| ᠵᠡᠬᠦᠡᠭᠠᠷ ᠬᠤᠰᠢᠭᠤ ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠪᠠᠷᠠᠭᠤᠨ ᠡᠮᠦᠨ᠎ᠠ ᠪᠡᠶ᠎ᠠ ᠂ ᠤᠷᠳᠤᠰ ᠬᠤᠳᠠ ᠶᠢᠨ ᠵᠡᠬᠦᠨ ᠪᠡᠶ᠎ᠠ ᠳᠤ ᠪᠠᠶᠢᠷᠢᠰᠢᠵᠦ ᠂ | ᠱᠠᠨ ᠰᠢ ᠱᠠᠨᠰᠢ ᠦᠪᠤᠷ ᠮᠤᠩᠭᠤᠯ ᠤᠨ ᠠᠭᠤᠯᠵᠠᠷ ᠲᠤ ᠤᠷᠤᠰᠢᠨ ᠂ ᠬᠠᠳᠤᠨ ᠭᠤᠤᠯ ᠤᠨ ᠬᠤᠶᠢᠳᠤ ᠂ ᠵᠡᠬᠦᠨ ᠂ ᠡᠮᠦᠨ᠎ᠠ ᠲᠠᠯ᠎ᠠ ᠪᠠᠷ 238 ᠺᠢᠯᠦᠮᠧᠲᠷ | ᠤᠷᠤᠰᠤᠨ ᠦᠡᠭᠬᠡᠷᠡᠵᠤ ᠂ ᠱᠠᠨ ᠰᠢ ᠂ ᠱᠠᠨᠰᠢ ᠲᠠᠢ ᠭᠤᠤᠯ ᠢᠶᠠᠷ ᠵᠠᠭᠠᠬᠯᠠᠨ ᠬᠦᠷᠰᠢᠯᠡᠵᠦ ᠂ ︽ ᠳᠠᠬᠢᠶᠠᠨ ᠤ ᠳᠠᠭᠤᠨ ᠢ ᠭᠤᠷᠪᠡᠨ ᠮᠤᠵᠢ ᠵᠡᠷᠬᠡ ᠪᠠᠷ ᠤᠯᠵᠦ | ᠰᠤᠨᠤᠰᠳᠠᠭ ︾ ᠬᠡᠮᠬᠦ ᠨᠡᠷᠡᠶᠢᠳᠦᠯ ᠲᠠᠢ ᠪᠢᠯᠡ ︔ ᠭᠠᠵᠠᠷ ᠤᠨ ᠭᠠᠳᠠᠷᠭᠤ ᠨᠢ ᠰᠢᠯᠢ ᠳᠠᠪᠠᠭ᠎ᠠ ᠭᠤᠤ ᠭᠠᠨᠭ᠍ᠭ᠎ᠠ ᠪᠠᠷ ᠭᠤᠤᠯᠯᠠᠵᠤ ᠂ ︽ ᠳᠤᠯᠤᠭᠠᠨ ᠬᠤᠪᠢ ᠶᠢᠨ | ᠠᠭᠤᠯᠠ ᠬᠤᠶᠠᠷ ᠬᠤᠪᠢ ᠶᠢᠨ ᠡᠯᠡᠰᠦ ᠨᠢᠬᠡ ᠬᠤᠪᠢ ᠶᠢᠨ ᠳᠠᠷᠢᠶ᠎ᠡ ︾ ᠬᠡᠮᠡᠬᠦ ᠨᠡᠷᠡᠶᠢᠳᠤᠯ ᠲᠠᠢ ᠃ ᠪᠦᠬᠦ ᠬᠤᠰᠢᠭᠤᠨ ᠤ ᠶᠡᠷᠦᠩᠬᠡᠢ ᠳᠠᠯᠠᠪᠠᠢ 7692 ᠬᠠᠪᠳᠠᠭᠠᠢ | ᠳᠦᠷᠪᠡᠯᠵᠢᠨ ᠺᠢᠯᠦᠮᠧᠲᠷ ᠪᠠᠶᠢᠵᠦ ᠂ ᠬᠠᠷᠢᠶᠡᠨ ᠳᠤ 1 ᠠᠵᠤ ᠠᠬᠤᠢ ᠶᠢᠨ ᠨᠡᠬᠡᠬᠡᠯᠳᠡ ᠶᠢᠨ ᠤᠷᠤᠨ ︵ ᠬᠤᠶᠡᠷ ᠠᠵᠤ ᠦᠢᠯᠡᠰ ᠤᠨ ᠬᠦᠷᠢᠶᠡᠯᠡᠩ ᠢ ᠪᠠᠭᠳᠠᠭᠠᠨ᠎ᠠ ︶ ᠂ | 10 ᠰᠤᠮᠤ ᠰᠢᠶᠠᠩ ᠪᠠᠯᠭᠠᠰᠤ ᠂ 4 ᠵᠡᠬᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠂ ᠨᠡᠶᠢᠳᠡ 158 ᠭᠠᠴᠠᠭ᠎ᠠ ᠳᠤᠰᠬᠤᠨ ᠂ 42 ᠨᠡᠶᠢᠬᠡᠮ ᠳᠤᠭᠤᠷᠢᠭ ᠲᠠᠢ | ᠪᠦᠬᠡᠳ ᠪᠠᠶᠢᠡᠭᠭᠤ ᠰᠠᠭᠤᠭ᠎ᠠ ᠬᠦᠮᠦᠨ ᠠᠮᠠ 36 ᠲᠦᠮᠡ ᠪᠠᠶᠢᠵᠦ ᠂ ᠬᠢᠳᠡᠳ ᠂ ᠮᠤᠩᠭᠤᠯ ᠂ ᠬᠤᠳᠤᠩ ᠂ ᠮᠠᠨᠵᠤ ᠂ ᠳᠦᠪᠡᠳ ᠵᠡᠷᠭᠡ 15 ᠦᠨᠳᠦᠰᠦᠳᠡᠨ | ᠤᠷᠤᠰᠢᠨ ᠰᠠᠭᠤᠵᠦ ᠪᠤᠢ ᠃ ᠬᠢᠵᠠᠭᠠᠷ ᠲᠤᠳᠤᠷ᠎ᠠ ᠵᠠᠮ ᠬᠠᠷᠢᠯᠴᠠᠭ᠎ᠠ ᠳᠦᠬᠦᠮ ᠳᠦᠳᠡ ᠃ ᠵᠠᠰᠠᠮᠠᠯ ᠵᠠᠮ ᠂ ᠳᠠᠮᠤᠷ ᠵᠠᠮ ᠤᠨ ᠨᠡᠪᠳᠡᠷᠡᠭᠰᠡᠨ ᠤᠷᠳᠤ ᠨᠢ ᠳᠤᠰᠪᠤᠷᠢ | 4675 ᠺᠢᠯᠦᠮᠧᠲᠷ ᠪᠠ 710 ᠺᠢᠯᠦᠮᠧᠲᠷ ᠪᠠᠶᠢᠵᠦ ᠂ ᠳᠠᠮᠤᠷ ᠵᠠᠮ ᠤᠨ ᠭᠠᠳᠠᠬᠰᠢ ᠵᠦᠬᠡᠬᠡᠪᠦᠷᠢᠯᠡᠬᠦ ᠴᠢᠳᠠᠪᠤᠷᠢ ᠨᠢ 5.8 ᠳ᠋ᠦᠡᠭᠰᠢᠭᠤᠷ ᠳᠤᠨ ᠂ ᠳᠦᠪᠯᠡᠷᠡᠬᠦᠯᠦᠨ | ᠵᠦᠬᠡᠬᠡᠪᠦᠷᠢᠯᠡᠬᠦ ᠴᠢᠳᠠᠪᠤᠷᠢ ᠨᠢ 3.9 ᠳ᠋ᠦᠡᠭᠰᠢᠭᠤᠷ ᠳᠤᠨ ᠳᠤ ᠬᠦᠷᠴᠤ ᠂ ︽ ᠭᠤᠷᠪᠡᠨ ᠬᠦᠨᠳᠡᠯᠡᠨ ᠨᠢᠬᠡ ᠭᠤᠯᠳᠤ ︾ ᠶᠢᠨ ᠵᠠᠰᠠᠮᠠᠯ ᠵᠠᠮ ᠂ ᠳᠠᠮᠤᠷ ᠵᠠᠮ ᠤᠨ | ᠳᠡᠬᠡᠬᠡᠪᠦᠷᠢ ᠶᠢᠨ ᠳᠤᠤᠷ ᠢ ᠠᠩᠬ᠎ᠠ ᠪᠦᠷᠢᠯᠳᠦᠬᠦᠯᠵᠤ ᠂ ᠤᠯᠤᠰ ᠤᠨ ᠳᠦᠯᠦᠪᠵᠢᠬᠦᠯᠦᠭᠰᠡᠨ ᠬᠦᠬᠡᠬᠤᠳᠠ ᠪᠤᠭᠤᠳᠤ ᠤᠷᠳᠤᠰ ᠲᠡᠮᠡᠬᠡᠳᠤ ᠬᠤᠳᠠ ᠶᠢᠨ ᠰᠦᠷᠦᠭᠵᠢᠯ | ᠪᠠ ᠬᠦᠬᠡᠬᠤᠳᠠ ᠪᠤᠭᠤᠳᠤ ᠤᠷᠳᠤᠰ ᠦᠬᠠᠢ ᠶᠢ ᠨᠢᠬᠡ ᠴᠤᠬᠴᠠᠵᠢᠭᠤᠯᠤᠬᠰᠠᠨ ᠬᠦᠭᠵᠢᠯᠳᠡ ᠶᠢᠨ ᠴᠢᠬᠤᠯᠠ ᠵᠠᠩᠬᠢᠯᠠᠭ᠎ᠠ ᠶᠢᠨ ᠴᠡᠭ ᠤᠨ ᠬᠤᠳᠠ ᠪᠤᠯᠬᠤ ᠶᠤᠮ ᠃ | ᠠᠭᠤᠷᠬᠠᠢ ᠶᠢᠨ ᠡᠬᠢ ᠪᠠᠶᠠᠯᠢᠭ ᠡᠯᠪᠡᠭ ᠲᠡᠯᠪᠡᠭ ᠃ ᠬᠠᠶᠢᠨ ᠢᠯᠡᠷᠡᠬᠦᠯᠦᠭᠰᠡᠨ ᠨᠡᠬᠦᠷᠡᠰᠤᠨ ᠤᠷᠤᠨ ᠤ ᠳᠠᠯᠠᠪᠠᠢ 5769 ᠬᠠᠪᠳᠠᠭᠠᠢ ᠳᠦᠷᠪᠡᠯᠵᠢᠨ ᠺᠢᠯᠦᠮᠧᠲᠷ | ᠪᠠᠶᠢᠵᠦ ᠂ ᠲᠡᠷᠡ ᠨᠢ ᠨᠤᠳᠤᠭ ᠳᠡᠪᠢᠰᠬᠡᠷ ᠤᠨ ᠶᠡᠷᠦᠩᠬᠡᠢ ᠳᠠᠯᠠᠪᠠᠢ ᠶᠢᠨ 75% ᠶᠢ ᠡᠵᠡᠯᠡᠨ᠎ᠡ ︔ ᠬᠠᠶᠢᠨ ᠢᠯᠡᠷᠡᠬᠦᠯᠦᠭᠰᠡᠨ ᠨᠡᠬᠦᠷᠡᠰᠤᠨ ᠤ ᠬᠠᠳᠠᠭᠠᠯᠠᠬᠳᠠᠴᠠ ᠶᠢᠨ | ᠬᠡᠮᠵᠢᠶ᠎ᠠ 582 ᠳ᠋ᠦᠡᠭᠰᠢᠭᠤᠷ ᠳᠤᠨ ᠪᠠᠶᠢᠵᠦ ᠂ ᠠᠯᠤᠰ ᠤᠨ ᠬᠠᠳᠠᠭᠠᠯᠠᠬᠳᠠᠴᠠ ᠶᠢᠨ ᠬᠡᠮᠵᠢᠶ᠎ᠠ 1000 ᠳ᠋ᠦᠡᠭᠰᠢᠭᠤᠷ ᠳᠤᠨ ᠢ ᠲᠠᠪᠬᠠᠰᠠᠨ ᠢᠶᠠᠷ ᠪᠦᠬᠦ ᠤᠯᠤᠰ ᠤᠨ | ᠬᠠᠮᠤᠭ ᠤᠨ ᠳᠤᠮᠤ ᠨᠡᠬᠦᠷᠡᠰᠤᠨ ᠤ ᠭᠠᠷᠤᠯᠳᠡ ᠶᠢᠨ ᠰᠢᠶᠠᠨ ᠪᠤᠯᠪᠠ ᠃ ᠡᠬᠦᠨ ᠤ ᠬᠠᠮᠳᠤ ᠡᠯᠪᠡᠭ ᠪᠠᠶᠠᠯᠢᠭ ᠭᠤᠤᠯᠢᠩ ᠰᠢᠷᠤᠢ ᠂ ᠴᠤᠬᠤᠢ ᠶᠢᠨ ᠴᠢᠯᠠᠭᠤ ᠂ | ᠬᠦᠡᠭᠬᠡᠨᠴᠠᠭᠠᠨ ᠤ ᠪᠠᠶᠢᠪᠠᠨᠭ᠌ ᠰᠢᠷᠤᠢ ᠂ ᠬᠠᠳᠠᠨ ᠴᠠᠭᠠᠨ ᠴᠢᠯᠠᠭᠤᠯᠢᠭ ᠂ ᠦᠬᠡᠬᠦᠨ ᠴᠢᠯᠠᠭᠤᠨ ᠡᠯᠡᠰᠤ ᠂ ᠨᠡᠬᠦᠷᠡᠰᠤᠨ ᠳᠠᠪᠬᠤᠷᠭ᠎ᠠ ᠶᠢᠨ ᠬᠡᠢ ᠵᠡᠷᠭᠡ ᠠᠭᠤᠷᠬᠠᠢ ᠶᠢᠨ | ᠡᠬᠢ ᠪᠠᠶᠠᠯᠢᠭ ᠲᠠᠢ ᠃ ᠠᠵᠤ ᠦᠢᠯᠡᠰ ᠤᠨ ᠰᠠᠭᠤᠷᠢ ᠪᠡᠳᠤ ᠪᠠᠬᠢ ᠃ ᠨᠡᠬᠦᠷᠡᠰᠦ ᠂ ᠨᠡᠬᠦᠷᠡᠰᠦ ᠬᠢᠮᠢ ᠶᠢᠨ ᠠᠵᠤ ᠦᠢᠯᠡᠳᠪᠤᠷᠢ ᠂ ᠨᠡᠬᠦᠷᠡᠰᠦ ᠴᠠᠬᠢᠯᠭᠠᠨ | ᠬᠦᠡᠭᠬᠡᠨᠴᠠᠭᠠᠨ ᠂ ᠱᠠᠭᠠᠵᠠᠩ ᠳᠦᠷᠪᠡᠨ ᠳᠤᠮᠤ ᠠᠵᠤ ᠦᠢᠯᠡᠰ ᠤᠨ ᠰᠦᠷᠦᠭᠵᠢᠯ ᠤᠨ ᠪᠦᠳᠦᠬᠡᠨ ᠪᠠᠶᠢᠭᠤᠯᠤᠯᠳᠠ ᠨᠢ ᠢᠯᠡᠷᠬᠡᠢ ᠦᠷ᠎ᠡ ᠠᠰᠢᠭ ᠤᠯᠵᠦ ᠂ ᠨᠡᠬᠦᠷᠡᠰᠤᠨ | ᠤ ᠦᠢᠯᠡᠳᠪᠦᠷᠢᠯᠡᠯ ᠤᠨ ᠴᠢᠳᠠᠮᠵᠢ 4.3 ᠳ᠋ᠦᠡᠭᠰᠢᠭᠤᠷ ᠳᠤᠨ ᠂ ᠨᠡᠬᠦᠷᠡᠰᠦ ᠬᠢᠮᠢ ᠶᠢᠨ ᠠᠵᠤ ᠦᠢᠯᠡᠳᠪᠦᠷᠢ ᠶᠢᠨ ᠦᠢᠯᠡᠳᠪᠦᠷᠢᠯᠡᠯ ᠤᠨ ᠴᠢᠳᠠᠮᠵᠢ 505 ᠲᠦᠮᠡᠨ | ᠳᠤᠨ ᠂ ᠱᠠᠭᠠᠵᠠᠩ ᠤᠨ ᠦᠢᠯᠡᠳᠪᠦᠷᠢᠯᠡᠯ ᠤᠨ ᠴᠢᠳᠠᠮᠵᠢ 1.2 ᠳ᠋ᠦᠡᠭᠰᠢᠭᠤᠷ ᠢᠵᠢ ᠂ ᠴᠠᠬᠢᠯᠭᠠᠨ ᠬᠦᠴᠤᠨ ᠤ ᠮᠠᠰᠢᠨ ᠴᠤᠬᠴᠠᠯᠠᠪᠤᠷᠢ 1160 ᠳᠦᠮᠡᠨ ᠺᠢᠯᠦᠸᠠᠲ | ᠲᠤ ᠬᠦᠷᠴᠤ ᠂ ᠬᠢᠨᠠᠨ ᠵᠦᠪᠰᠢᠶᠡᠷᠡᠭᠳᠡᠭᠰᠡᠨ ᠰᠠᠯᠬᠢ ᠨᠡᠷᠡᠨ ᠤ ᠬᠡᠷᠡᠯ ᠢᠶᠠᠷ ᠴᠠᠬᠢᠯᠭᠠᠨ ᠭᠠᠷᠭᠠᠬᠤ ᠳᠦᠷᠦᠯ ᠵᠦᠢᠯ 473 ᠳᠦᠮᠡᠨ ᠺᠢᠯᠦᠸᠠᠲ ᠪᠤᠢ ᠂ ᠰᠢᠨ᠎ᠡ ᠡᠨᠧᠷᠬᠢ ᠂ | ᠨᠡᠬᠦᠷᠡᠰᠦ ᠬᠢᠮᠢ ᠶᠢᠨ ᠠᠵᠤ ᠦᠢᠯᠡᠳᠪᠦᠷᠢ ᠶᠢᠨ ᠠᠵᠤ ᠦᠢᠯᠡᠰ ᠤᠨ ᠬᠦᠷᠢᠶ᠎ᠠ ᠬᠡᠪᠴᠢᠶᠠᠨ ᠳᠤ ᠪᠦᠬᠦ ᠤᠷᠤᠨ ᠤ ︽ ᠶᠢᠰᠤᠨ ᠨᠢᠬᠡᠳᠦᠬᠡᠷ ︾ ᠢ ᠡᠬᠦᠳᠴᠤ ᠂ | ᠬᠡᠷᠡᠯᠯᠢᠭ ᠬᠠᠪᠳᠠᠰᠤᠨ ᠳᠤᠨᠤᠭ ᠂ ᠰᠠᠯᠬᠢᠨ ᠬᠦᠴᠤᠨ ᠤ ᠮᠠᠰᠢᠨ ᠴᠤᠬᠴᠠᠯᠠᠪᠤᠷᠢ ᠶᠢᠨ ᠦᠢᠯᠡᠳᠪᠦᠷᠢᠯᠡᠯ ᠤᠨ ᠴᠢᠳᠠᠮᠵᠢ 7GW ᠂ ᠳ᠋ᠢᠶᠠᠨ ᡂᠢ ᠪᠤᠯᠤᠨ ᠰᠢᠨ᠎ᠡ | ᠡᠨᠧᠷᠬᠢ ᠶᠢᠨ ᠳᠡᠷᠭᠡ 4000 ᠰᠠᠤᠷᠢ ᠂ ᠬᠡᠷᠡᠯᠯᠢᠭ ᠰᠢᠯ 1200 ᠳᠦᠮᠡᠨ ᠬᠦᠨᠳᠤ ᠶᠢᠨ ᠬᠠᠶᠢᠷᠴᠠᠭ ᠂ ᠡᠯᠧᠺᠲᠷᠤᠨ ᠲᠡᠰ ᠤᠨ ᠴᠠᠬᠢᠭᠤᠷ ᠠᠯᠺᠠᠨ 3000 ᠳᠤᠨ ᠂ | ᠨᠤᠭᠤᠭᠠᠨ ᠤᠰᠤᠳᠦ᠋ᠷᠦᠭᠴᠢ 1 ᠳᠦᠮᠡᠨ ᠳᠤᠨ ᠂ ᠬᠡᠷᠡᠯᠯᠢᠭ ᠬᠠᠪᠳᠠᠰᠤ ᠶᠢᠨ ᠵᠢᠶᠠᠰᠠ 1.5 ᠲᠦᠮᠡᠨ ᠳᠤᠨ ᠢ ᠪᠦᠷᠢᠯᠳᠦᠬᠦᠯᠵᠡᠢ ᠃ ᠪᠦᠬᠦ ᠤᠯᠤᠰ ᠤᠨ ᠠᠵᠤ | ᠦᠢᠯᠡᠳᠪᠦᠷᠢ ᠶᠢᠨ ᠵᠠᠭᠤᠨ ᠬᠦᠴᠦᠷᠭᠡᠭ ᠰᠢᠶᠠᠨ ᠤ 21 ᠳ᠋ᠤᠬᠡᠷ ᠲᠤ ᠵᠢᠬᠰᠠᠭᠠᠬᠳᠠᠪᠠ ᠃ ᠤᠰᠤᠨ ᠤ ᠡᠬᠢ ᠪᠠᠶᠠᠯᠢᠭ ᠬᠦᠢᠴᠡᠳ ᠃᠂ ᠬᠠᠳᠤᠨ ᠭᠤᠤᠯ ᠤᠨ | ᠬᠤᠰᠢᠭᠤᠨ ᠤ ᠬᠢᠵᠠᠭᠠᠷ ᠢᠶᠠᠷ ᠵᠢᠯ ᠤᠨ ᠤᠷᠤᠰᠤᠨ ᠦᠡᠭᠬᠡᠷᠡᠬᠦ ᠬᠡᠮᠵᠢᠶ᠎ᠡ ᠨᠢ 248 ᠳ᠋ᠦᠡᠭᠰᠢᠭᠤᠷ ᠪᠤᠰᠤᠭ᠎ᠠ ᠳᠦᠷᠪᠡᠯᠵᠢᠨ ᠮᠧᠲᠷ ᠪᠠᠶᠢᠵᠦ ᠂ ᠵᠢᠯ ᠤᠨ ᠤᠰᠤ | ᠲᠠᠳᠠᠬᠤ ᠴᠢᠳᠠᠪᠤᠷᠢ ᠨᠢ 1.57 ᠳ᠋ᠦᠡᠭᠰᠢᠭᠤᠷ ᠪᠤᠰᠤᠭ᠎ᠠ ᠳᠦᠷᠪᠡᠯᠵᠢᠨ ᠮᠧᠲᠷ ᠪᠤᠢ ︔ ᠭᠠᠵᠠᠷ ᠳᠤᠤᠷᠡᠬᠢ ᠤᠰᠤ ᠶᠢ ᠵᠢᠯ ᠤᠨ ᠠᠰᠢᠬᠯᠠᠬᠤ ᠬᠡᠮᠵᠢᠶ᠎ᠡ ᠳ᠋ᠦᠡᠭᠰᠢᠭᠤᠷ | ᠪᠤᠰᠤᠭ᠎ᠠ ᠳᠦᠷᠪᠡᠯᠵᠢᠨ ᠮᠧᠲᠷ ᠪᠠᠶᠢᠵᠦ ᠂ ᠲᠡᠷᠡ ᠨᠢ ᠬᠢᠵᠠᠭᠠᠷ ᠲᠤᠳᠤᠷᠠᠬᠢ ᠳᠦᠷᠦᠯ ᠵᠦᠢᠯ ᠪᠠ ᠮᠠᠯ ᠳᠠᠷᠢᠶᠠᠯᠠᠩ ᠤᠨ ᠦᠢᠯᠡᠰ ᠤᠨ ᠤᠰᠤᠨ ᠤ ᠬᠡᠷᠡᠭᠴᠡᠭᠡ ᠶᠢ | ᠪᠦᠷᠢᠮᠦᠰᠤᠨ ᠬᠠᠨᠭ᠍ᠭᠠᠵᠦ ᠴᠢᠳᠠᠨ᠎ᠠ ᠃ ᠰᠤᠶᠤᠯ ᠵᠤᠭᠠᠴᠠᠯ ᠤᠨ ᠡᠬᠢ ᠪᠠᠶᠠᠯᠢᠭ ᠡᠯᠪᠡᠭ ᠲᠡᠯᠪᠡᠭ ᠃ ᠬᠠᠳᠤᠨ ᠭᠤᠤᠯ ᠤᠨ ᠲᠤᠮᠤ ᠬᠠᠪᠴᠢᠯ ᠂ ᠨᠠᠷᠠᠰᠤᠨ ᠸᠠᠩ ᠂ | ᠠᠭᠤᠢ ᠶᠢᠨ ᠰᠦᠮ᠎ᠡ ᠶᠢᠨ ᠡᠷᠳᠡᠨ ᠤ ᠲᠡᠳ᠋ ᠤᠢ ᠵᠡᠷᠭᠡ ᠪᠠᠶᠢᠭᠠᠯᠢ ᠪᠠ ᠰᠤᠶᠤᠯ ᠢᠷᠬᠡᠨᠰᠢᠯ ᠤᠨ ᠦᠵᠡᠮᠵᠢ ᠨᠢ ᠦᠪᠡᠷᠮᠢᠴᠠ ᠂ ᠮᠤᠩᠭᠤᠯ ᠬᠢᠳᠡᠳ ᠠᠭᠤᠰᠤᠯᠴᠠᠬᠰᠠᠨ | ᠠᠷᠡᠳ ᠤᠨ ᠤᠷᠠᠯᠢᠭ ᠪᠤᠯᠬᠤ ︽ ᠮᠠᠩᠬᠠᠨ ᠠᠶᠠᠯᠭᠤ ︾ ᠨᠢ ᠤᠯᠤᠰ ᠤᠨ ᠳᠡᠰ ᠤᠨ ᠪᠤᠳᠠᠰ ᠤᠨ ᠪᠤᠰᠤ ᠰᠤᠶᠤᠯ ᠤᠨ ᠦᠪ ᠢᠶᠠᠷ ᠦᠨᠡᠯᠡᠭᠳᠡᠪᠡ ᠃ ᠮᠦᠨᠴᠤ ᠪᠦᠬᠦ | ᠤᠯᠤᠰ ᠤᠨ ᠪᠤᠯᠪᠠᠰᠤᠨ ᠬᠤᠳᠠ ᠂ ᠤᠯᠤᠰ ᠤᠨ ᠴᠡᠴᠡᠷᠯᠢᠭ ᠤᠨ ᠰᠢᠶᠡᠨ ᠂ ᠤᠯᠤᠰ ᠤᠨ ᠡᠷᠡᠬᠦᠯ ᠬᠠᠮᠠᠭᠠᠯᠠᠯ ᠤᠨ ᠰᠢᠶᠡᠨ ᠂ ᠤᠯᠤᠰ ᠤᠨ ᠤᠰᠤ ᠬᠦᠷᠦᠰᠦ ᠶᠢ | ᠪᠠᠳᠤᠯᠠᠬᠤ ᠠᠮᠢ ᠠᠬᠤᠢ ᠶᠢᠨ ᠪᠤᠯᠪᠠᠰᠤᠨ ᠬᠤᠰᠢᠭᠤ ᠂ ᠪᠦᠬᠦ ᠤᠯᠤᠰ ᠤᠨ ᠰᠢᠨᠵᠢᠯᠡᠬᠦ ᠤᠬᠠᠭᠠᠨ ᠮᠡᠷᠬᠡᠵᠢᠯ ᠤᠨ ᠳᠡᠪᠰᠢᠯᠳᠡ ᠶᠢᠨ ᠳᠡᠷᠢᠬᠦᠨ ᠤ ᠬᠤᠰᠢᠭᠤ ᠂ ᠪᠦᠬᠦ | ᠤᠯᠤᠰ ᠤᠨ ᠨᠤᠭᠤᠭᠠᠷᠠᠭᠤᠯᠤᠯᠳᠠ ᠶᠢᠨ ᠳᠡᠷᠢᠬᠦᠨ ᠤ ᠬᠠᠮᠳᠤ ᠨᠠᠶᠢᠳᠠ ᠂ ᠪᠦᠬᠦ ᠤᠯᠤᠰ ᠤᠨ ᠦᠨᠳᠦᠰᠦᠳᠡᠨ ᠤ ᠪᠦᠯᠬᠦᠮᠳᠡᠯ ᠳᠠᠪᠰᠢᠯᠳᠡ ᠶᠢᠨ ᠵᠢᠱᠢᠶᠠᠴᠢ ᠬᠠᠮᠳᠤ | ᠨᠠᠶᠢᠳᠠ ᠪᠤᠯᠬᠤ ᠶᠤᠮ ᠃ | 2023 ᠤᠨ ᠳᠤ ᠂ ᠭᠠᠵᠠᠷ ᠤᠷᠤᠨ ᠤ ᠦᠢᠯᠡᠳᠪᠦᠷᠢᠯᠡᠯ ᠤᠨ ᠶᠡᠷᠦᠩᠬᠡᠢ ᠦᠷᠳᠡᠭ 1400.26 ᠳ᠋ᠦᠡᠭᠰᠢᠭᠤᠷ ᠳᠦᠬᠦᠷᠢᠭ ᠢ ᠪᠡᠶᠡᠯᠡᠬᠦᠯᠵᠤ ᠂ 9.7% ᠪᠠᠷ | ᠨᠡᠮᠡᠭᠳᠡᠪᠡ ᠂ ᠬᠡᠪᠴᠢᠶᠠᠵᠢᠯ ᠠᠴᠠ ᠳᠡᠭᠡᠭᠰᠢᠬᠢ ᠠᠵᠤ ᠦᠢᠯᠡᠳᠪᠦᠷᠢ ᠶᠢᠨ ᠨᠡᠮᠡᠭᠳᠡᠯ ᠦᠷᠳᠡᠭ 13.8% ᠪᠠᠷ ᠨᠡᠮᠡᠭᠳᠡᠪᠡ ᠂ ᠳᠤᠬᠳᠠᠮᠠᠯ ᠬᠦᠷᠦᠩᠬᠡ ᠶᠢᠨ ᠪᠡᠯᠡ | ᠤᠷᠤᠭᠤᠯᠤᠯᠳᠠ 0.2% ᠢᠶᠠᠷ ᠨᠡᠮᠡᠭᠳᠡᠪᠡ ᠂ ᠡᠩ ᠤᠨ ᠤᠯᠠᠨ ᠨᠡᠶᠢᠳᠡ ᠶᠢᠨ ᠳᠦᠰᠦᠪ ᠤᠨ ᠤᠷᠤᠯᠭ᠎ᠠ 173.3 ᠳ᠋ᠦᠡᠭᠰᠢᠭᠤᠷ ᠳᠦᠬᠦᠷᠢᠭ ᠲᠤ ᠬᠦᠷᠴᠤ ᠂ 8. | 8% ᠪᠠᠷ ᠨᠡᠮᠡᠭᠳᠡᠪᠡ ᠃ ᠨᠡᠶᠢᠭᠡᠮ ᠤᠨ ᠬᠡᠷᠡᠭᠯᠡᠭᠡᠨ ᠤ ᠡᠳ᠋ ᠤᠨ ᠵᠢᠵᠢᠭᠯᠡᠨ ᠪᠤᠷᠤᠯᠠᠭᠤᠯᠤᠬᠰᠠᠨ ᠶᠡᠷᠦᠩᠬᠡᠢ ᠳᠤᠭ᠎ᠠ 116.2 ᠳ᠋ᠦᠡᠭᠰᠢᠭᠤᠷ ᠳᠦᠬᠦᠷᠢᠭ ᠲᠤ ᠬᠦᠷᠴᠤ ᠂ | 9.4% ᠪᠠᠷ ᠨᠡᠮᠡᠭᠳᠡᠪᠡ ︔ ᠬᠤᠳᠠ ᠬᠦᠳᠡᠭᠡ ᠶᠢᠨ ᠰᠠᠭᠤᠭᠠᠯᠢ ᠠᠷᠡᠳ ᠤᠨ ᠬᠦᠮᠦᠨ ᠳᠤᠳᠤᠮ ᠳᠤᠬᠢᠷᠠᠭᠤᠯᠵᠤ ᠪᠤᠯᠬᠤ ᠤᠷᠤᠯᠭ᠎ᠠ ᠳᠤᠰᠪᠤᠷᠢ 60102 | ᠲᠦᠬᠦᠷᠢᠭ ᠪᠠ 26594 ᠳᠦᠬᠦᠷᠢᠭ ᠲᠤ ᠬᠦᠷᠴᠤ ᠂ 4.3% ᠪᠠ 8% ᠪᠠᠷ ᠨᠡᠮᠡᠭᠳᠡᠪᠡ ᠃ ᠪᠦᠬᠦ ᠤᠯᠤᠰ ᠤᠨ ᠶᠡᠷᠦᠩᠬᠡᠶᠢᠯᠡᠭᠰᠡᠨ ᠪᠤᠳᠠᠳᠤ ᠬᠦᠴᠤᠨ ᠪᠦᠬᠦᠢ | ᠵᠠᠭᠤᠨ ᠬᠦᠴᠦᠷᠭᠡᠭ ᠰᠢᠶᠠᠨ ᠬᠤᠳᠠ ᠶᠢᠨ ᠲᠦᠷᠦᠬᠦᠦ 30 ᠬᠦᠴᠦᠷᠭᠡᠭ ᠲᠤ ᠯᠠᠪᠳᠠᠭᠤᠨ ᠢᠶᠠᠷ ᠵᠢᠬᠰᠠᠭᠠᠬᠳᠠᠪᠠ ᠃ | 2024 ᠤᠨ ᠳᠤ ᠂ ᠵᠢᠱᠢᠯᠳᠠ ᠪᠠᠷ ᠭᠠᠵᠠᠷ ᠤᠷᠤᠨ ᠤ ᠦᠢᠯᠡᠳᠪᠦᠷᠢᠯᠡᠯ ᠤᠨ ᠦᠢᠯᠡᠳᠬᠦᠨ ᠤ ᠶᠡᠷᠦᠩᠬᠡᠢ ᠦᠷᠳᠡᠭ 10% ᠤᠷᠴᠢᠮ ᠢᠶᠠᠷ ᠨᠡᠮᠡᠭᠳᠡᠬᠦᠯᠵᠦ ᠂ | ᠬᠡᠪᠴᠢᠶᠠᠵᠢᠯ ᠠᠴᠠ ᠳᠡᠭᠡᠭᠰᠢᠬᠢ ᠠᠵᠤ ᠦᠢᠯᠡᠳᠪᠦᠷᠢ ᠶᠢᠨ ᠨᠡᠮᠡᠭᠳᠡᠯ ᠦᠷᠳᠡᠭ ᠢ 10% ᠤᠷᠴᠢᠮ ᠨᠡᠮᠡᠭᠳᠡᠬᠦᠯᠵᠦ ᠂ ᠳᠤᠬᠳᠠᠮᠠᠯ ᠬᠦᠷᠦᠩᠭᠡ ᠶᠢᠨ ᠪᠡᠯᠡ | ᠤᠷᠤᠭᠤᠯᠤᠯᠳᠠ ᠶᠢᠨ ᠨᠡᠮᠡᠭᠳᠡᠯ ᠢ 30% ᠪᠠᠷ ᠲᠠᠪᠠᠭᠤᠯᠵᠦ ᠂ ᠡᠩ ᠤᠨ ᠤᠯᠠᠨ ᠨᠡᠶᠢᠳᠡ ᠶᠢᠨ ᠳᠦᠰᠦᠪ ᠤᠨ ᠤᠷᠤᠯᠭ᠎ᠠ ᠶᠢ 175 ᠳ᠋ᠦᠡᠭᠰᠢᠭᠤᠷ ᠳᠦᠬᠦᠷᠢᠭ ᠲᠤ | ᠬᠦᠷᠬᠡᠵᠦ ᠂ 1% ᠤᠷᠴᠢᠮ ᠨᠡᠮᠡᠭᠳᠡᠬᠦᠯᠵᠦ ᠂ ᠨᠡᠶᠢᠭᠡᠮ ᠤᠨ ᠬᠡᠷᠡᠭᠯᠡᠭᠡᠨ ᠤ ᠡᠳ᠋ ᠤᠨ ᠵᠢᠵᠢᠭᠯᠡᠨ ᠪᠤᠷᠤᠯᠠᠭᠤᠯᠤᠬᠰᠠᠨ ᠪᠦᠬᠦ ᠨᠤᠷᠮ᠎ᠠ ᠶᠢ 9% ᠤᠷᠴᠢᠮ | ᠨᠡᠮᠡᠭᠳᠡᠬᠦᠯᠵᠦ ᠂ ᠬᠤᠳᠠ ᠬᠦᠳᠡᠭᠡ ᠶᠢᠨ ᠰᠠᠭᠤᠭᠠᠯᠢ ᠠᠷᠡᠳ ᠤᠨ ᠬᠦᠮᠦᠨ ᠳᠤᠳᠤᠮ ᠳᠤᠬᠢᠷᠠᠭᠤᠯᠵᠤ ᠪᠤᠯᠬᠤ ᠤᠷᠤᠯᠭ᠎ᠠ ᠶᠢ ᠳᠤᠰᠪᠤᠷᠢ 63230 ᠲᠦᠬᠦᠷᠢᠭ ᠪᠠ | 28780 ᠳᠦᠬᠦᠷᠢᠭ ᠲᠤ ᠬᠦᠷᠬᠡᠵᠦ ᠂ ᠳᠤᠰᠪᠤᠷᠢ 5.2% ᠪᠠ 8.2% ᠤᠷᠴᠢᠮ ᠢᠶᠠᠷ ᠨᠡᠮᠡᠭᠳᠡᠬᠦᠯᠬᠦ ᠪᠤᠯᠤᠨ᠎ᠠ ᠃ | | |