠪᠦᠳᠦᠮᠵᠢᠳᠡᠢ ᠪᠠᠷ | ᠠᠰᠢᠬᠯᠠᠬᠤ ᠵᠡᠬᠦᠡᠭᠠᠷ ᠤᠨ ᠰᠤᠳᠤᠯᠤᠨ ᠨᠡᠬᠡᠬᠡᠬᠦ ᠳᠦᠪ ᠢ ᠡᠬᠢᠯᠡᠨ ᠪᠠᠶᠢᠭᠤᠯᠵᠤ ᠂ ᠴᠢᠶᠠᠨ ᠰᠢ ᠭᠤᠤ ᠂ ᠯᠢ ᠶᠦᠡᠭ ᠸᠠᠩ ᠵᠡᠷᠭᠡ 6 ᠰᠢᠨᠵᠢᠯᠡᠬᠦ ᠤᠬᠠᠭᠠᠨ ᠤ | ᠠᠺᠠᠳ᠋ᠮᠢᠴᠢ ᠳᠤᠰᠬᠠᠢ ᠮᠡᠷᠬᠡᠵᠢᠯᠳᠡᠨ ᠢ ᠰᠤᠳᠤᠯᠭᠠᠨ ᠤ ᠳᠦᠪ ᠤᠨ ᠳᠤᠰᠬᠠᠢ ᠮᠡᠷᠬᠡᠵᠢᠯᠳᠡᠨ ᠤ ᠺᠤᠮᠢᠰ ᠤᠨ ᠬᠡᠰᠢᠬᠦᠨ ᠢᠶᠠᠷ ᠤᠷᠢᠨ ᠬᠡᠷᠡᠭᠯᠡᠪᠡ ︔ ᠴᠢᠩᠬᠤᠸᠠ ᠶᠡᠭᠡ | ᠰᠤᠷᠭᠠᠭᠤᠯᠢ ᠶᠢᠨ ᠲᠤᠮᠳᠠ ᠵᠡᠷᠬᠡ ᠶᠢᠨ ᠲᠤᠷᠰᠢᠯᠳᠠ ᠶᠢᠨ ᠰᠠᠭᠤᠷᠢᠨ ᠭᠠᠵᠠᠷ ᠤᠨ ᠳᠦᠷᠦᠯ ᠵᠦᠢᠯ ᠠᠮᠵᠢᠯᠳᠡ ᠲᠠᠢ ᠨᠤᠳᠤᠬᠰᠢᠪᠠ ︔ ᠵᠡᠬᠦᠡᠭᠠᠷ ᠠᠵᠤ ᠠᠬᠤᠢ ᠶᠢᠨ | ᠨᠡᠬᠡᠬᠡᠯᠳᠡ ᠶᠢᠨ ᠤᠷᠤᠨ ᠤ ᠨᠡᠬᠦᠷᠡᠰᠦ ᠬᠢᠮᠢ ᠶᠢᠨ ᠠᠵᠤ ᠦᠢᠯᠡᠳᠪᠦᠷᠢ ᠵᠢᠴᠢ ᠨᠡᠬᠦᠷᠡᠰᠦ ᠪᠠᠷ ᠰᠠᠭᠤᠷᠢ ᠪᠤᠯᠭᠠᠬᠰᠠᠨ ᠰᠢᠨ᠎ᠡ ᠮᠠᠲ᠋ᠧᠷᠢᠶᠡᠯ ᠤᠨ ᠠᠵᠤ ᠦᠢᠯᠡᠰ ᠤᠨ | ᠮᠡᠷᠬᠡᠵᠢᠯ ᠤᠨ ᠰᠢᠨ᠎ᠡ ᠶᠢ ᠡᠬᠦᠳᠬᠦ ᠬᠤᠯᠪᠤᠭ᠎ᠠ ᠫᠠᠶᠢᠰᠠ ᠰᠡᠬᠦᠨ ᠪᠠᠶᠢᠭᠤᠯᠤᠬᠳᠠᠪᠠ ᠃ ᠲᠡᠬᠡᠳᠤ ᠪᠠᠷᠢᠮᠵᠢᠶ᠎ᠡ ᠪᠠᠷ ᠠᠮᠤᠷ ᠲᠦᠪᠰᠢᠨ ᠤ ᠲᠦᠭᠰᠢᠬᠦᠷᠢ ᠶᠢᠨ ᠨᠡᠯᠢᠶᠡᠳ | ᠲᠤᠤᠷ᠎ᠠ ᠲᠡᠰ ︵ D ᠲᠡᠰ ︶ ᠤᠨ ᠬᠢᠮᠢ ᠶᠢᠨ ᠠᠵᠤ ᠦᠢᠯᠡᠳᠪᠦᠷᠢ ᠶᠢᠨ ᠬᠦᠷᠢᠶᠡᠯᠡᠩ ᠳᠤᠭᠤᠷᠢᠭ ᠢ ᠡᠬᠦᠳᠦᠨ ᠪᠠᠶᠢᠭᠤᠯᠪᠠ ᠃ | |