ᠬᠡᠦᠬᠡᠳ ᠤᠨ ᠵᠠᠩ ᠠᠭᠠᠰᠢ ᠶᠢ ᠲᠠᠮᠢᠷ ᠤᠨ ᠬᠥᠳᠡᠯᠭᠡᠭᠡᠨ ᠨᠥᠯᠥᠭᠡᠯᠡᠳᠡᠭ
ᠨᠡᠶᠢᠲᠡᠯᠡᠭᠰᠡᠨ ᠴᠠᠭ᠄
2024/3/15
    ᠲᠠᠮᠢᠷ ᠤᠨ ᠬᠥᠳᠡᠯᠭᠡᠭᠡᠨ ᠵᠠᠩ ᠠᠭᠠᠰᠢ ᠶᠢ ᠵᠣᠬᠢᠬᠤ ᠲᠠᠯ᠎ᠠ ᠪᠠᠷ ᠨᠥᠯᠥᠭᠡᠯᠡᠳᠡᠭ ᠪᠠᠶᠢᠨ᠎ᠠ ᠃ ᠲᠠᠮᠢᠷ ᠤᠨ ᠬᠥᠳᠡᠯᠭᠡᠭᠡᠨ ᠤ ᠲᠤᠬᠠᠢ ᠰᠤᠳᠤᠯᠭᠠᠨ ᠳᠤ ᠭᠡᠷᠡᠴᠢᠯᠡᠭᠰᠡᠨ ᠢᠶᠠᠷ ᠂ ᠡᠯ᠎ᠡ ᠲᠥᠷᠤᠯ ᠤᠨ ᠲᠠᠮᠢᠷ ᠤᠨ ᠬᠥᠳᠡᠯᠭᠡᠭᠡᠨ ᠳᠤ ᠢᠳᠡᠪᠬᠢᠲᠡᠢ ᠣᠷᠤᠯᠴᠠᠬᠤ ᠨᠢ ᠥᠪᠡᠷ ᠢ ᠪᠠᠨ ᠡᠵᠡᠮᠳᠡᠬᠦ ᠴᠢᠳᠠᠪᠤᠷᠢ ᠂ ᠢᠲᠡᠭᠡᠯ ᠵᠣᠷᠢᠭ ᠢ ᠡᠷᠴᠢᠯᠡᠬᠦ ᠳᠤ ᠨᠥᠯᠥᠭᠡ ᠦᠵᠡᠭᠦᠯᠦᠨ ᠪᠠᠭ᠎ᠠ ᠨᠠᠰᠤᠨ ᠤ ᠬᠡᠦᠬᠡᠳ ᠤᠨ ᠡᠷᠡᠭᠦᠯ ᠰᠠᠷᠠᠭᠤᠯ ᠵᠠᠩ ᠴᠢᠨᠠᠷ ᠲᠠᠢ ᠪᠣᠯᠣᠨ ᠬᠥᠮᠥᠵᠢᠬᠦ ᠳᠤ ᠮᠠᠰᠢ ᠲᠤᠰᠠᠲᠠᠢ ᠪᠣᠯᠬᠤᠷ ᠲᠠᠮᠢᠷ ᠤᠨ ᠬᠥᠳᠡᠯᠭᠡᠭᠡᠨ ᠤ ᠪᠣᠯᠪᠠᠰᠤᠷᠠᠯ ᠢ ᠬᠡᠦᠬᠡᠳ ᠪᠠᠭᠠᠴᠤᠳ ᠲᠤ ᠢᠯᠡᠭᠦᠬᠡᠨ ᠬᠢᠯᠬᠡᠵᠤ ᠲᠠᠰᠬᠠᠯᠵᠢᠭᠤᠯᠪᠠᠯ ᠵᠣᠬᠢᠨ᠎ᠠ ᠃ ᠬᠥᠯ ᠪᠥᠮᠪᠦᠭᠡ ᠂ ᠠᠯᠠᠭᠠᠳᠠᠬᠤ ᠪᠥᠮᠪᠦᠭᠡ ᠂ ᠬᠦᠴᠦᠨ ᠵᠠᠯᠭᠠᠵᠤ ᠭᠦᠶᠦᠬᠦ ᠂ ᠳᠡᠭᠡᠰᠦ ᠲᠠᠲᠠᠬᠤ ᠵᠡᠷᠭᠡ ᠬᠠᠮᠲᠤ ᠨᠡᠶᠢᠲᠡᠴᠢ ᠴᠢᠨᠠᠷ ᠲᠠᠢ ᠬᠥᠳᠡᠯᠭᠡᠭᠡᠨ ᠳᠤ ᠣᠷᠣᠯᠴᠠᠪᠠᠯ ᠭᠠᠭᠴᠠᠭᠠᠷᠳᠠᠮᠠᠯ ᠂ ᠵᠥᠷᠢᠭᠦᠳ ᠵᠠᠩ ᠠᠭᠠᠰᠢ ᠶᠢ ᠰᠠᠶᠢᠵᠢᠷᠠᠭᠤᠯᠵᠤ ᠨᠠᠶᠢᠵᠠ ᠨᠥᠬᠦᠳ ᠲᠠᠢ ᠪᠠᠨ ᠬᠠᠷᠢᠴᠠᠭ᠎ᠠ ᠪᠠᠨ ᠪᠠᠲᠤᠳᠬᠠᠵᠤ ᠂ ᠪᠦᠯᠬᠦᠮᠳᠡᠵᠦ ᠴᠢᠳᠠᠨ᠎ᠠ ᠃ ᠤᠰᠤᠨ ᠳᠤ ᠤᠮᠪᠠᠭᠤ ᠂ ᠮᠥᠰᠥᠨ ᠳᠤ ᠲᠠᠰᠢᠬᠤ ᠂ ᠨᠢᠳᠤᠷᠭᠠᠨ ᠲᠡᠮᠡᠴᠡᠭᠡᠨ ᠂ ᠪᠥᠬᠡ ᠪᠠᠷᠢᠯᠳᠤᠬᠤ ᠂ ᠲᠠᠩ ᠬᠤᠣᠰ ᠰᠠᠪᠠᠯᠠᠭᠤᠷ ᠵᠢᠴᠢ ᠬᠤᠯᠠ ᠬᠠᠷᠠᠶᠢᠯᠲᠠ ᠶᠢᠨ ᠲᠠᠮᠢᠷ ᠤᠨ ᠬᠥᠳᠡᠯᠭᠡᠭᠡᠨ ᠨᠢ ᠬᠠᠷᠰᠢ ᠰᠠᠭᠠᠳ ᠢ ᠲᠤᠭᠤᠯᠬᠤ ᠡᠷᠡᠮᠡᠬᠡᠢ ᠵᠣᠷᠢᠭ ᠲᠠᠢ ᠪᠤᠯᠭᠠᠵᠤ ᠢᠴᠢᠮᠡᠲᠡᠭᠡᠢ ᠪᠦᠷᠦᠭ ᠵᠠᠩ ᠢᠶᠠᠨ ᠬᠠᠯᠠᠬᠤ ᠳᠤ ᠰᠠᠶᠢᠨ ᠨᠥᠯᠥᠭᠡ ᠲᠠᠢ ᠂ ᠫᠢᠡᠭᠫᠤᠡᠭ ᠪᠥᠮᠪᠦᠭᠡ ᠂ ᠲᠣᠣᠷ ᠪᠥᠮᠪᠦᠭᠡ ᠂ ᠥᠳᠤᠨ ᠪᠥᠮᠪᠦᠭᠡ ᠂ ᠥᠨᠳᠥᠷ ᠦᠰᠦᠷᠬᠦ ᠂ ᠬᠤᠯᠠ ᠬᠠᠷᠠᠶᠢᠬᠤ ᠨᠢ ᠠᠵᠢᠯ ᠶᠠᠪᠤᠳᠠᠯ ᠬᠢᠬᠦ ᠳᠤ ᠡᠷᠡᠰ ᠲᠠᠰᠤᠷᠬᠠᠢ ᠥᠪᠡᠷᠮᠢᠴᠡ ᠴᠢᠨᠠᠷ ᠢ ᠬᠥᠮᠥᠵᠢᠭᠦᠯᠬᠦ ᠳᠤ ᠠᠴᠢ ᠲᠤᠰᠠᠲᠠᠢ ᠂ ᠰᠢᠲᠠᠷ᠎ᠠ ᠲᠠᠯᠪᠢᠬᠤ ᠂ ᠤᠳᠠᠭᠠᠨ ᠭᠦᠶᠦᠬᠦ ᠂ ᠬᠤᠯᠠ ᠠᠯᠬᠤᠬᠤ ᠨᠢ ᠥᠪᠡᠷ ᠢ ᠪᠠᠨ ᠡᠵᠡᠮᠳᠡᠬᠦ ᠬᠦᠯᠢᠴᠡᠩᠭᠦᠢ ᠯᠠᠪᠳᠠᠭᠤᠨ ᠵᠠᠩ ᠠᠭᠠᠰᠢ ᠶᠢ ᠪᠤᠢ ᠪᠣᠯᠭᠠᠨ᠎ᠠ ᠃ ᠬᠡᠪ ᠴᠢᠨᠠᠷ ᠤᠨ ᠪᠣᠯᠪᠠᠰᠤᠷᠠᠯ ᠣᠣᠷ ᠴᠢᠳᠠᠪᠤᠷᠢ ᠶᠢ ᠬᠥᠮᠥᠵᠢᠭᠦᠯᠬᠦ ᠳᠤ ᠬᠦᠴᠦ ᠲᠠᠯᠪᠢᠭ᠎ᠠ ᠤᠳᠤ ᠴᠠᠭ ᠤᠨ ᠭᠡᠷ ᠤᠨ ᠠᠬᠠᠮᠠᠳ ᠨᠠᠷ ᠬᠡᠦᠬᠡᠳ ᠢᠶᠠᠨ ᠪᠢᠲᠡᠭᠡᠢ ᠠᠩᠭ᠍ᠯᠢ ᠬᠡᠯᠡ ᠂ ᠬᠥᠭᠵᠢᠮ ᠂ ᠺᠤᠮᠫᠢᠦ᠋ᠲ᠋ᠧᠷ ᠲᠤ ᠤᠶᠠᠭᠠᠳ ᠪᠠᠶᠢᠭᠠᠷᠠᠢ ︕ ᠡᠯ᠎ᠡ ᠲᠥᠷᠤᠯ ᠤᠨ ᠲᠠᠮᠢᠷ ᠤᠨ ᠬᠥᠳᠡᠯᠭᠡᠭᠡᠨ ᠳᠤ ᠢᠳᠡᠪᠬᠢᠲᠡᠢ ᠣᠷᠣᠯᠴᠠᠭᠤᠯᠵᠤ ᠂ ᠡᠷᠡᠭᠦᠯ ᠴᠢᠭᠢᠷᠠᠭ ᠂ ᠰᠠᠶᠢᠨ ᠰᠠᠶᠢᠬᠠᠨ ᠵᠠᠩ ᠠᠭᠠᠰᠢ ᠲᠠᠢ ᠪᠣᠯᠭᠠᠨ ᠬᠥᠮᠥᠵᠢᠭᠦᠯᠦᠭᠡᠷᠡᠢ ︕   
ᠢᠷᠡᠯᠲᠡ᠄ ᠥᠪᠦᠷ ᠮᠣᠩᠭᠤᠯ ᠤᠨ ᠡᠳᠦᠷ ᠤᠨ ᠰᠣᠨᠢᠨ